ᠭᠡᠷᠡᠯ ᠊ᠢᠢᠡᠷ ᠨᠡᠶ᠋ᠢᠯᠡᠭᠵᠢᠬᠦᠢ (ᠹᠣᠲ᠋ᠣᠰᠢᠨ᠍ᠲ᠋ᠸᠽ)

Wikibilig-с

ᠭᠡᠷᠡᠯ ‍ᠢᠢᠡᠷ ᠨᠡᠶ᠋ᠢᠯᠡᠭᠵᠢᠬᠦᠢ
(ᠹᠣᠲ᠋ᠣᠰᠢᠨ᠍ᠲ᠋ᠸᠽ)
[засварлах | кодоор засварлах]

ᠤᠷᠭᠤᠮᠠᠯ ᠤᠨ
ᠹᠣᠲ᠋ᠣᠰᠢᠨ᠍ᠲ᠋ᠸᠽ ᠦᠨ
᠎ᠲᠣᠶ᠋ᠢᠮᠤ
ᠵᠢᠷᠤᠭ᠃
ᠡᠭᠦᠰᠦᠭᠰᠡᠨ
ᠨᠡᠭᠦᠷᠡᠰᠦ ᠤᠰᠤ
ᠠᠨᠤ ᠤᠷᠭᠤᠮᠠᠯ ᠳᠦ
ᠬᠠᠳᠭᠠᠯᠠᠭᠳᠠᠵᠤ᠂
ᠡᠰᠡᠬᠦᠯ᠎ᠡ
ᠠᠰᠢᠭᠯᠠᠭᠳᠠᠨ᠎ᠠ᠃


ᠤᠷᠭᠤᠮᠤᠯ ᠤᠨ ᠹᠣᠲ᠋ᠣᠰᠢᠨ᠍ᠲᠸᠽ ᠪᠣᠯ ᠨᠠᠷᠠᠨ ᠤ ᠭᠡᠷᠡᠯ ᠦᠨ ᠴᠠᠬᠢᠯᠠᠭᠠᠨ ᠰᠣᠷᠢᠨᠵᠢᠨ ᠳᠣᠯᠭᠢᠶᠠᠨ ‍ᠢ ᠬᠢᠮᠢ ‍ᠢᠢᠨ ᠡᠷᠴᠢᠮ ᠬᠦᠴᠦ ᠪᠣᠯᠭᠠᠨ ᠬᠤᠪᠢᠷᠠᠭᠠᠭᠠᠳ᠂ ᠠᠲ᠋ᠮᠣᠰᠹᠧᠷ᠎ ᠠᠴᠠ ᠰᠢᠩᠭᠡᠭᠡᠳᠡᠭ ᠨᠡᠭᠦᠷᠡᠰᠦᠬᠦᠴᠢᠯ ᠦᠨ ᠬᠡᠢ ‍ᠢᠢ ᠵᠠᠳᠠᠯᠵᠤ᠂ ᠬᠦᠴᠢᠯᠲᠦ᠋ᠷᠦᠭᠴᠢ ᠢᠯᠭᠠᠷᠠᠭᠤᠯᠬᠤ ᠦᠢᠯᠡ ᠶᠠᠪᠤᠴᠠ ᠶᠤᠮ᠃
ᠨᠠᠷᠠᠨ ᠤ ᠬᠤᠪᠢᠷᠠᠭᠰᠠᠨ ᠧᠨᠧᠷᠭᠢ ᠢᠨᠤ᠂ ᠨᠡᠭᠦᠷᠡᠰᠦᠬᠥᠴᠢᠯ ᠤᠰᠤ ᠬᠣᠶᠠᠷ ᠠᠴᠠ ᠡᠭᠦᠰᠳᠡᠭ ᠪᠣᠳᠠᠰ ᠪᠣᠯᠬᠤ ᠨᠡᠭᠦᠷᠡᠰᠦ-ᠤᠰᠤ ᠵᠡᠷᠭᠡ ᠳᠦ ᠬᠣᠪᠢᠯᠭᠠᠬᠣ ᠠᠮᠤᠢ᠃
ᠨᠡᠷ᠎ᠡ ᠲᠣᠮᠢᠶᠠᠨ ᠤ ᠭᠠᠷᠪᠠᠯᠢ ᠶᠢ ᠶᠠᠷᠢᠪᠠᠰᠤ᠂ ᠭᠧᠷᠧᠭ ᠦᠨ phōs (φῶς)᠂ ᠭᠡᠷᠡᠯ᠂ sunthesis (σύνθεσις)᠂ ᠨᠡᠶ᠋ᠢᠯᠡᠭᠵᠢ᠂ ᠦᠭᠡᠰ ᠡᠴᠡ ᠡᠭᠦᠰᠴᠦᠬᠦᠢ᠃
ᠬᠦᠴᠢᠯᠲᠥ᠋ᠷᠦᠭᠴᠢ ᠢᠨᠤ ᠶᠡᠬᠡ ᠲᠥᠯᠦᠪ ᠳᠠᠶᠢᠪᠤᠷᠢ ᠪᠦᠲᠦᠭᠡᠭᠳᠡᠬᠦᠨ ᠨᠢ ᠠᠵᠤᠭᠤ᠃
ᠹᠣᠲ᠋ᠣ᠋-ᠠᠦ᠋ᠲ᠋ᠣᠲ᠋ᠷᠣᠹ ᠮᠠᠬᠠᠪᠤᠳ ᠪᠣᠯᠬᠤ᠂ ᠤᠷᠭᠤᠮᠠᠯ᠂ ᠶᠡᠬᠡᠩᠬᠢ ᠵᠠᠮᠠᠭ᠂ ᠬᠥᠬᠡ ᠨᠣᠭᠤᠭᠠᠨ ᠵᠠᠮᠠᠭ ᠲᠤ ᠭᠡᠷᠡᠯ ᠪᠡᠷ ᠨᠡᠶ᠋ᠢᠯᠡᠭᠵᠢᠬᠦᠢ ᠤᠷᠪᠠᠯ ᠶᠠᠪᠤᠭᠳᠠᠮᠤᠢ᠃
ᠡᠨᠡ ᠬᠦ ᠮᠠᠬᠠᠪᠤᠳᠠᠰ ᠤᠨ ᠬᠣᠪᠢᠷᠠᠭᠠᠭᠰᠠᠨ ᠧᠨᠧᠷᠬᠢ ᠢᠨᠤ ᠳᠡᠯᠡᠬᠡᠶ ᠶᠢᠨ ᠠᠮᠢᠳᠤᠷᠠᠯ ᠳᠤ ᠮᠠᠰᠢ ᠴᠢᠬᠤᠯᠠ᠂ ᠳᠡᠭᠡᠷ᠎ᠡ ᠡᠴᠡ ᠢᠨᠤ ᠳᠡᠯᠡᠬᠡᠶ ᠶᠢᠨ ᠬᠦᠴᠢᠯᠲᠥ᠋ᠷᠦᠭᠴᠢ ᠶᠢᠨ ᠳᠡᠶ᠋ᠢᠯᠦᠩᠬᠢ ᠶᠢ ᠢᠯᠭᠠᠷᠠᠭᠤᠯᠤᠮᠤᠢ᠃
ᠬᠡᠳᠦᠢᠢᠪᠡᠷ ᠵᠦᠢᠯ ᠡᠴᠡ ᠬᠠᠮᠢᠶᠠᠷᠤᠨ᠂ ᠤᠷᠪᠠᠯ ᠤᠨ ᠶᠠᠪᠤᠬᠤ ᠵᠠᠮ ᠥᠭᠡᠷ᠎ᠡ ᠪᠣᠯᠪᠠᠴᠤ᠂ ᠻᠯᠣᠷᠣᠹᠢᠯᠯ ᠨᠥᠰᠦᠭᠡ ᠶᠢ ᠠᠭᠤᠯᠤᠭᠰᠠᠨ᠂ ᠮᠠᠬᠠᠪᠤᠳ ᠲᠤ ᠣᠷᠤᠰᠢᠬᠤ ᠤᠭᠤᠷᠠᠭᠤᠷᠪᠠᠯ ᠶᠢᠨ ᠲᠥᠪ ᠬᠡᠮᠡᠬᠦ ᠬᠡᠰᠡᠭ ᠲᠤᠷ ᠨᠠᠷᠠᠨ ᠤ ᠭᠡᠷᠡᠯ ᠰᠢᠩᠭᠡᠭᠡᠭᠳᠡᠵᠦ᠂ ᠤᠷᠪᠠᠯ ᠡᠬᠢᠯᠡᠶᠦ᠃
ᠤᠷᠭᠤᠮᠠᠯ ‍ᠳᠦᠷ ᠡᠨᠡ ᠤᠭᠤᠷᠠᠭ ᠶᠡᠬᠡ ᠲᠥᠯᠦᠪ ᠨᠠᠪᠴᠢᠨ ᠤ ᠡᠰ ᠳᠣᠲᠤᠷ᠎ᠠ ᠪᠠᠶ᠋ᠢᠬᠤ ᠻᠯᠣᠷᠣᠫᠯᠠᠰᠲ ᠡᠷᠬᠡᠲᠡᠨᠴᠡᠷ᠎ ᠲᠦ ᠪᠠᠶ᠋ᠢᠮᠤᠢ᠃
ᠬᠠᠷᠢᠨ ᠪᠠᠻᠲᠧᠷᠢ  ᠳᠤᠷ ᠡᠨᠡ ᠻᠯᠣᠷᠣᠫᠯᠠᠰᠲ ᠡᠷᠬᠡᠲᠡᠨᠴᠡᠷ ᠢᠨᠤ ᠫᠯᠠᠰᠮ ᠮᠧᠮᠪᠷᠠᠨ ᠳᠡᠭᠡᠷ᠎ᠡ ᠬᠣᠯᠪᠤᠭᠳᠠᠭᠰᠠᠨ ᠪᠠᠶ᠋ᠢᠳᠠᠯᠲᠠᠢ᠃
ᠭᠡᠷᠡᠯ ᠯᠦᠭᠡ ᠬᠠᠮᠢᠶᠠᠷᠠᠯᠲᠦ ᠤᠷᠪᠠᠯ  ᠶᠠᠪᠤᠬᠤ ᠭᠣᠣᠯ ᠵᠠᠮ ᠠᠨᠤ᠂ ᠨᠠᠷᠠᠨ ᠠᠴᠠ ᠰᠢᠩᠭᠡᠭᠡᠭᠳᠡᠭᠰᠡᠨ ᠧᠨᠧᠷᠬᠢ ᠢᠨᠤ ᠲᠣᠬᠢᠷᠠᠮᠵᠢᠲᠠᠢ ᠪᠣᠳᠠᠰ ᠠᠴᠠ ᠧᠯᠧᠻᠲ᠋ᠷᠣᠨ᠌ ᠢ ᠰᠠᠯᠭᠠᠵᠤ ᠠᠪᠤᠬᠤ ᠳᠤ ᠠᠰᠢᠭᠯᠠᠭᠳᠠᠮᠤᠢ᠂ ᠵᠢᠰᠢᠶᠡᠯᠡᠪᠡᠯ ᠤᠰᠤᠨ ᠤ ᠮᠣᠯᠧᠻᠤᠯ ᠎ ᠠᠴᠠ ᠲᠤᠰ ᠪᠦᠷᠢ ᠬᠣᠶᠠᠷ ᠬᠣᠶᠠᠷ ᠧᠯᠧᠻᠲ᠋ᠷᠣᠨ᠌ ᠰᠠᠯᠭᠠᠵᠤ ᠠᠪᠤᠨ᠌ ‍ᠠ᠋᠃

ᠭᠡᠷᠡᠯ ‍ᠢᠢᠡᠷ
ᠨᠡᠶ᠋ᠢᠯᠡᠭᠵᠢᠬᠦᠢ ᠶᠢᠨ᠂
᠎ᠤᠷᠭᠤᠮᠠᠯ᠎ᠠ
ᠶᠡᠬᠡ
ᠲᠥᠯᠦᠪ
ᠶᠠᠪᠤᠭᠳᠠᠳᠠᠭ
ᠤᠷᠪᠠᠯ ᠤᠨ
ᠲᠡᠭᠰᠢᠳᠬᠡᠯ᠃


ᠤᠰᠤᠨ ᠤ ᠵᠠᠳᠠᠷᠠᠯ  ᠢᠢᠠᠷ ᠡᠭᠦᠰᠦᠭᠰᠡᠨ ᠤᠰᠤᠲᠥ᠋ᠷᠦᠭᠴᠢ ᠶᠢᠨ ᠢᠣᠨ᠌᠂ ᠧᠯᠸᠻᠲ᠋ᠷᠣᠨ᠌ ᠢ ᠵᠥᠭᠡᠭᠡᠭᠴᠢ ᠪᠣᠳᠠᠰ ‍ᠤᠳ  ᠶᠢ ᠠᠨᠩᠭᠢᠵᠢᠷᠠᠭᠤᠯᠬᠤᠢ᠂ ᠡᠭᠦᠰᠬᠡᠬᠦᠢ ᠳᠤ ᠣᠷᠣᠯᠴᠠᠳᠠᠭ᠃
ᠡᠳᠡᠭᠡᠷ ᠧᠯᠧᠻᠲ᠋ᠷᠣᠨ᠌ ᠢ ᠵᠥᠭᠡᠭᠡᠭᠴᠢ ᠪᠣᠳᠠᠰ ᠤᠨ ᠠᠩᠭᠢᠵᠢᠷᠠᠭᠰᠠᠨ ᠬᠡᠯᠪᠡᠷᠢ ᠢᠨᠤ᠂ ᠨᠢᠻᠣᠲ᠋ᠢᠨᠠᠮᠢᠳ᠋ ᠠᠳᠧᠨᠢᠨ᠌ ᠳ᠋ᠢᠨ᠍ᠦ᠋ᠻᠯᠧᠣᠲ᠋ᠢ᠌ᠳ᠋ (NADPH)᠂ ᠠᠳᠧᠨᠢᠨ᠌ ᠲᠷᠢᠹᠣᠰᠹᠠᠲ(ATP)᠃
ᠤᠷᠭᠤᠮᠠᠯ᠂ ᠵᠠᠮᠠᠭ᠂ ᠬᠥᠬᠡ ᠨᠣᠭᠤᠭᠠᠨ ᠵᠠᠮᠠᠭ ᠲᠤᠷ ᠭᠡᠷᠡᠯ ᠡᠴᠡ ᠦᠯᠦ ᠬᠠᠮᠢᠶᠠᠷᠠᠬᠤ ᠤᠷᠪᠠᠯ ᠶᠠᠪᠤᠭᠳᠠᠨ᠎ᠠ᠃
ᠡᠨᠡ ᠢᠨᠤ ᠨᠢᠮᠪᠡᠭᠡ ᠶ᠋ᠢᠨ ᠬᠦᠴᠢᠯ ‍ᠦᠨ ᠮᠥᠴᠡᠯᠭᠡ ᠪᠣᠯᠠᠢ᠃
ᠡᠨᠡ ᠤᠷᠪᠠᠯ ᠠᠴᠠ ᠧᠨᠧᠷᠬᠢ  ᠶᠢ ᠬᠠᠳᠠᠭᠠᠯᠠᠭᠰᠠᠨ ᠨᠡᠭᠦᠷᠡᠰᠦ ᠤᠰᠤ ᠨᠡᠶ᠋ᠢᠯᠡᠭᠵᠢᠳᠡᠭ᠃
ᠵᠠᠷᠢᠮ ᠪᠠᠻᠲ᠋ᠧᠷᠢ ‍ᠤᠳ ᠠᠷᠠᠢ ᠥᠭᠡᠷ᠎ᠡ ᠤᠷᠪᠠᠯ ᠤᠨ ᠵᠠᠮ ᠢ᠂ ᠤᠷᠪᠠᠭᠤ ᠨᠢᠮᠪᠡᠭᠡ ᠶᠢᠨ ᠬᠦᠴᠢᠯ ᠦᠨ ᠮᠥᠴᠢᠯᠭᠡ ᠶᠢ ᠠᠰᠢᠭᠯᠠᠮᠤᠢ᠃
ᠨᠡᠷ᠎ᠡ ᠯᠡ ᠥᠭᠡᠷ᠎ᠡ ᠪᠣᠯᠪᠠᠴᠤ᠂ ᠨᠡᠭᠦᠷᠡᠰᠦ ᠤᠰᠤ ᠡᠭᠦᠰᠳᠡᠭ ᠦᠷ᠎ᠡ ᠳ᠋ᠦ᠋ᠩ ᠡᠰᠡ ᠥᠭᠡᠷᠡᠴᠢᠯᠡᠭᠳᠡᠮᠦᠢ᠃

ᠹᠣᠲ᠋ᠣᠰᠢᠨ᠍ᠲ᠋ᠸᠽ ᠤᠨ
᠎ᠲᠠᠷᠬᠠᠴᠠ᠃
ᠬᠠᠷ᠎ᠠ
ᠤᠯᠠᠭᠠᠨ ᠠᠨᠤ
ᠶᠡᠬᠡ
ᠳᠠᠯᠠᠢ  ᠶᠢᠨ
ᠹᠣᠲ᠋ᠣᠰᠢᠨ᠍ᠲ᠋ᠧᠽ
ᠡᠷᠴᠢᠮ᠂
ᠬᠥᠬᠡ
ᠨᠣᠭᠤᠭᠠᠨ ᠠᠨᠤ
ᠡᠬᠡ
ᠭᠠᠵᠠᠷ ᠤᠨ
ᠹᠣᠲ᠋ᠣᠰᠢᠨ᠍ᠲᠧᠽ ᠦᠨ
ᠡᠷᠴᠢᠮ᠃