ᠨᠢᠮᠪᠡᠭᠡ ᠶ᠋ᠢᠨ ᠬᠦᠴᠢᠯ ᠦᠨ ᠮᠥᠴᠡᠯᠭᠡ
ᠨᠢᠮᠪᠡᠭᠡ ᠶ᠋ᠢᠨ ᠬᠦᠴᠢᠯ ᠦᠨ ᠮᠥᠴᠡᠯᠭᠡ[засварлах | кодоор засварлах]
ᠨᠢᠮᠪᠡᠭᠡ ᠶ᠋ᠢᠨ ᠬᠦᠴᠢᠯ ᠦᠨ ᠮᠥᠴᠡᠯᠭᠡ (ᠭᠤᠷᠪᠠᠨ ᠻᠠᠷᠪᠣᠨ ᠬᠦᠴᠢᠯ ᠦᠨ ᠮᠥᠴᠡᠯᠭᠡ᠂ ᠻᠷᠸᠪᠰ ᠦᠨ ᠼᠢᠻᠯ) ᠢᠨᠦ ᠨᠡᠭᠥᠷᠡᠰᠦ ᠤᠰᠤᠨ᠂ ᠥᠭᠡᠬᠦ ᠲᠣᠰᠤᠨ ᠪᠠᠰᠠ ᠤᠭᠤᠷᠠᠭ ᠬᠠᠷᠢᠶᠠᠲᠤ ᠪᠣᠳᠠᠰ ᠪᠣᠯᠬᠤ 〈〈ᠠᠼᠸᠲᠢᠯ-ᠲᠤᠰᠠᠯᠬᠤ ᠡᠰᠭᠡᠭ(acetyl-CoA)〉〉ᠢᠰᠬᠦ ᠤᠷᠪᠠᠯ ᠢᠶ᠋ᠠᠷ᠂ ᠬᠦᠴᠢᠯᠲᠥ᠋ᠷᠦᠭᠴᠢ ᠬᠠᠮᠢᠶᠠᠲᠤ ᠮᠠᠬᠠᠪᠣᠳ ᠡᠷᠴᠢᠮ ᠬᠦᠴᠦᠨ ᠡᠭᠦᠰᠭᠡᠬᠦ ᠬᠢᠮᠢ ᠶ᠋ᠢᠨ ᠤᠷᠪᠠᠯ ᠮᠥᠨ᠃
ᠨᠡᠮᠡᠵᠦ ᠳᠤᠷᠠᠳᠬᠤ ᠳ᠋ᠤ᠂ ᠮᠥᠴᠡᠯᠭᠡ ᠢᠨᠦ ᠪᠡᠢ ᠡ᠋ ᠮᠠᠬᠠᠪᠤᠳ ᠢ ᠠᠮᠢᠨ ᠴᠤᠬᠠᠯ ᠠᠩᠭᠢᠵᠢᠷᠠᠭᠤᠯᠤᠭᠴᠢ ᠪᠣᠳᠠᠰ᠂ ᠣᠯᠠᠨ ᠪᠢᠣᠬᠢᠮᠢ ᠶ᠋ᠢᠨ ᠤᠷᠪᠠᠯ ᠳ᠋ᠦ ᠴᠤᠬᠠᠭ᠂ ᠤᠰᠤᠨᠲᠥ᠋ᠷᠦᠭᠴᠢᠲᠤ ᠨᠢᠻᠣᠲᠢᠨᠠᠮᠢᠳ᠋ ᠳ᠋ᠢᠨᠦ᠋ᠻᠯᠢᠶᠣᠲ᠋ᠢᠳ᠋(NADH) ᠢᠶ᠋ᠠᠷ ᠬᠠᠩᠭᠠᠬᠤ ᠡᠭᠦᠷᠭᠡᠲᠡᠢ᠃
ᠲᠤᠰ ᠮᠥᠴᠡᠯᠭᠡ ᠶ᠋ᠢᠨ ᠣᠯᠠᠨ ᠬᠡᠷᠡᠭᠴᠡᠭᠡᠲᠦ᠂ ᠴᠤᠬᠠᠭ ᠪᠠᠢᠢᠳᠠᠯ ᠢ ᠭᠦᠨᠡᠴᠢᠯᠡᠨ ᠰᠤᠳᠤᠯᠪᠠᠰᠤ᠂ ᠪᠢᠣᠯᠣᠭᠢ ᠶ᠋ᠢᠨ ᠪᠤᠰᠤ ᠠᠷᠬ᠋ᠠ᠋ ᠪᠠᠷ ᠡᠭᠦᠰᠴᠦ᠂ ᠪᠣᠳᠠᠰ ᠤᠨ ᠰᠣᠯᠢᠯᠴᠠᠬ᠋ᠠ᠋ ᠶ᠋ᠢᠨ ᠡᠷᠲᠡᠨ ᠦ ᠭᠣᠣᠯ ᠪᠦᠷᠢᠯᠳᠡᠬᠦᠨ ᠮᠥᠨ ᠪᠠᠢᠢᠵᠤᠬᠤᠢ᠃
ᠬᠡᠳᠦᠢᠢᠪᠡᠷ᠂ ᠡᠭᠦᠨ ᠢ ᠮᠥᠴᠡᠯᠭᠡ ᠭᠡᠵᠦ ᠦᠵᠡᠪᠡᠴᠦ᠂ ᠪᠣᠳᠠᠰ ᠤᠨ ᠰᠣᠯᠢᠯᠴᠠᠭᠠᠨ ᠦ ᠵᠠᠮ ᠨᠢᠭᠡ ᠡᠴᠡ ᠶᠡᠬᠡ ᠪᠠᠢᠢᠬᠤ ᠶᠠᠪᠤᠳᠠᠯ ᠣᠯᠠᠨ ᠤᠴᠢᠷ᠂ ᠭᠤᠷᠪᠠᠨ ᠦᠭᠡᠷ ᠡ᠋ ᠵᠠᠮ ᠢᠶ᠋ᠠᠷ ᠶᠠᠪᠤᠳᠠᠭ ᠨᠢᠮᠪᠡᠭᠡ ᠶ᠋ᠢᠨ ᠬᠦᠴᠢᠯ ᠦᠨ ᠮᠥᠴᠡᠯᠭᠡ ᠦᠳ ᠣᠷᠤᠰᠢᠮᠤᠢ᠃