Болор
Монгол бичгийн том харагдацтай тигийг (фонт) энэ холбоосоос татаж авна уу
ᠪᠣᠯᠣᠷ ᠫᠧᠭᠮᠠᠲ᠋ᠢᠲ ᠭᠠᠷᠤᠯ ᠲᠠᠢ ᠴᠢᠯᠠᠭᠤᠨ ᠳᠤ᠂ ᠲᠡᠷᠡ ᠲᠤᠰᠤᠮ ᠢᠶᠠᠨ ᠪᠣᠷᠵᠢᠨ ᠳᠤ ᠶᠡᠬᠡ ᠪᠠᠶᠢᠳᠠᠭ᠃ ᠪᠣᠯᠣᠷ ᠨᠢ ᠶᠡᠬᠡ ᠲᠣᠮᠣ ᠬᠡᠮᠵᠢᠶ᠎ᠡ ᠲᠡᠢ ᠪᠠᠶᠢᠬᠤ ᠨᠢ ᠬᠣᠪᠣᠷ ᠪᠥᠭᠡᠳ ᠭᠣᠷᠭᠢ ᠠᠴᠠ ᠤᠷᠲᠤ ᠪᠠᠷ ᠢᠶᠠᠨ 1 ᠮᠧᠲ᠋ᠧᠷ ᠭᠠᠷᠤᠢ᠂ ᠭᠣᠣᠯᠴᠢ ᠪᠠᠷ ᠢᠶᠠᠨ 70 ᠰᠠᠨᠲ᠋ᠢᠮᠧᠲ᠋ᠧᠷ ᠣᠷᠴᠢᠮ ᠣᠯᠳᠠᠭᠰᠠᠨ ᠨᠢ ᠳᠡᠯᠡᠬᠡᠢ ᠳᠦ ᠲᠣᠮᠣ ᠪᠣᠯᠣᠷ ᠤᠨ ᠲᠣᠭᠠᠨ ᠳᠤ ᠤᠷᠤᠬᠤ ᠶᠤᠮ᠃ ᠣᠫᠲ᠋ᠢᠻ ᠤᠨ ᠮᠠᠰᠢ ᠴᠡᠪᠡᠷ ᠻᠦᠠᠷᠴ ᠪᠤᠶᠤ ᠪᠣᠯᠣᠷ ᠤᠨ 1 ᠻᠢᠯᠣᠭᠷᠠᠮ ᠴᠤᠯ ᠪᠯᠣᠻ ᠨᠢ ᠣᠯᠠᠨ ᠤᠯᠤᠰ ᠤᠨ ᠵᠠᠬ᠎ᠠ ᠵᠡᠭᠡᠯᠢ ᠳᠡᠭᠡᠷ᠎ᠡ 1000 ᠳ᠋ᠣᠯᠯᠠᠷ ᠬᠦᠷᠡᠳᠡᠭ ᠭᠡᠰᠡᠨ ᠮᠡᠳᠡᠭᠡ ᠪᠤᠢ᠃ ᠰᠠᠶᠢᠨ ᠴᠢᠨᠠᠷ ᠤᠨ ᠪᠣᠯᠣᠷ ᠪᠷᠠᠽᠢᠯ᠂ ᠮᠠᠳᠠᠭᠠᠰᠻᠠᠷ᠂ ᠠᠮᠧᠷᠢᠻᠠ ᠶᠢᠨ ᠨᠢᠭᠡᠳᠦᠭᠰᠡᠨ ᠤᠯᠤᠰ ᠵᠡᠷᠭᠡ ᠣᠯᠠᠨ ᠭᠠᠵᠠᠷ ᠠᠴᠠ ᠣᠯᠳᠠᠳᠠᠭ ᠪᠥᠭᠡᠳ ᠮᠠᠨ ᠤ ᠣᠷᠣᠨ ᠤ ᠬᠤᠪᠢ ᠳᠤ ᠪᠣᠯᠣᠷ ᠤᠨ ᠬᠡᠷᠡᠭᠴᠡᠭᠡ ᠤᠯᠠᠮ ᠨᠡᠮᠡᠭᠳᠡᠵᠦ ᠪᠠᠶᠢᠭ᠎ᠠ ᠪᠣᠯᠤᠨ ᠦᠨ᠎ᠡ ᠶᠡᠬᠡ ᠲᠡᠢ ᠶᠢ ᠬᠠᠷᠠᠭᠠᠯᠵᠠᠨ ᠲᠡᠭᠦᠨ ᠢ ᠨᠡᠮᠡᠵᠦ ᠬᠠᠶᠢᠬᠤ᠂ ᠣᠯᠪᠤᠷᠢᠯᠠᠬᠤ᠂ ᠵᠣᠬᠢᠬᠤ ᠬᠡᠮᠵᠢᠶ᠎ᠡ ᠪᠡᠷ ᠪᠣᠯᠪᠠᠰᠤᠷᠠᠭᠤᠯᠬᠤ ᠳᠤ ᠠᠩᠬᠠᠷᠬᠤ ᠬᠡᠷᠡᠭᠲᠡᠢ ᠶᠤᠮ᠃
ᠡᠬᠢ
ᠰᠤᠷᠪᠤᠯᠵᠢ
mongolchess.com/gems
ᠰᠡᠳᠬᠢᠭᠳᠡᠯ
<Comments/>
ᠲᠦᠯᠬᠢᠭᠦᠷ
ᠦᠭᠡᠰ
quartz
crystal
кварц
усан болор