ᠴᠠᠬᠢᠯᠭᠠᠨ ᠰᠲ᠋ᠠᠲ᠋ᠢᠭ ᠢᠨ᠍ᠳᠦ᠋ᠭ᠌ᠼ

Wikibilig-с

ᠴᠠᠬᠢᠯᠭᠠᠨ ᠰᠲ᠋ᠠᠲ᠋ᠢᠭ ᠢᠨ᠍ᠳᠦ᠋ᠭ᠌ᠼ[засварлах | кодоор засварлах]

ᠭᠠᠳᠠᠭᠠᠳᠤ
ᠴᠠᠬᠢᠯᠭᠠᠨ
ᠣᠷᠤᠨ ‍ᠤ
ᠦᠢᠯᠡᠴᠢᠯᠡᠯ ᠶ᠋ᠢᠡᠷ
ᠴᠡᠨᠡᠭ
ᠵᠥᠭᠡᠭᠡᠭᠳᠡᠬᠦ ᠨᠢ

ᠴᠠᠬᠢᠯᠭᠠᠨ ᠰᠲ᠋ᠠᠲ᠋ᠢᠭ ᠢᠨ᠍ᠳᠦ᠋ᠭ᠌ᠼ ᠭᠡᠳᠡᠭ ᠨᠢ ᠪᠡᠶᠡᠲᠦ ᠶ᠋ᠢ ᠭᠠᠳᠠᠭᠠᠳᠤ ᠴᠠᠬᠢᠯᠭᠠᠨ ᠣᠷᠤᠨ ᠳ᠋ᠤ ᠪᠠᠢᠢᠷᠢᠯᠠᠭᠤᠯᠪᠠᠯ ᠲᠤᠬᠠᠢ ᠶ᠋ᠢᠨ ᠪᠡᠶᠡᠲᠦ ᠳ᠋ᠦ ᠥᠪᠡᠷ ᠦ᠋ᠨ ᠴᠠᠬᠢᠯᠭᠠᠨ ᠣᠷᠤᠨ ᠡᠭᠦᠰᠬᠦ ᠦᠵᠡᠭᠳᠡᠯ ᠶᠤᠮ᠃
ᠡᠨᠡᠬᠦᠦ ᠦᠵᠡᠭᠳᠡᠯ ᠳᠠᠮᠵᠢᠭᠤᠯᠤᠭᠴᠢ ᠨᠣᠭᠤᠳ ᠳᠣᠲᠤᠷ ‍ᠠ᠋ ᠴᠡᠨᠡᠭ ᠦ᠋ᠳ ᠳᠠᠬᠢᠨ ᠬᠤᠪᠢᠶᠠᠷᠢᠯᠠᠭᠳᠠᠬᠤ᠂ ᠦᠯᠦ ᠳᠠᠮᠵᠢᠭᠤᠯᠤᠭᠴᠢ ᠨᠤᠭᠤᠳ ᠳ᠋ᠤ ᠲᠤᠢᠢᠯᠰᠢᠷᠠᠯ ᠶᠠᠪᠤᠭᠳᠠᠬᠤ ᠪᠠᠷ ᠢᠯᠡᠷᠡᠳᠡᠭ᠃
ᠡᠨᠡ ᠶᠠᠪᠤᠴᠠ ᠳ᠋ᠤ ᠭᠠᠳᠠᠭᠠᠳᠤ ᠴᠠᠬᠢᠯᠭᠠᠨ ᠣᠷᠤᠨ ᠳ᠋ᠤ ᠳᠣᠲᠤᠭᠠᠳᠤ ᠴᠠᠬᠢᠯᠭᠠ ᠣᠷᠤᠨ ‍ᠤ ᠨᠥᠯᠦᠭᠡ ᠪᠡᠷ ᠭᠠᠵᠢᠯᠲᠠ ᠡᠭᠦᠰᠴᠦ ᠪᠣᠯᠤᠨ᠎ ‍ᠠ᠋᠃ [1]

ᠳᠠᠮᠵᠢᠭᠤᠯᠤᠭᠴᠢ ᠳ᠋ᠠᠬᠢ ᠴᠠᠬᠢᠯᠭᠠᠨ ᠰᠲ᠋ᠠᠲ᠋ᠢᠭ ᠢᠨ᠍ᠳᠦ᠋ᠭ᠌ᠼ[засварлах | кодоор засварлах]

ᠴᠠᠬᠢᠯᠭᠠᠨ
ᠴᠡᠨᠡᠭ ‍ᠤᠨ
ᠰᠤᠯᠠ
ᠦᠢᠯᠡᠴᠢᠯᠡᠯ
ᠴᠡᠨᠡᠭ ᠦ᠋ᠨ
ᠲᠠᠷᠬᠠᠯᠲᠠ ᠳ᠋ᠤ
ᠪᠠᠭ᠎ ‍ᠠ᠋
ᠨᠥᠯᠦᠭᠡᠯᠡᠭᠰᠡᠨ
ᠨᠢ
ᠭᠠᠳᠠᠷᠭᠤ
ᠣᠷᠴᠢᠮ ‍ᠤᠨ
ᠴᠡᠨᠡᠭ ᠦ᠋ᠨ
ᠨᠢᠭᠲᠠᠰᠢᠯ
ᠬᠦᠴᠦ ᠲᠡᠢ
ᠭᠠᠳᠠᠭᠠᠳᠤ
ᠴᠠᠬᠢᠯᠭᠠᠨ
ᠣᠷᠤᠨ ‍ᠤ
ᠦᠢᠯᠡᠴᠢᠯᠡᠯ
ᠴᠡᠨᠡᠭ ᠦ᠋ᠨ
ᠲᠠᠷᠬᠠᠯᠲᠠ ᠳ᠋ᠤ
ᠶᠡᠬᠡ
ᠨᠥᠯᠦᠭᠡᠯᠡᠭᠰᠡᠨ
ᠨᠢ


ᠴᠠᠬᠢᠯᠭᠠᠨ ᠰᠠᠢᠢᠲᠤᠷ ᠳᠠᠮᠵᠢᠭᠤᠯᠳᠠᠭ ᠮᠧᠲ᠋ᠠᠯ[2] ᠳ᠋ᠤ ᠭᠠᠳᠠᠭᠠᠳᠤ ᠴᠠᠬᠢᠯᠭᠠ ᠣᠷᠤᠨ ᠦᠢᠯᠡᠴᠢᠯᠡᠬᠦ ᠳ᠋ᠦ ᠴᠡᠨᠡᠭ ᠨᠢ ᠳᠠᠬᠢᠨ ᠬᠤᠪᠢᠶᠠᠷᠢᠯᠠᠭᠳᠠᠬᠤ ᠳ᠋ᠤ ᠪᠠᠨ ᠭᠠᠳᠠᠭᠠᠳᠤ ᠴᠠᠬᠢᠯᠭᠠᠨ ᠣᠷᠤᠨ ᠲᠠᠢ ᠪᠦᠷᠢᠨ ᠲᠡᠩᠴᠠᠪᠦᠷᠶ ᠲᠦ ᠬᠦᠷᠲᠡᠯ ᠶ᠋ᠢᠡᠨ ᠬᠤᠪᠢᠶᠠᠷᠢᠯᠠᠭᠳᠠᠨ᠎ ‍ᠠ᠋᠃
ᠴᠢᠩᠭᠢᠬᠦ ᠳ᠋ᠦ ᠪᠡᠨ ᠳᠠᠮᠵᠢᠭᠤᠯᠤᠭᠴᠢ ᠶ᠋ᠢᠨ ᠬᠣᠶᠠᠷ ᠡᠰᠡᠷᠭᠦ ᠲᠠᠯ ‍ᠠ᠋ ᠳ᠋᠋ᠤ ᠢ᠍ᠨᠳᠦ᠋ᠻᠴᠢᠯᠡᠭᠰᠡᠨ ᠡᠰᠡᠷᠭᠦ ᠴᠡᠨᠡᠭ ᠦ᠋ᠳ ᠪᠦᠷᠢᠳᠮᠦᠢ᠃
᠋ ᠳᠠᠮᠵᠢᠭᠤᠯᠤᠭᠴᠢ ᠶ᠋ᠢ ᠴᠡᠨᠡᠭᠯᠡᠬᠦ ᠳ᠋ᠦ ᠪᠡᠨ ᠴᠠᠬᠢᠯᠭᠠᠨ ᠰᠲ᠋ᠠᠲ᠋ᠢᠬ ᠢᠨ᠍ᠳᠦ᠋ᠭ᠌ᠼ ‍ᠢ ᠠᠰᠢᠭᠯᠠᠵᠤ ᠪᠣᠯᠤᠨ᠎ ‍ᠠ᠋᠃
᠋ ᠳᠠᠮᠵᠢᠭᠤᠯᠤᠭᠴᠢ ᠶ᠋ᠢ ᠭᠠᠵᠠᠷᠳᠠᠭᠤᠯᠤᠭᠠᠳ᠂ ᠡᠰᠡᠷᠭᠦ ᠴᠡᠨᠡᠭᠯᠡᠭᠳᠡᠭᠰᠡᠨ ᠪᠡᠶᠡᠲᠦ ᠶ᠋ᠢ ᠳᠠᠮᠵᠢᠭᠤᠯᠤᠭᠴᠢ ᠳ᠋ᠤ ᠬᠦᠷᠭᠡᠬᠦ ᠦᠭᠡᠢ ᠪᠡᠷ ᠣᠢᠢᠷᠠᠲᠠᠭᠤᠯᠪᠠᠯ ᠲᠣᠳᠤᠷᠬᠠᠢ ᠬᠡᠮᠵᠢᠶᠡᠨ ‍ᠤ ᠰᠥᠷᠦᠭ ᠴᠡᠨᠡᠭ ᠭᠠᠵᠠᠷ ᠤᠷᠤᠭᠤ ᠤᠷᠠᠰᠴᠤ᠂ ᠡᠶᠡᠷᠭᠦ ᠴᠡᠨᠡᠭ ᠶ᠋ᠢᠡᠷ ᠰᠣᠯᠢᠭᠳᠠᠨ᠎ ‍ᠠ᠋᠃
᠋ ᠡᠨᠡ ᠦᠶ ‍ᠠ᠋ ᠳ᠋ᠦ ᠨᠢ ᠭᠠᠵᠠᠷᠳᠠᠭᠤᠯᠭ᠎ ‍ᠠ᠋ ᠶ᠋ᠢ ᠰᠠᠯᠭᠠᠭᠠᠳ᠂ ᠪᠠᠰᠠ ᠴᠡᠨᠡᠭ ᠲᠡᠢ ᠪᠡᠶᠡᠲᠦ ᠶ᠋ᠢ ᠬᠣᠯᠠᠳᠠᠭᠤᠯᠪᠠᠯ ᠳᠠᠮᠵᠢᠭᠤᠯᠤᠭᠴᠢ ᠴᠡᠨᠡᠭᠯᠡᠭᠳᠡᠭᠰᠡᠨ ᠬᠡᠪ ᠶ᠋ᠢᠡᠷ ᠦᠯᠡᠳᠡᠨ᠎ ‍ᠠ᠋᠃
᠋ ᠳᠠᠮᠵᠢᠭᠤᠯᠤᠭᠴᠢ ᠶ᠋ᠢ ᠭᠠᠵᠠᠷᠳᠠᠭᠤᠯᠠᠯ ‍ᠠ᠋ ᠦᠭᠡᠢ ᠪᠡᠷ ᠭᠠᠳᠠᠭᠠᠳᠤ ᠴᠠᠬᠢᠯᠭᠠ ᠣᠷᠤᠨ ᠶ᠋ᠢᠠᠷ ᠦᠢᠯᠡᠴᠢᠯᠡᠭᠡᠳ᠂ ᠦᠢᠯᠡᠴᠢᠯᠡᠯ ‍ᠢ ᠠᠷᠢᠯᠭᠠᠪᠠᠯ ᠢᠨ᠍ᠳᠦ᠋ᠻᠴᠢᠯᠡᠭᠳᠡᠭᠰᠡᠨ ᠴᠡᠨᠡᠭ ᠦ᠋ᠳ ᠨᠢ ᠳᠠᠬᠢᠨ ᠬᠤᠪᠢᠶᠠᠷᠢᠯᠠᠭᠳᠠᠭᠠᠳ᠂ ᠡᠷᠭᠢᠭᠡᠳ ᠰᠠᠭᠠᠷᠮᠠᠭ ᠪᠣᠯᠤᠨ᠎ ‍ᠠ᠋᠃[3]

ᠦᠯᠦ ᠳᠠᠮᠵᠢᠭᠤᠯᠤᠭᠴᠢ ᠳ᠋ᠠᠬᠢ ᠴᠠᠬᠢᠯᠭᠠᠨ ᠰᠲ᠋ᠠᠲ᠋ᠢᠭ ᠢᠨ᠍ᠳᠦ᠋ᠭ᠌ᠼ[засварлах | кодоор засварлах]

ᠴᠡᠨᠡᠭ ᠦ᠋ᠳ ᠦ᠋ᠨ ᠨᠢ ᠬᠥᠳᠡᠯᠭᠡᠭᠡᠨ ᠬᠢᠵᠠᠭᠠᠷᠯᠠᠭᠳᠠᠮᠠᠯ ᠪᠠᠢᠢᠳᠠᠭ ᠪᠣᠳᠠᠰ ᠳᠠᠬᠢ ᠴᠡᠨᠡᠭ ᠦ᠋ᠳ ᠦ᠋ᠨ ᠬᠥᠳᠡᠯᠭᠡᠭᠡᠨ ‍ᠢ ᠳ᠋ᠢᠧᠯᠧᠻᠲ᠋ᠷᠢᠭ[4] ᠲᠤᠢᠢᠯᠰᠢᠷᠠᠯ ᠭᠡᠨ᠎ ‍ᠡ᠋᠃
᠋ ᠭᠠᠳᠠᠭᠠᠳᠤ ᠴᠠᠬᠢᠯᠭᠠᠨ ᠣᠷᠤᠨ ᠳ᠋ᠤ ᠲᠤᠢᠢᠯᠰᠢᠷᠳᠠᠭ ᠪᠣᠳᠠᠰ ᠦ᠋ᠳ ‍ᠢ ᠳ᠋ᠢᠧᠯᠧᠻᠲ᠋ᠷᠢᠭ ᠭᠡᠳᠡᠭ᠃[5]

ᠤᠶᠠᠯᠳᠤᠭ᠎ ‍ᠠ᠋ ᠲᠠᠢ ᠰᠡᠳᠦᠪ[засварлах | кодоор засварлах]

ᠴᠠᠬᠢᠯᠭᠠᠨ ᠰᠣᠷᠢᠨᠵᠢᠨ ᠢᠨ᠍ᠳᠦ᠋ᠭ᠌ᠼ
ᠰᠣᠷᠢᠨᠵᠢᠨ ᠢᠨ᠍ᠳᠦ᠋ᠭ᠌ᠼ
ᠴᠠᠭᠢᠯᠭᠠᠨ ᠢᠨ᠍ᠳᠦ᠋ᠭ᠌ᠼ

ᠲᠦᠯᠬᠢᠭᠦᠷ ᠦᠭᠡᠰ[засварлах | кодоор засварлах]

цахилгаан статик индукц
цэнэг
цахилгаан орон
electrostatic induction
electrostatic influence
charge
electric field
электростатическая индукция
заряды
электрическое поле

ᠵᠡᠭᠦᠯᠲᠦ᠂ ᠡᠬᠢ ᠰᠤᠷᠪᠤᠯᠵᠢ[засварлах | кодоор засварлах]

  1. SolverBook. Электростатическая индукция. ᠬᠠᠨᠳᠤᠭᠰᠠᠨ 2020/09/16
  2. metal
  3. Г.С. Ландсберг. Элементарный учебник физики. Т. 2. Электричество и магнетизм. § 8. Электризация через влияние. М.: ФИЗМАТЛИТ, 2003
  4. dielectric
  5. SolverBook. Электростатическая индукция. ᠬᠠᠨᠳᠤᠭᠰᠠᠨ 2020/09/16