ᠬᠠᠨ ᠪᠤᠮᠪᠠᠳᠤ ᠨᠢᠰᠬᠦ ᠪᠠᠭᠤᠳᠠᠯ
ᠬᠠᠨ ᠪᠤᠮᠪᠠᠳᠤ ᠨᠢᠰᠬᠦ ᠪᠠᠭᠤᠳᠠᠯ ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤ ᠶᠢᠨ ᠨᠤᠲᠤᠭ ᠳᠡᠪᠢᠰᠬᠡᠷ ᠲᠦ ᠣᠷᠣᠰᠢᠳᠠᠭ᠃ ᠨᠢᠰᠬᠦ ᠪᠠᠭᠤᠳᠠᠯ 240 ᠵᠣᠷᠴᠢᠭᠴᠢ ᠳᠤ ᠦᠢᠯᠡᠴᠢᠯᠡᠬᠦ ᠬᠦᠴᠦᠨ ᠴᠢᠳᠠᠯ ᠲᠠᠢ᠃ ᠤᠷᠠᠨ ᠪᠠᠷᠢᠯᠭᠠᠴᠢ ᠫ ∙ ᠠᠷᠢᠭᠤᠨᠪᠣᠯᠣᠳ᠂ ᠭ ∙ ᠭᠠᠩᠲᠤᠶᠠᠭ᠎ᠠ ᠨᠠᠷ ᠤᠨ ᠲᠥᠰᠥᠯ ᠢᠶᠡᠷ᠂ ᠣᠭ᠌ᠶᠤ ᠲᠣᠯᠣᠭᠠᠢ ᠻᠣᠮᠫᠠᠨᠢ ᠶᠢᠨ ᠵᠠᠬᠢᠶᠠᠯᠠᠭ᠎ᠠ ᠪᠠᠷ 2012 ᠣᠨ ᠳᠤ ᠪᠠᠷᠢᠭᠳᠠᠭᠰᠠᠨ᠃ ᠶᠡᠷᠦᠩᠬᠡᠢ ᠵᠠᠭᠪᠤᠷ ᠨᠢ ᠮᠣᠩᠭᠣᠯ ᠬᠡᠪ ᠮᠠᠶᠢᠭ ᠢ ᠢᠯᠡᠷᠬᠡᠶᠢᠯᠡᠭᠰᠡᠨ᠃ ᠣᠭ᠌ᠶᠤ ᠲᠣᠯᠣᠭᠠᠢ ᠻᠣᠮᠫᠠᠨᠢ ᠶᠢᠨ ᠡᠮᠦᠨᠡᠬᠢ ᠨᠢᠰᠬᠦ ᠪᠠᠭᠤᠳᠠᠯ ᠤᠨ ᠵᠣᠷᠴᠢᠭᠴᠢ ᠦᠢᠯᠡᠴᠢᠯᠡᠭᠡᠨ ᠦ ᠪᠠᠷᠢᠯᠭ᠎ᠠ ᠮᠣᠩᠭᠣᠯ ᠭᠡᠷ ᠪᠠᠶᠢᠭᠰᠠᠨ ᠪᠥᠭᠡᠳ ᠭᠠᠳᠠᠭᠠᠳᠤ ᠳᠣᠲᠣᠭᠠᠳᠤ ᠶᠢᠨ ᠵᠣᠷᠴᠢᠭᠴᠢᠳ ᠳᠤᠭᠤᠢ ᠬᠡᠯᠪᠡᠷᠢ ᠲᠡᠢ ᠭᠡᠷ ᠲᠦ ᠨᠢᠰᠦᠯᠭᠡ ᠪᠡᠨ ᠪᠦᠷᠢᠳᠬᠡᠭᠦᠯᠵᠦ᠂ ᠣᠩᠭᠣᠴᠠ ᠪᠠᠨ ᠬᠦᠯᠢᠶᠡᠩᠭᠡ ᠻᠣᠹᠧ ᠤᠤᠭᠤᠵᠤ᠂ ᠲᠧᠯᠧᠸᠢᠽ ᠦᠵᠡᠨ ᠪᠤᠢ ᠨᠢ ᠰᠣᠨᠢᠷᠬᠠᠯᠲᠠᠢ ᠰᠠᠨᠠᠭᠳᠠᠭᠰᠠᠨ ᠪᠥᠭᠡᠳ ᠡᠨᠡᠬᠦ ᠪᠠᠶᠢᠳᠠᠯ ᠢ ᠬᠠᠳᠠᠭᠠᠯᠠᠨ᠂ ᠣᠷᠴᠢᠨ ᠦᠶ᠎ᠡ ᠶᠢᠨ ᠲᠣᠬᠢᠵᠢᠯᠲᠠ ᠶᠢᠨ ᠬᠡᠪ ᠮᠠᠶᠢᠭ᠂ ᠲᠡᠷᠡᠴᠢᠯᠡᠨ ᠠᠷᠬᠢᠲ᠋ᠧᠻᠲ᠋ᠦ᠋ᠷ ᠲᠤ ᠬᠥᠷᠪᠡᠭᠦᠯᠬᠦ ᠶᠢ ᠬᠢᠴᠢᠶᠡᠨ ᠲᠥᠯᠥᠪᠯᠡᠭᠰᠡᠨ᠃ ᠢᠷᠡᠬᠦ ᠪᠤᠴᠠᠬᠤ ᠵᠣᠷᠴᠢᠭᠴᠢᠳ ᠤᠨ ᠲᠠᠩᠬᠢᠮ ᠤᠳ ᠤᠨ ᠲᠠᠭᠠᠵᠠᠨ ᠤ ᠰᠢᠢᠳᠦᠯ ᠢ ᠡᠯᠡᠰᠦᠨ ᠮᠠᠩᠬᠠᠨ ᠨᠤᠭᠤᠳ ᠢ ᠳᠠᠭᠤᠷᠢᠶᠠᠯᠭᠠᠨ ᠬᠡᠯᠪᠡᠷᠢᠵᠢᠭᠦᠯᠵᠦ ᠰᠢᠭᠤᠳ ᠪᠤᠰᠤ ᠲᠤᠰᠬᠠᠯ ᠲᠠᠢ ᠭᠡᠷᠡᠯ ᠦᠨ ᠰᠢᠰᠲ᠋ᠧᠮ ᠢᠶᠡᠷ ᠲᠣᠨᠣᠭᠯᠠᠭᠰᠠᠨ ᠨᠢ ᠣᠷᠣᠨ ᠵᠠᠢ ᠶᠢᠨ ᠬᠤᠪᠢ ᠳᠤ ᠠᠭᠤᠵᠢᠮ ᠰᠡᠳᠬᠢᠭᠳᠡᠯ ᠲᠥᠷᠥᠭᠦᠯᠬᠦ ᠵᠣᠷᠢᠯᠭ᠎ᠠ ᠲᠠᠢ᠃ ᠪᠦᠬᠦᠢ ᠯᠠ ᠲᠠᠩᠬᠢᠮ ᠤᠳ ᠤᠨ ᠱᠠᠯᠠ ᠶᠢ ᠡᠯᠡᠰᠦᠨ ᠰᠢᠷᠬᠡᠭ ᠢ ᠰᠠᠨᠠᠭᠳᠠᠭᠤᠯᠤᠮ᠎ᠠ ᠪᠠᠶᠢᠭᠠᠯᠢ ᠊ᠢᠢᠨ ᠴᠢᠯᠠᠭᠤᠨ ᠬᠠᠪᠲᠠᠩ ᠢᠶᠠᠷ ᠥᠩᠭᠡᠯᠡᠵᠦ ᠵᠣᠷᠴᠢᠭᠴᠢᠳ ᠤᠨ ᠴᠢᠭᠯᠡᠯ ᠢ ᠲᠣᠳᠣᠷᠠᠭᠤᠯᠬᠤ ᠵᠣᠷᠢᠯᠭ᠎ᠠ ᠲᠠᠢ ᠰᠠᠷᠠᠯ ᠥᠩᠭᠡ ᠶᠢᠨ ᠴᠢᠯᠠᠭᠤᠨ ᠬᠠᠪᠲᠠᠩ ᠡᠮᠵᠢᠶᠡᠷᠢ᠂ ᠬᠤᠪᠢᠶᠠᠷᠢᠯᠠᠯᠲᠠ ᠨᠤᠭᠤᠳ ᠢ ᠰᠢᠭᠢᠳᠬᠡᠭᠰᠡᠨ᠃ ᠭᠣᠣᠯ ᠲᠠᠩᠬᠢᠮ ᠢ ᠪᠠᠶᠢᠭᠠᠯᠢ ᠊ᠢᠢᠨ ᠭᠡᠷᠡᠯ ᠰᠢᠭᠤᠳ ᠨᠡᠪᠲᠡᠷᠡᠭᠦᠯᠬᠦ ᠲᠣᠭᠣᠨᠣ᠂ ᠭᠡᠷᠡᠯᠲᠦ ᠪᠠᠭᠠᠨ᠎ᠠ ᠶᠢᠨ ᠲᠣᠯᠣᠭᠠᠢ ᠶᠢᠨ ᠴᠢᠮᠡᠭᠯᠡᠯ᠂ ᠳᠠᠯᠳᠠ ᠭᠡᠷᠡᠯᠲᠦᠭᠦᠯᠭᠡ ᠪᠦᠬᠦᠢ ᠤᠨᠢ ᠵᠡᠷᠭᠡ ᠮᠣᠩᠭᠣᠯ ᠭᠡᠷ ᠦᠨ ᠦᠨᠳᠦᠰᠦᠨ ᠡᠯᠧᠮᠧᠨᠲ ᠦᠳ ᠢ ᠳᠦᠷᠰᠦᠯᠡᠨ ᠡᠨᠡᠬᠦ ᠠᠭᠤᠷ ᠠᠮᠢᠰᠬᠤᠯ ᠢ ᠠᠯᠳᠠᠭᠳᠠᠭᠤᠯᠬᠤ ᠦᠭᠡᠢ ᠵᠣᠷᠢᠯᠭ᠎ᠠ ᠪᠠᠷ ᠲᠤᠰᠠᠯᠠᠬᠤ ᠬᠠᠨ᠎ᠠ ᠨᠤᠭᠤᠳ ᠢ ᠰᠢᠯᠢᠨ ᠬᠠᠨ᠎ᠠ ᠶᠢᠨ ᠰᠢᠰᠲ᠋ᠧᠮ ᠢᠶᠡᠷ ᠲᠠᠩᠬᠢᠮ ᠢ ᠪᠦᠷᠢᠨ ᠲᠠᠰᠤᠯᠠᠬᠤ ᠦᠭᠡᠢ ᠲᠦᠪᠰᠢᠨ ᠳᠦ ᠬᠢᠵᠠᠭᠠᠷᠯᠠᠨ ᠠᠳᠠᠯᠢ ᠥᠨᠳᠥᠷ ᠪᠦᠬᠦᠢ ᠲᠠᠪᠢᠯᠭ᠎ᠠ ᠨᠤᠭᠤᠳ ᠢ ᠰᠠᠭᠤᠷᠢᠯᠠᠭᠤᠯᠤᠭᠰᠠᠨ᠃
ᠪᠦᠬᠦᠢ ᠯᠠ ᠲᠠᠩᠬᠢᠮ ᠤᠳ ᠢ ᠲᠤᠰᠠᠭᠠᠷᠯᠠᠬᠤ ᠬᠠᠨ᠎ᠠ ᠨᠤᠭᠤᠳ ᠢ ᠬᠠᠷᠠᠭᠠᠨ ᠤ ᠲᠦᠪᠰᠢᠨ ᠳᠦ ᠰᠢᠯᠢᠨ ᠪᠠᠶᠢᠬᠤ ᠪᠠᠷ ᠰᠢᠢᠳᠡᠭᠰᠡᠨ ᠨᠢ ᠭᠣᠣᠯ ᠲᠠᠩᠬᠢᠮ ᠪᠣᠯᠤᠨ ᠦᠨᠳᠦᠰᠦᠨ ᠲᠠᠩᠬᠢᠮ ᠤᠳ ᠢ ᠬᠤᠯᠪᠤᠬᠤ ᠻᠣᠷᠢᠳᠣᠷ ᠤᠨ ᠪᠠᠶᠢᠭᠠᠯᠢ ᠊ᠢᠢᠨ ᠭᠡᠷᠡᠯᠲᠦᠭᠦᠯᠭᠡ ᠲᠡᠢ ᠬᠣᠷᠰᠢᠨ ᠠᠭᠤᠳᠠᠮ ᠣᠷᠣᠨ ᠵᠠᠢ ᠮᠡᠳᠡᠷᠡᠭᠦᠯᠬᠦ ᠵᠣᠷᠢᠯᠭ᠎ᠠ ᠲᠠᠢ᠃
ᠵᠢᠷᠣᠭ ᠊ᠤᠨ ᠴᠣᠮᠣᠷᠯᠢᠭ