ᠬᠠᠷᠢᠴᠠᠩᠭᠤᠢ ᠊ᠢᠢᠨ ᠶᠡᠷᠦᠩᠬᠡᠢ ᠣᠨᠤᠯ

ᠣᠷᠤᠨᠴᠠᠭ ᠤᠨ ᠮᠤᠷᠤᠶ᠋ᠢᠯᠲᠠ


ᠬᠠᠷᠢᠴᠠᠨᠭ᠌ᠭᠤᠢ ᠶᠡᠷᠦᠩᠬᠡᠢ ᠣᠨᠤᠯ ᠪᠣᠯᠪᠠᠰᠤ ᠲᠠᠲᠠᠯᠴᠠᠯ ᠤᠨ ᠭᠧᠣᠮᠡᠲ᠋ᠷ ᠣᠨᠤᠯ᠂ ᠡᠳᠦᠭᠡ ᠶᠢᠨ ᠹᠢᠽᠢᠻ ᠦᠨ ᠲᠠᠲᠠᠯᠴᠠᠬᠤᠢ ᠶᠢᠨ ᠲᠠᠶ᠋ᠢᠯᠠᠪᠤᠷᠢ ᠪᠦᠭᠡᠳ ᠠᠯᠪᠧᠷᠲ ᠡᠶ᠋ᠢᠨᠱᠲ᠋ᠡᠶ᠋ᠢᠨ ᠋1915 ᠣᠨ ᠳᠤ ᠬᠡᠪᠯᠡᠯᠭᠦᠯᠵᠦᠬᠦᠢ᠃

ᠶᠡᠷᠦᠩᠬᠡᠢ ᠣᠨᠤᠯ ᠠᠨᠤ ᠠᠯᠪᠧᠷᠲ ᠡᠶ᠋ᠢᠨᠱᠲ᠋ᠡᠶ᠋ᠢᠨ ᠦ ᠨᠡᠭᠡᠭᠡᠭᠰᠡᠨ ᠬᠠᠷᠢᠴᠠᠩᠭᠤᠢ ᠶᠢᠨ ᠲᠤᠰᠬᠠᠢ ᠣᠨᠤᠯ ᠶᠢ ᠨᠢᠭᠡᠳᠬᠡᠵᠦ᠂ ᠨᠢᠶᠦ᠋ᠲᠣᠨ  ᠤ ᠶᠢᠷᠲᠢᠨᠴᠤ ᠶᠢᠨ ᠲᠠᠲᠠᠯᠴᠠᠯ ᠤᠨ ᠬᠠᠤᠯᠢ ᠶᠢ ᠪᠣᠯᠪᠠᠰᠤᠷᠠᠩᠭᠤᠶ᠋ᠢᠯᠠᠵᠤ᠂ ᠣᠷᠣᠨ᠂ ᠴᠠᠭ ᠬᠢᠭᠡᠳ᠂ ᠳᠥᠷᠪᠡᠨ ᠬᠡᠮᠵᠢᠶᠡᠰᠤᠲᠤ ᠣᠷᠣᠨᠴᠠᠭ ᠮᠡᠲᠦ ᠶᠢᠨ ᠭᠧᠣᠮᠡᠲ᠋ᠷᠯᠢᠭ

ᠴᠢᠨᠠᠷ ᠢ ᠠᠰᠢᠭᠯᠠᠨ ᠲᠠᠲᠠᠯᠴᠠᠬᠤᠢ ᠶᠢᠨ ᠨᠢᠭᠡᠳᠦᠮᠡᠯ ᠲᠣᠳᠤᠷᠬᠠᠶ᠋ᠢᠯᠠᠯᠲᠠ ᠪᠢᠳᠡᠨ᠎ᠡ ᠥᠭᠳᠡᠭ ᠠᠵᠤᠭᠤ᠃

ᠨᠥᠭᠦᠭᠡᠲᠡᠭᠡᠭᠦᠷ᠂ ᠠᠯᠢᠪᠠ ᠮᠠᠲ᠋ᠧᠷ ᠪᠠ ᠰᠠᠴᠤᠷᠠᠬᠤᠢ ᠣᠷᠰᠢᠢ ᠦᠶ᠎ᠡ ᠳᠦ ᠣᠷᠤᠨᠴᠠᠭ ᠤᠨ ᠮᠤᠷᠤᠶ᠋ᠢᠯᠲᠠ ᠠᠨᠤ ᠧᠨᠧᠷᠬᠢ ᠮᠣᠮᠧᠨ᠍ᠲ ᠯᠦᠭᠡ ᠰᠢᠭᠤᠳ ᠬᠠᠮᠢᠶᠠᠷᠠᠯᠲᠠᠢ ᠶᠢ ᠢᠯᠡᠷᠡᠬᠡᠶ᠋ᠢᠯᠡᠮᠦᠢ᠃

ᠡᠨᠡᠬᠦ ᠬᠠᠮᠢᠶᠠᠷᠠᠯ ᠠᠨᠤ ᠫᠠᠷᠼᠢᠶᠠᠯ ᠳ᠋ᠢᠹᠹᠧᠷᠧᠨ᠍ᠴᠢᠶᠠᠯ ᠲᠡᠭᠰᠢᠳᠬᠡᠯ ᠦᠨ ᠴᠣᠭᠴᠠ ᠪᠤᠶᠤ ᠡᠶ᠋ᠢᠨᠱᠲ᠋ᠡᠶ᠋ᠢᠨ ᠦ ᠣᠷᠴᠢᠨ ᠤ ᠲᠡᠭᠰᠢᠳᠬᠡᠯ ‍ᠢᠶ᠋ᠡᠷ ᠮᠥᠨ ᠬᠦ ᠢᠯᠡᠷᠡᠬᠡᠶ᠋ᠢᠯᠡᠭᠳᠡᠮᠦᠢ᠃

ᠶᠡᠷᠦᠩᠬᠡᠢ ᠣᠨᠤᠯ ᠤᠨ ᠵᠠᠷᠢᠮ ᠲᠠᠭᠠᠮᠠᠭᠯᠠᠯ ᠰᠣᠩᠭᠤᠳᠠᠭ ᠹᠢᠽᠢᠻ ᠡᠴᠡ ᠶᠡᠬᠡ ᠢᠯᠭᠠᠭ᠎ᠠ ᠪᠤᠢ ᠠᠭᠠᠳ ᠦᠯᠢᠭᠡᠷᠯᠡᠬᠦᠯ᠎ᠡ᠂ ᠭᠡᠷᠡᠯ ᠦᠨ ᠰᠢᠨᠵᠢ ᠴᠢᠨᠠᠷ᠂ ᠴᠢᠯᠦᠭᠡᠲᠡᠢ ᠤᠨᠠᠢ ᠪᠡᠶ᠎ᠡ ᠶᠢᠨ ᠰᠢᠨᠵᠢ᠂ ᠣᠷᠣᠨ ᠤ ᠭᠧᠣᠮᠡᠲ᠋ᠷ ᠪᠠᠶ᠋ᠢᠳᠠᠯ᠂ ᠴᠠᠭ ᠬᠤᠭᠠᠴᠠᠭᠠᠨ ᠤ ᠮᠥᠨ ᠴᠢᠨᠠᠷ  ᠢ ᠥᠭᠡᠷ᠎ᠡ ᠥᠭᠡᠷ ᠎ᠡ ᠲᠠᠶ᠋ᠢᠯᠠᠪᠤᠷᠢᠯᠠᠳᠠᠭ ᠶᠣᠮ᠃

ᠭᠦᠨᠢᠶᠡᠴᠯᠡᠨ ᠵᠢᠱᠢᠶᠡᠯᠡᠪᠡᠰᠦ᠂ ᠲᠠᠲᠠᠯᠴᠠᠬᠤᠢ ᠶᠢᠨ ᠴᠠᠭ ᠤᠨ ᠲᠡᠯᠡᠯᠲᠡ᠂ ᠲᠠᠲᠠᠯᠴᠠᠯ ᠤᠨ ᠮᠡᠰᠢᠯ ᠬᠤᠭᠠᠷᠠᠬᠤᠢ᠂ ᠲᠠᠲᠠᠯᠴᠠᠯ ᠤᠨ ᠭᠡᠷᠡᠯ ᠦᠨ ᠷᠧᠳ‍᠊ᠱᠢᠹᠲ᠂ ᠬᠠᠷ᠎ᠠ ᠨᠦᠬᠡ ᠶᠢᠨ ᠲᠠᠲᠠᠯᠴᠠᠯ ᠤᠨ ᠲᠡᠯᠡᠯᠲᠡ ᠮᠡᠲᠦ ᠢᠨᠤ ᠡᠷᠡᠰ ᠲᠡᠰ ᠲᠠᠶ᠋ᠢᠯᠠᠪᠤᠷᠢᠯᠠᠨᠠᠮ᠃

ᠮᠥᠨ ᠶᠡᠷᠦᠩᠬᠡᠢ ᠣᠨᠤᠯ ᠦᠨ ᠲᠠᠭᠠᠮᠠᠭ ᠤᠳ ᠪᠣᠯᠪᠠᠰᠤ ᠰᠣᠩᠭᠤᠳᠠᠭ ᠹᠢᠽᠢᠻ ᠯᠦᠭᠡ ᠬᠣᠯᠪᠤᠭ᠎ᠠ ᠲᠠᠢ ᠪᠠᠶ᠋ᠢᠳᠠᠭ ᠠᠨᠤ ᠲᠤᠷᠰᠢᠯᠲᠠ᠂ ᠠᠵᠢᠭᠯᠠᠯᠲᠠ ᠪᠠᠷ ᠪᠠᠲᠤᠯᠠᠭᠳᠠᠭᠰᠠᠨ ᠪᠤᠢ᠃

ᠶᠡᠷᠦᠩᠬᠡᠢ ᠣᠨᠤᠯ ᠴᠣᠷ ᠭᠠᠭᠴᠠ ᠲᠠᠲᠠᠯᠴᠠᠯ ᠢ ᠢᠯᠡᠷᠡᠬᠡᠶ᠋ᠢᠯᠡᠳᠡᠭ ᠬᠠᠷᠢᠴᠠᠩᠭᠤᠢ ᠣᠨᠤᠯ ᠪᠢᠰᠢ ᠴᠦ᠂ ᠮᠠᠰᠢ ᠡᠩ ᠦᠨ ᠣᠨᠤᠯ ᠠᠨᠤ ᠪᠠᠲᠤᠲᠠᠢ ᠶᠣᠮ᠃

ᠬᠡᠳᠦᠶ᠋ᠢᠪᠡᠷ ᠣᠯᠠᠨ ᠠᠰᠠᠭᠤᠯᠲᠠ ᠶᠢᠨ ᠬᠠᠷᠢᠭᠤ ᠪᠠᠶ᠋ᠢᠬᠤᠭᠡᠢ᠃

ᠡᠭᠦᠨ᠎ᠡ ᠶᠠᠭᠠᠬᠢᠵᠤ ᠻᠸᠠᠨ᠍ᠲ ᠹᠢᠽᠢᠻ ᠦᠨ ᠲᠠᠲᠠᠯᠴᠠᠬᠤᠢ ᠣᠨᠤᠯ ᠯᠤᠭ᠎ᠠ ᠬᠠᠮᠵᠢᠨ ᠨᠡᠶ᠋ᠢᠰᠡᠵᠦ᠂ ᠨᠢᠳᠡᠭᠦᠮᠡᠯ ᠨᠢᠭᠡ ᠲᠣᠮᠤ ᠣᠨᠤᠯ ᠪᠣᠯᠬᠤ᠂ ᠶᠠᠮᠪᠠᠷᠬᠤᠤ ᠪᠠᠶ᠋ᠢᠳᠠᠯ ‍ᠢᠶ᠋ᠠᠷ ᠲᠠᠲᠠᠯᠴᠠᠯ ᠤᠨ ᠪᠤᠰᠤ ᠬᠦᠴᠢᠨ ᠨᠦᠭᠦᠳ ᠯᠦᠭᠡ᠂ ᠬᠦᠴᠢᠲᠡᠢ ᠪᠥᠭᠡᠮ ᠦᠨ᠂ ᠰᠤᠯᠠ ᠪᠥᠭᠡᠮ ᠦᠨ᠂ ᠴᠠᠬᠢᠯᠭᠠᠨ ᠰᠣᠷᠢᠨᠵᠢᠨ ᠬᠦᠴᠢ ᠯᠦᠭᠡ ᠬᠣᠯᠪᠤᠭᠳᠠᠮᠤᠢ ?

ᠡᠶ᠋ᠢᠨᠱᠲ᠋ᠡᠶ᠋ᠢᠨ ᠦ ᠣᠨᠤᠯ ᠣᠭᠲᠤᠵᠭᠤᠢᠨ ᠹᠢᠽᠢᠻ ᠲᠦ ᠮᠠᠰᠢ ᠲᠣᠮᠤ ᠦᠷ᠎ᠡ ᠨᠥᠯᠦᠭᠡ ᠲᠡᠢ ᠶᠣᠮ ᠠ᠋᠃

ᠵᠢᠱᠢᠶᠡᠯᠡᠪᠡᠯ᠂ ᠣᠳᠤ ᠶᠢᠨ ᠮᠥᠬᠦᠯ ᠬᠠᠷ᠎ᠠ ᠨᠦᠬᠡ ᠶᠢ ᠡᠭᠦᠰᠬᠡᠵᠤ᠂ ᠭᠡᠷᠡᠯ ᠴᠦ ᠵᠢᠭᠤᠲᠠᠭᠠᠬᠤ ᠶᠣᠰᠤᠨ ᠦᠭᠡᠢ ᠲᠡᠶ᠋ᠢᠮᠤ ᠬᠠᠷ᠎ᠠ ᠨᠦᠬᠡ ᠶᠢ ᠪᠠᠶ᠋ᠢᠳᠠᠭ ᠭᠡᠳᠡᠭ ᠢ ᠪᠠᠲᠤᠯᠠᠭᠰᠠᠨ ᠶᠠᠪᠤᠳᠠᠯ ᠪᠤᠢ ᠵᠠ᠃