ᠰᠢᠯᠢᠨ
ᠶᠡᠭᠦᠯᠡᠭᠦᠷ

ᠶᠡᠭᠦᠯᠡᠭᠦᠷ ᠪᠣᠯ ᠥᠷᠭᠡᠨ ᠠᠮᠠᠰᠠᠷ ᠲᠠᠢ᠂ ᠨᠠᠷᠢᠨ ᠴᠣᠷᠭᠤ ᠲᠠᠢ ᠬᠣᠭᠤᠯᠠᠢ ᠶᠤᠮ᠃ ᠨᠠᠷᠢᠨ ᠠᠮᠠᠰᠠᠷ ᠪᠦᠬᠦᠢ ᠰᠠᠪᠠᠨ ᠳᠤ ᠰᠢᠩᠭᠡᠨ᠂ ᠨᠠᠷᠢᠨ ᠰᠢᠷᠬᠡᠭᠲᠡᠢ ᠦᠢᠷᠡᠮᠡᠭ᠂ ᠨᠤᠨᠲᠠᠭ ᠪᠣᠳᠠᠰ ᠶᠡᠭᠦᠯᠡᠵᠦ ᠬᠢᠬᠦ ᠳᠦ ᠠᠰᠢᠭᠯᠠᠨ᠎ᠠ᠃ ᠶᠡᠭᠦᠯᠡᠭᠦᠷ ᠡᠰᠡ ᠬᠡᠷᠡᠭᠯᠡᠪᠡᠰᠦ ᠭᠠᠳᠠᠭᠤᠷ ᠨᠢ ᠠᠰᠬᠠᠷᠠᠬᠤ ᠪᠣᠯᠦᠨ᠎ᠠ᠃ ᠶᠡᠭᠦᠯᠡᠭᠦᠷ ᠢ ᠶᠡᠬᠡᠪᠴᠢᠯᠡᠨ ᠵᠢᠪᠡᠷᠡᠳᠡᠭ ᠦᠭᠡᠢ ᠭᠠᠩ᠂ ᠬᠥᠩᠭᠡᠨ ᠴᠠᠭᠠᠨ᠂ ᠰᠢᠯ᠂ ᠬᠤᠪᠠᠨᠴᠢᠷ ᠲᠡᠷᠢᠭᠦᠲᠡᠨ ᠢᠶᠡᠷ ᠬᠢᠳᠡᠭ᠃ ᠮᠠᠲᠧᠷᠢᠠᠯ ᠨᠢ ᠶᠡᠭᠦᠯᠡᠬᠦ ᠪᠣᠳᠠᠰ ᠲᠠᠢ ᠤᠷᠪᠠᠯᠳᠠᠳᠠᠭ ᠦᠭᠡᠢ ᠪᠠᠢᠢᠬᠤ ᠱᠠᠭᠠᠷᠳᠠᠯᠭ᠎ᠠ ᠲᠠᠢ᠃ ᠲᠡᠢᠢᠮᠦ ᠡᠴᠡ ᠵᠢᠪᠡᠷᠡᠳᠡᠭ ᠦᠭᠡᠢ ᠭᠠᠩ᠂ ᠰᠢᠯ ᠵᠡᠷᠡᠭ ᠨᠢ ᠭᠠᠵᠠᠷ ᠤᠨ ᠲᠣᠰᠤᠨ ᠪᠦᠲᠦᠭᠡᠭᠳᠡᠬᠦᠨ ᠳᠦ ᠲᠣᠬᠢᠷᠠᠮᠵᠢᠲᠠᠢ ᠪᠣᠯ ᠬᠤᠪᠠᠨᠴᠠᠷ ᠨᠢ ᠭᠠᠯ ᠲᠣᠭᠤᠭᠠᠨ ᠳᠤ ᠵᠣᠬᠢᠮᠵᠢ ᠲᠠᠢ᠃ ᠵᠠᠷᠢᠮ ᠳᠠᠭᠠᠨ ᠶᠡᠭᠦᠯᠡᠭᠦᠷ ᠢ ᠴᠡᠪᠡᠷᠯᠡᠬᠦ ᠪᠣᠯᠤᠮᠵᠢ ᠦᠭᠡᠢ ᠲᠣᠬᠢᠶᠠᠯᠳᠠᠯ ᠳᠤ ᠨᠢᠭᠡ ᠤᠳᠠᠭ᠎ᠠ ᠶᠢᠨ ᠴᠠᠭᠠᠰᠤᠨ ᠶᠡᠭᠦᠯᠡᠭᠦᠷ ᠬᠡᠷᠡᠭᠯᠡᠳᠡᠭ᠃

ᠯᠠᠪᠣᠷᠠᠲ᠋ᠣᠷᠢ ᠊ᠢᠢᠨ ᠶᠡᠭᠦᠯᠡᠭᠦᠷ Засварлах

ᠯᠠᠪᠣᠷᠠᠲᠣᠷᠢ ᠢᠢᠨ ᠰᠢᠩᠵᠢᠯᠡᠭᠡᠨ ᠳᠦ ᠣᠯᠠᠨ ᠶᠠᠩᠵᠦ ᠶᠢᠨ ᠶᠡᠭᠦᠯᠡᠭᠦᠷ ᠬᠡᠷᠡᠭᠯᠡᠬᠦ ᠪᠠ ᠲᠡᠳᠡᠭᠡᠷ ᠦᠨ ᠵᠠᠷᠢᠮ ᠨᠢ ᠡᠩ ᠦᠨ ᠶᠡᠭᠦᠯᠡᠭᠦᠷ ᠡᠴᠡ ᠲᠡᠰ ᠥᠭᠡᠷ ᠪᠠᠢᠢᠳᠠᠭ᠃

ᠪᠦ᠋ᠬᠨᠧᠷ ᠊ᠦᠨ ᠶᠡᠭᠦᠯᠡᠭᠦᠷ Засварлах

ᠪᠦ᠋ᠬᠨᠧᠷ ᠊ᠦᠨ
ᠶᠡᠭᠦᠯᠡᠭᠦᠷ

ᠪᠦ᠋ᠬᠨᠧᠷ ᠦᠨ (Büchner) ᠶᠡᠭᠦᠯᠡᠭᠦᠷ ᠠᠭᠠᠷ ᠦᠭᠡᠢ ᠸᠠᠻᠦ᠋ᠦᠮ ᠣᠷᠴᠢᠨ ᠳᠤ ᠰᠢᠭᠦᠬᠦ ᠵᠣᠷᠢᠭᠤᠯᠤᠯᠲᠠ ᠲᠠᠢ ᠪᠠ ᠶᠡᠬᠡᠪᠴᠢᠯᠠᠨ ᠱᠠᠭᠠᠵᠠᠩ ᠢᠶᠠᠷ᠂ ᠵᠠᠷᠢᠨ ᠳᠠᠭᠠᠨ ᠮᠧᠲ᠋ᠠᠯ᠂ ᠬᠤᠪᠠᠨᠴᠠᠷ ᠵᠡᠷᠡᠭ ᠢᠶᠡᠷ ᠬᠢᠳᠡᠭ ᠪᠠᠢᠢᠨ᠎ᠠ᠃

ᠢᠯᠠᠭᠠᠭᠴᠢ ᠶᠡᠭᠦᠯᠡᠭᠦᠷ Засварлах

ᠬᠣᠯᠢᠯᠳᠠᠳᠠᠭ ᠦᠭᠡᠢ ᠬᠣᠶᠠᠷ ᠰᠢᠩᠭᠡᠨ ᠢ ᠨᠢᠭᠲᠠ ᠶᠢᠨ ᠢᠯᠭᠠᠭ᠎ᠠ ᠢ ᠨᠢ ᠠᠰᠢᠭᠯᠠᠨ ᠰᠠᠯᠭᠠᠬᠤ ᠵᠣᠷᠢᠭᠤᠯᠤᠯᠲᠠ ᠲᠠᠢ᠃ ᠶᠬᠡᠪᠴᠢᠯᠡᠨ ᠰᠢᠯ ᠢᠶᠡᠷ ᠬᠢᠰᠡᠨ ᠲᠥᠬᠦᠭᠡᠷᠡᠮᠵᠢ ᠪᠠᠢᠢᠬᠤ ᠠᠭᠠᠳ ᠬᠣᠭᠣᠯᠠᠢ ᠶᠢᠨ ᠳᠣᠭᠤᠳᠤ ᠬᠡᠰᠡᠭ ᠲᠦ ᠢᠯᠡᠭᠦᠦ ᠬᠦᠨᠳᠦ ᠰᠢᠩᠭᠡᠨ ᠢ ᠭᠣᠭᠤᠵᠢᠭᠤᠯᠬᠤ ᠻᠷᠠᠨᠲ ᠲᠠᠢ ᠪᠠᠢᠢᠨ᠎ᠠ.