ᠻᠸᠠᠨ᠍ᠲ ᠲᠣᠭᠠᠴᠠᠯᠠᠯ

Wikibilig-с
23:44, 9 Нэгдүгээр сар 2021-ий байдлаарх Wikibilig (яриа | оруулсан хувь нэмэр) хэрэглэгчийн хийсэн залруулга

ᠻᠸᠠᠨ᠍ᠲ  ᠤᠨ ᠲᠣᠭᠠᠴᠠᠯᠠᠯ

ᠻᠸᠠᠨ᠍ᠲ᠋ ᠲᠣᠭᠠᠴᠠᠭᠠᠯᠠᠯ ᠨᠢ ᠻᠸᠠᠨ᠍ᠲ  ᠤᠨ ᠹᠢᠽᠢᠻ  ᠤᠨ ᠳᠠᠪᠬᠤᠴᠠᠯsuperposition᠂ ᠣᠷᠢᠶᠠᠴᠠᠯᠳᠤᠭᠠᠨentanglement ᠭᠡᠬᠦ ᠴᠢᠨᠠᠷ  ᠤᠳ  ᠢ ᠠᠰᠢᠭᠯᠠᠨ ᠲᠣᠭᠠᠴᠠᠯᠠᠯ ᠬᠢᠬᠦ ᠠᠷᠭ᠎ᠠ ᠶᠤᠮ᠃ ᠡᠨᠡᠬᠦ ᠰᠠᠨᠠᠭ᠎ᠠ ᠨᠢ 1980 ᠣᠨ  ᠤ ᠡᠬᠢ ᠪᠡᠷ ᠫᠠᠣᠯ ᠪᠧᠨᠢᠣᠹᠹPaul Benioff  ᠤᠨ ᠲᠠᠯᠪᠢᠭᠰᠠᠨ Turing Machine  ᠤ ᠻᠸᠠᠨ᠍ᠲ᠋ ᠵᠠᠭᠪᠤᠷᠢ ᠡᠴᠡ ᠡᠭᠦᠳᠡᠯᠲᠡᠢ᠃ ᠻᠸᠠᠨ᠍ᠲ᠋ ᠲᠣᠭᠠᠴᠠᠯᠠᠯ ᠬᠢᠳᠡᠭ ᠲᠥᠬᠦᠭᠡᠷᠦᠮᠵᠢ  ᠢᠢ ᠻᠸᠠᠨ᠍ᠲ᠋ ᠻᠣᠮᠫᠶᠦ᠋ᠲ᠋ᠧᠷcomputer ᠭᠡᠳᠡᠭ᠃

ᠻᠶᠦ᠋ᠪᠢᠲ


ᠬᠢᠨᠠᠯᠲᠠ ᠲᠠᠢ ᠪᠥᠭᠡᠮᠰ ᠪᠠ ᠬᠢᠨᠠᠯᠲᠠ ‍ᠢᠢᠨ ᠬᠡᠷᠡᠭᠰᠡᠯ ᠡᠴᠡ ᠻᠶᠦ᠋ᠪᠢᠲqubit ‍ᠦᠳ ᠪᠦᠷᠢᠳᠦᠨ᠎ ‍ᠡ᠋᠃ ᠬᠢᠨᠠᠯᠲᠠ ‍ᠢᠢᠨ ᠬᠡᠷᠡᠭᠰᠡᠯ ᠪᠥᠭᠡᠮᠰ ‍ᠢ ᠰᠠᠭᠠᠲᠠᠭᠤᠯᠤᠨ ᠪᠠᠷᠢᠵᠤ᠂ ᠨᠢᠭᠡ ᠲᠥᠯᠦᠪ ᠡᠴᠡ ᠨᠥᠭᠦᠭᠡ ᠲᠥᠯᠦᠪ ᠲᠦ ᠰᠢᠯᠵᠢᠭᠦᠯᠦᠨ᠎ ‍ᠡ᠋᠃ ᠡᠭᠦᠨ ‍ᠢ ᠬᠡᠷᠡᠭᠵᠢᠭᠦᠯᠬᠦ 4 ᠪᠣᠯᠤᠮᠵᠢᠲᠤ ᠬᠤᠪᠢᠯᠪᠤᠷᠢ ᠪᠠᠢᠢᠨ᠎ ‍ᠠ᠋᠃ 1. ᠢᠣᠨion᠎ ᠤᠷᠠᠬ᠎ᠠ᠂ 2. ᠻᠸᠠᠨ᠍ᠲ ᠴᠡᠭ᠂ 3. ᠬᠠᠭᠠᠰ ᠳᠠᠮᠵᠢᠭᠤᠯᠤᠭᠴᠢ ᠳ᠋ᠠᠬᠢ ᠬᠣᠯᠢᠴᠠ᠂ 4. ᠬᠡᠲᠦ ᠳᠠᠮᠵᠢᠭᠤᠯᠤᠭᠴᠢ ᠬᠡᠯᠬᠢᠶ ‍ᠡ᠋


ᠪᠢᠳᠡᠨ  ᠤ ᠻᠣᠮᠫᠶᠦ᠋ᠲ᠋ᠧᠷ ᠲᠣᠭᠠᠴᠠᠯᠠᠯ ᠬᠢᠬᠦ  ᠳᠡᠭᠡᠨ ᠪᠢᠲ ᠪᠤᠶᠤ ᠴᠡᠨᠡᠭ ᠲᠡᠢ ᠡᠰᠡᠪᠡᠯ ᠴᠡᠨᠡᠭ ᠦᠭᠡᠢ ᠲᠷᠠᠨ᠍ᠽᠢᠰᠲ᠋ᠣᠷtransistor ᠠᠰᠢᠭᠯᠠᠳᠠᠭ ᠪᠣᠯ ᠻᠸᠠᠨ᠍ᠲ᠋ ᠻᠣᠮᠫᠶᠦ᠋ᠲ᠋ᠧᠷ ᠻᠶᠦ᠋ᠪᠢᠲqubit ᠠᠰᠢᠭᠯᠠᠳᠠᠭ᠃ ᠻᠶᠦ᠋ᠪᠢᠲ ᠭᠡᠳᠡᠭ ᠨᠢ ᠡᠯᠧᠻᠲ᠋ᠷᠣᠨelectron ᠡᠰᠡᠪᠡᠯ ᠫᠾᠣᠲ᠋ᠣᠨphoton ᠭᠡᠬᠦ ᠮᠡᠲᠦ ᠪᠥᠭᠡᠮᠰ ᠪᠠᠢᠢᠵᠤ ᠪᠣᠯᠤᠨ᠎ᠠ᠃ ᠵᠢᠱᠢᠢ᠎ᠡ ᠨᠢ ᠡᠯᠧᠻᠲ᠋ᠷᠣᠨ  ᠤ ᠰᠫᠢᠨ᠍spin (ᠳᠡᠭᠡᠭᠰᠢ ᠡᠰᠡᠪᠡᠯ ᠳᠣᠭᠤᠭᠰᠢ)  ᠶᠢᠠᠷ ᠻᠶᠦ᠋ᠪᠢᠲ  ᠤᠨ ᠤᠳᠬ᠎ᠠ  ᠢ ᠢᠯᠡᠷᠬᠡᠶ᠋ᠢᠯᠡᠵᠦ ᠪᠣᠯᠤᠨ᠎ᠠ᠃ ᠻᠶᠦ᠋ᠪᠢᠲ ᠬᠣᠶᠠᠷ ᠲᠦᠯᠦᠪ ᠲᠤᠷ ᠵᠡᠷᠭᠡ ᠪᠠᠢᠢᠬᠤ ᠪᠣᠯᠣᠮᠵᠢᠲᠠᠢ᠃ ᠤᠴᠢᠷ ᠨᠢ ᠻᠸᠠᠨ᠍ᠲ᠋ ᠳᠠᠪᠬᠤᠴᠠᠯ ᠭᠡᠳᠡᠭ ᠴᠢᠨᠠᠷ ᠲᠤᠷ ᠠᠯᠢᠪᠠ ᠪᠢᠢ᠎ᠡ ᠠᠵᠢᠭᠯᠠᠭᠠᠳᠦᠢ ᠦᠢ᠎ᠡ ᠳ᠋ᠤᠷ ᠲᠦᠯᠦᠪ ᠨᠢ ᠲᠣᠳᠤᠷᠬᠠᠶ ᠪᠢᠰᠢ ᠪᠠᠢᠢᠳᠠᠭ᠃ ᠦᠭᠡᠷ᠎ᠡ ᠪᠡᠷ ᠪᠣᠯ ᠴᠡᠨᠡᠭᠲᠡᠢ ᠪᠦᠭᠡᠳ ᠴᠡᠨᠡᠭ ᠦᠭᠡᠢ ᠬᠣᠶᠭᠤᠯᠠ᠃ ᠬᠠᠷᠢᠨ ᠬᠡᠷᠡᠭᠯᠡᠭᠴᠢ  ᠶᠢᠨ ᠥᠭᠭᠦᠭᠳᠡᠯ ᠡᠴᠡ ᠬᠠᠮᠢᠶᠠᠷᠠᠨ ᠬᠡᠷᠡᠭᠴᠡᠭᠡᠲᠡ ᠤᠳᠬ᠎ᠠ ᠰᠢᠭᠤᠳ ᠭᠠᠷᠤᠨ᠎ᠠ᠃ ᠻᠸᠠᠨ᠍ᠲ᠋ ᠣᠷᠢᠶᠠᠴᠠᠯᠳᠤᠭᠠᠨ ᠡᠴᠡ ᠡᠭᠦᠳᠡᠨ ᠣᠷᠢᠶᠠᠴᠠᠯᠳᠤᠭᠰᠠᠨ ᠻᠶᠦ᠋ᠪᠢᠲ  ᠦᠳ  ᠤᠨ ᠤᠳᠬ᠎ᠠ ᠨᠢᠭᠡᠨ  ᠢᠢ ᠪᠠᠨ ᠳᠠᠭᠠᠨ ᠦᠭᠡᠷᠡᠴᠢᠯᠡᠭᠳᠡᠨ᠎ᠡ᠃

ᠻᠢᠪᠧᠷ ᠠᠶᠤᠯ ᠦᠭᠡᠢ ᠪᠠᠢᠢᠳᠠᠯ ᠪᠠ ᠻᠸᠠᠨ᠍ᠲ᠋ ᠻᠣᠮᠫᠶᠦ᠋ᠲ᠋ᠧᠷ

ᠻᠸᠠᠨ᠍ᠲ᠋ ᠻᠣᠮᠫᠶᠦ᠋ᠲ᠋ᠧᠷ ᠭᠠᠷᠴᠤ ᠢᠷᠡᠭᠰᠡᠨ  ᠶᠢᠠᠷ ᠪᠢᠳᠡᠨ  ᠤ ᠮᠡᠳᠡᠭᠡᠯᠡᠯ  ᠤᠨ ᠠᠶᠤᠯ ᠦᠭᠡᠢ ᠪᠠᠢᠢᠳᠠᠯ ᠦᠭᠡᠢ ᠪᠣᠯᠤᠨ᠎ᠠ᠃ ᠪᠢᠳᠡᠨ  ᠤ ᠮᠡᠳᠡᠭᠡᠯᠡᠯ  ᠶᠢᠠᠨ ᠨᠢᠭᠤᠴᠠᠯᠠᠬᠤ ᠳ᠋ᠤᠷ ᠠᠰᠢᠭᠯᠠᠳᠠᠭ ᠲᠦᠯᠬᠢᠭᠦᠷ ᠨᠢ ᠬᠣᠶᠠᠷ ᠠᠩᠬᠠᠳᠠᠭᠴᠢ ᠲᠣᠭ᠎ᠠ  ᠶᠢᠨ ᠦᠷᠡᠵᠢᠪᠦᠷᠢ ᠪᠠᠢᠢᠳᠠᠭ᠃ ᠤᠴᠢᠷ ᠨᠢ ᠲᠣᠭ᠎ᠠ  ᠢᠢ ᠵᠦᠪᠬᠡᠨ ᠲᠤᠬᠠᠢ  ᠶᠢᠨ ᠬᠣᠶᠠᠷ ᠠᠩᠬᠠᠳᠠᠭᠴᠢ ᠲᠣᠭ᠎ᠠ  ᠶᠢ ᠠᠰᠢᠭᠯᠠᠨ ᠭᠠᠷᠭᠠᠵᠤ ᠠᠪᠤᠬᠤ ᠪᠣᠯᠣᠮᠵᠢᠲᠠᠢ ᠶᠤᠮ᠃ ᠡᠨᠡ ᠨᠢ ᠬᠢᠬᠦ  ᠳᠤ ᠠᠮᠤᠷᠬᠠᠨ ᠪᠣᠯᠪᠠᠴᠤ ᠪᠤᠴᠠᠭᠠᠬᠤ  ᠳᠤᠷ ᠮᠠᠰᠢ ᠬᠡᠴᠡᠭᠦᠦ᠂ ᠶᠡᠬᠡ ᠬᠤᠭᠠᠴᠠᠭ᠎ᠠ᠂ ᠲᠣᠭᠠᠴᠠᠭᠠᠯᠠᠬᠤ ᠬᠦᠴᠦᠨ ᠴᠢᠳᠠᠯ ᠱᠠᠭᠠᠷᠳᠠᠨ᠎ᠠ᠃ ᠲᠣᠭ᠎ᠠ  ᠶᠢ ᠣᠯᠬᠤ  ᠳᠤᠷ ᠣᠳᠤ  ᠶᠢᠨ ᠻᠣᠮᠫᠶᠦ᠋ᠲ᠋ᠧᠷ ᠮᠠᠰᠢ ᠶᠡᠬᠡ ᠬᠤᠭᠣᠴᠠᠭ᠎ᠠ  ᠶᠢ ᠵᠠᠷᠤᠴᠠᠭᠤᠯᠬᠤ ᠪᠣᠯ ᠻᠸᠠᠨ᠍ᠲ᠋ ᠻᠣᠮᠫᠶᠦ᠋ᠲ᠋ᠧᠷ  ᠬᠡᠳᠦᠬᠡᠨ ᠬᠣᠷᠤᠮ  ᠤᠨ ᠲᠣᠲᠤᠷ᠎ᠠ ᠣᠯᠤᠨ᠎ᠠ᠃ ᠵᠢᠱᠢᠢ᠎ᠡ ᠨᠢ ᠻᠸᠠᠨ᠍ᠲ᠋ ᠻᠣᠮᠫᠶᠦ᠋ᠲ᠋ᠧᠷ n ᠵᠦᠢᠯ ᠬᠠᠢᠢᠬᠤ ᠦᠢᠯᠳᠡᠯ  ᠢ ᠣᠳᠤ  ᠶᠢᠨ ᠻᠣᠮᠫᠶᠦ᠋ᠲ᠋ᠧᠷ √n ᠦᠢᠯᠡᠳᠤᠯ ᠬᠢᠬᠦ ᠬᠤᠷᠳᠤ ᠪᠠᠷ ᠬᠢᠳᠡᠭ ᠪᠠᠢᠢᠨ᠎ᠠ᠃ ᠪᠢᠳᠡᠨ  ᠤ ᠻᠣᠮᠫᠶᠦ᠋ᠲ᠋ᠧᠷ  ᠤᠨ 100 ᠵᠢᠯ ᠲᠠᠢᠢᠯᠬᠤ ᠻᠣᠳ᠋  ᠢ ᠬᠡᠳᠦᠬᠡᠨ ᠡᠳᠦᠷ ᠲᠤᠷ ᠲᠠᠢᠢᠯᠵᠤ ᠴᠢᠳᠠᠨ᠎ᠠ᠃ ᠭᠡᠪᠴᠢ ᠣᠳᠤ ᠪᠠᠷ ᠪᠢᠳᠡ ᠻᠸᠠᠨ᠍ᠲ᠋ ᠻᠣᠮᠫᠶᠦ᠋ᠲ᠋ᠧᠷ  ᠢ ᠬᠡᠷᠡᠭᠯᠡᠭᠡᠨ  ᠳᠤᠷ ᠠᠰᠢᠭᠯᠠᠬᠤ ᠡᠴᠡ ᠬᠣᠯᠠ ᠪᠠᠢᠢᠨ᠎ᠠ᠃

ᠣᠳᠤ ᠪᠢᠳᠡᠨ  ᠳᠤᠷ ᠪᠤᠢ ᠻᠸᠠᠨ᠍ᠲ᠋ ᠻᠣᠮᠫᠢᠶᠦ᠋ᠲ᠋ᠧᠷ


512 ᠻᠶᠦ᠋ᠪᠢᠲ ᠲᠡᠢ ᠸᠧᠰᠤᠸᠢᠤᠰ ᠴᠢᠫ  ᠤᠨ ᠵᠢᠷᠤᠭ


ᠳᠡᠯᠡᠬᠡᠢ   ᠶᠢᠨ ᠬᠠᠮᠤᠭ  ᠤᠨ ᠬᠦᠴᠦᠷᠬᠡᠭ ᠻᠸᠠᠨ᠍ᠲ᠋ ᠻᠣᠮᠫᠶᠦ᠋ᠲ᠋ᠧᠷ ᠪᠣᠯ ᠭᠦ᠋ᠦ᠋ᠭ᠌ᠯGoogle  ᠤᠨ ᠵᠣᠬᠢᠶᠠᠭᠰᠠᠨ ᠰᠢᠻᠠᠮᠣᠷSycamore ᠶᠤᠮ᠃ ᠲᠡᠳᠡ ᠡᠨᠡᠬᠦ 53 ᠻᠶᠦ᠋ᠪᠢᠲ ᠲᠡᠢ ᠻᠸᠠᠨ᠍ᠲ᠋ ᠻᠣᠮᠫᠶᠦ᠋ᠲ᠋ᠧᠷ  ᠶᠢᠠᠷ  ᠶᠢᠠᠨ ᠡᠩ  ᠤᠨ ᠻᠣᠮᠫᠶᠦ᠋ᠲ᠋ᠧᠷ 10000 ᠵᠢᠯ ᠬᠢᠬᠦ ᠲᠣᠭᠠᠴᠠᠯᠠᠯ  ᠢ 200 ᠣᠷᠴᠢᠮ ᠰᠧᠻᠦ᠋ᠨ᠍ᠳ᠋ ᠲᠤᠷ ᠬᠢᠭᠰᠡᠨ ᠪᠠᠢᠢᠨ᠎ᠠ᠃ ᠡᠨᠡ ᠨᠢ 1.5 ᠲᠷᠢᠯᠯᠢᠶᠣᠨ (ᠶᠡᠬᠡ ᠨᠠᠶᠤᠳ) ᠳᠠᠬᠢᠨ ᠶᠡᠬᠡ ᠬᠤᠷᠳᠤ ᠶᠤᠮ᠃

ᠡᠬᠢ ᠰᠤᠷᠪᠤᠯᠵᠢ

Live Science - Google's Quantum Computer Just Aced an 'Impossible' Test
ᠸᠢᠻᠢᠫᠧᠳᠢᠠ - ᠻᠸᠠᠨ᠍ᠲ  ᠤᠨ ᠲᠣᠭᠠᠴᠠᠯᠠᠯ