Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳᠣᠷᠤᠨᠠᠳᠤ ᠾᠤ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
===ᠳᠣᠷᠣᠨᠠᠲᠤ ᠾᠤ ᠪᠠ ᠾᠢᠶᠣᠩᠨᠦ=== <br> {| class="wikitable" |+ |[[File:Asia 001ad.jpg|align: top|thumb|center]] |style = "height: 100px;"|ᠾᠢᠶᠣᠩᠨᠦ ᠨᠠᠷ ᠳᠣᠷᠤᠨᠠᠳᠤ ᠾᠤ ᠶ᠋᠋ᠢ ᠪᠤᠲᠠ ᠴᠣᠬᠢᠭᠰᠠᠨ ᠶ᠋᠋ᠢᠠᠷ ᠤᠬᠤᠸᠠᠨ ᠪᠠ ᠰᠢᠶᠠᠨᠪᠧᠢ ᠭᠡᠰᠡᠨ ᠬᠣᠶᠠᠷ ᠪᠦᠯᠦᠭ ᠠᠶ᠋᠋ᠢᠮᠠᠭ᠋ ᠤᠳ ᠪᠣᠯᠵᠤ ᠪᠤᠲᠠᠷᠠᠭᠰᠠᠨ |} <br> ᠾᠢᠶᠣᠩᠨᠦ ᠶ᠋᠋ᠢᠨ ᠲᠦᠮᠡᠨ ᠴᠠᠨ ᠢᠦᠶ ᠶ᠋᠋ᠢᠨ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 220 - 209 ᠣᠨ) ᠦᠶ᠎ᠡ ᠬᠦᠷᠬᠦ ᠳᠦ ᠳᠣᠷᠣᠨᠠᠲᠤ ᠾᠤ ᠨᠡᠩ ᠬᠦᠴᠦᠷᠬᠡᠭ ᠪᠣᠯᠤᠭᠰᠠᠨ ᠪᠠᠶ᠋ᠢᠪᠠ᠃<ref>Watson᠂ Burton᠃ (1993). Records of the Grand Historian by Sima Qian. Translated by Burton Watson. Revised Edition. Columbia University Press.</ref> ᠡᠨᠡ ᠦᠶ᠎ᠡ ᠳᠦ ᠳᠣᠷᠣᠨᠠᠲᠤ ᠾᠤ ᠨᠠᠷ 20 ᠲᠦᠮᠡᠨ ᠮᠣᠷᠢᠲᠤ ᠴᠡᠷᠢᠭ ᠭᠠᠷᠭᠠᠬᠤ ᠬᠦᠴᠦ ᠴᠢᠳᠠᠯ ᠲᠠᠢ ᠪᠠᠶ᠋ᠢᠯ᠎ᠠ᠃ ᠮᠣᠭᠳᠣᠭ 209 ᠣᠨ ᠳᠤ ᠴᠠᠨ ᠢᠦᠶ ᠴᠣᠯᠠ ᠠᠪᠴᠤ᠂ ᠾᠢᠶᠣᠩᠨᠦ ᠶ᠋᠋ᠢ ᠵᠠᠬᠢᠷᠬᠤ ᠪᠣᠯᠬᠤ ᠳᠤ ᠳᠣᠷᠣᠨᠠᠲᠤ ᠾᠤ ᠨᠠᠷ ᠤᠨ ᠠᠶ᠋ᠢᠮᠠᠭ ᠤᠨ ᠬᠣᠯᠪᠣᠭᠠᠨ ᠤ ᠵᠣᠩᠬᠢᠯᠠᠭᠴᠢ ᠨᠠᠷ ᠲᠡᠭᠦᠨ ᠢ ᠳᠣᠷᠣᠨᠠᠲᠤ ᠾᠤ ᠡᠴᠡ ᠠᠶᠤᠳᠠᠭ ᠬᠡᠪ ᠶ᠋᠋ᠢᠡᠷ ᠭᠡᠵᠦ ᠦᠵᠡᠭᠡᠳ᠂ ᠠᠯᠪᠠ ᠪᠠᠷᠢᠬᠤ ᠶ᠋ᠢ ᠱᠠᠭᠠᠷᠳᠠᠪᠠ᠃ ᠲᠡᠭᠦᠨᠴᠢᠯᠡᠨ 209 ᠣᠨ ᠳᠤ ᠮᠣᠭᠳᠣᠭ ᠴᠠᠨ ᠢᠦᠶ ᠡᠴᠡ ᠡᠬᠢᠯᠡᠭᠡᠳ ᠠᠷᠭᠠᠮᠠᠭ ᠬᠦᠯᠢᠭ ᠢ ᠨᠢ᠂ ᠳᠠᠷᠠᠭ᠎ᠠ ᠨᠢ ᠬᠠᠴᠠᠷ ᠭᠤᠤ᠎ᠠ ᠬᠠᠲᠤᠨ ᠢ ᠨᠢ ᠨᠡᠬᠡᠵᠦ᠂ ᠪᠤᠯᠢᠶᠠᠵᠤ ᠠᠪᠤᠪᠠ᠃ ᠡᠭᠦᠨ ᠦ ᠳᠠᠷᠠᠭ᠎ᠠ ᠳᠣᠷᠣᠨᠠᠲᠤ ᠾᠤ ᠪᠠ ᠾᠢᠶᠣᠩᠨᠦ ᠶ᠋᠋ᠢᠨ ᠠᠯᠢ ᠨᠢ ᠴᠦ ᠠᠰᠢᠭᠯᠠᠳᠠᠭ ᠦᠭᠡᠢ᠂ ᠵᠠᠪᠰᠠᠷ ᠤᠨ ᠵᠡᠯᠢᠭᠦᠳ ᠨᠤᠲᠤᠭ ᠢ ᠳᠣᠷᠣᠨᠠᠲᠤ ᠾᠤ ᠠᠪᠤᠶ᠎ᠠ ᠭᠡᠵᠡᠢ᠃ ᠡᠮᠦᠨᠡᠬᠢ ᠬᠣᠶᠠᠷ ᠱᠠᠭᠠᠷᠳᠠᠯᠭ᠎ᠠ ᠶ᠋ᠢ ᠾᠢᠶᠣᠩᠨᠦ ᠨᠠᠷ ᠨᠡᠩ ᠳᠠᠷᠤᠢ ᠪᠡᠶᠡᠯᠡᠭᠦᠯᠵᠦ ᠪᠠᠶ᠋ᠢᠭᠰᠠᠨ ᠳᠤ ᠳᠣᠷᠣᠨᠠᠲᠤ ᠾᠤ ᠨᠠᠷ ᠰᠡᠷᠡᠮᠵᠢ ᠠᠯᠠᠳᠠᠨ ᠲᠠᠶ᠋ᠢᠪᠤᠰᠢᠷᠠᠵᠤ᠂ ᠳᠠᠶ᠋ᠢᠲᠤᠬᠤ ᠪᠡᠯᠡᠳᠬᠡᠯ ᠦᠭᠡᠢ ᠰᠠᠭᠤᠵᠤ ᠪᠠᠶ᠋ᠢᠭᠰᠠᠨ ᠦᠶ᠎ᠡ ᠶ᠋ᠢ ᠮᠣᠭᠳᠣᠭ ᠴᠠᠨ ᠢᠦᠶ ᠤᠷᠠᠨ ᠶ᠋᠋ᠢᠠᠷ ᠠᠰᠢᠭᠯᠠᠨ ᠭᠡᠨᠡᠳᠡᠭᠦᠯᠦᠨ ᠳᠣᠪᠲᠣᠯᠵᠤ ᠪᠤᠲᠠ ᠴᠣᠬᠢᠭᠰᠠᠨ ᠪᠠᠶ᠋ᠢᠨ᠎ᠠ᠃ ᠾᠢᠶᠣᠩᠨᠦ ᠨᠠᠷ ᠳᠣᠷᠣᠨᠠᠲᠤ ᠾᠤ ᠶ᠋᠋ᠢᠨ ᠵᠣᠩᠬᠢᠯᠠᠭᠴᠢ ᠶ᠋ᠢ ᠬᠥᠨᠥᠭᠡᠵᠦ᠂ ᠳᠣᠷᠣᠨᠠᠲᠤ ᠾᠤ ᠶ᠋᠋ᠢᠨ ᠠᠶ᠋ᠢᠮᠠᠭ ᠤᠨ ᠬᠣᠯᠪᠣᠭ᠎ᠠ ᠰᠠᠷᠨᠢᠨ ᠪᠤᠲᠠᠷᠠᠵᠠᠢ᠃ ᠪᠤᠲᠠᠷᠠᠭᠰᠠᠨ ᠠᠶ᠋ᠢᠮᠠᠭ ᠤᠳ ᠾᠢᠶᠣᠩᠨᠦ ᠡᠴᠡ ᠵᠢᠭᠤᠳᠠᠵᠤ ᠳᠣᠷᠣᠨ᠎ᠠ ᠵᠦᠭ ᠳᠦᠷᠪᠡᠭᠰᠡᠨ᠂ ᠵᠠᠷᠢᠮ ᠨᠢ ᠾᠢᠶᠣᠩᠨᠦ ᠳ᠋ᠦ ᠵᠠᠬᠢᠷᠤᠭᠳᠠᠵᠤ ᠠᠯᠪᠠ ᠪᠠᠷᠢᠬᠤ ᠪᠣᠯᠤᠭᠰᠠᠨ ᠪᠠᠶ᠋ᠢᠨ᠎ᠠ᠃ ᠤᠬᠤᠸᠠᠨ ᠠᠶ᠋ᠢᠮᠠᠭ ᠦᠬᠡᠷ᠂ ᠠᠳᠤᠭᠤᠨ ᠤ ᠰᠢᠷᠢ ᠪᠡᠷ ᠠᠯᠪᠠ ᠪᠠᠷᠢᠵᠤ ᠪᠠᠶ᠋ᠢᠭᠰᠠᠨ ᠪᠠ ᠠᠯᠪᠠ ᠠᠯᠳᠠᠭᠤᠯᠤᠭᠰᠠᠨ ᠬᠦᠮᠦᠰ ᠦᠨ ᠡᠬᠡᠨᠡᠷ ᠬᠡᠦᠬᠡᠳ ᠢ ᠾᠢᠶᠣᠩᠨᠦ ᠨᠠᠷ ᠪᠣᠭᠣᠯ ᠪᠣᠯᠭᠠᠨ ᠬᠤᠷᠢᠶᠠᠨ ᠠᠪᠴᠤ ᠪᠠᠶ᠋ᠢᠵᠠᠢ᠃ ᠾᠢᠶᠣᠩᠨᠦ ᠶ᠋᠋ᠢ ᠰᠤᠯᠠᠷᠠᠵᠤ ᠢᠷᠡᠬᠦ ᠳᠦ ᠤᠬᠤᠸᠠᠨ ᠨᠠᠷ ᠬᠢᠲᠠᠳ ᠤᠨ ᠲᠤᠷᠬᠢᠷᠠᠭᠰᠠᠨ ᠶ᠋᠋ᠢᠠᠷ ᠾᠢᠶᠣᠩᠨᠦ ᠶ᠋᠋ᠢᠨ ᠡᠰᠡᠷᠭᠦ ᠳᠣᠪᠲᠣᠯᠵᠤ ᠪᠠᠶ᠋ᠢᠭᠰᠠᠨ ᠪᠠ᠂ ᠬᠣᠵᠢᠮ ᠨᠢ ᠪᠠᠰᠠ ᠾᠢᠶᠣᠩᠨᠦ ᠪᠠ ᠰᠢᠶᠠᠨᠪᠧᠢ ᠲᠠᠢ ᠨᠡᠶ᠋ᠢᠯᠡᠵᠦ ᠬᠢᠲᠠᠳ ᠤᠨ ᠡᠰᠡᠷᠭᠦ ᠳᠣᠪᠲᠣᠯᠵᠤ ᠪᠠᠶ᠋ᠢᠪᠠ᠃ ᠳᠣᠷᠣᠨᠠᠲᠤ ᠾᠤ ᠪᠤᠲᠠᠷᠠᠬᠤ ᠳᠤ ᠳᠦᠷᠪᠡᠵᠦ ᠳᠠᠶ᠋ᠢᠵᠢᠭᠰᠠᠨ ᠠᠶ᠋ᠢᠮᠠᠭ ᠤᠳ ᠤᠨ ᠨᠢᠭᠡ ᠨᠢ ᠰᠢᠶᠠᠨᠪᠧᠢ ᠶᠤᠮ᠃ ᠤᠬᠤᠸᠠᠨ ᠨᠠᠷ ᠪᠠᠶ᠋ᠢᠩᠭᠤ ᠶ᠋ᠢᠨ ᠳᠠᠶ᠋ᠢᠨ ᠪᠠᠶ᠋ᠢᠯᠳᠤᠭᠠᠨ ᠳᠤ ᠥᠷᠲᠥᠵᠦ ᠲᠤᠶ᠋ᠢᠯᠳᠠᠵᠤ ᠪᠠᠶ᠋ᠢᠬᠤ ᠳᠤ ᠰᠢᠶᠠᠨᠪᠧᠢ ᠠᠭᠠᠵᠢᠮ ᠶ᠋᠋ᠢᠠᠷ ᠬᠦᠴᠦᠷᠬᠡᠭᠵᠢᠵᠦ ᠪᠠᠶ᠋ᠢᠯ᠎ᠠ᠃ ᠬᠢᠲᠠᠳ ᠤᠨ ᠠᠩᠬᠠᠨ ᠤ ᠨᠢᠭᠡᠳᠦᠮᠡᠯ ᠭᠦᠷᠦᠨ Qin ᠤᠯᠤᠰ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 221–206 ᠣᠨ) ᠮᠥᠬᠦᠭᠰᠡᠨ ᠦ ᠳᠠᠷᠠᠭᠠᠬᠢ ᠥᠷᠢᠰᠦᠯᠳᠦᠭᠡᠨ ᠲᠡᠮᠡᠴᠡᠯ ᠦᠨ ᠡᠴᠦᠰ ᠲᠦ Han ᠤᠯᠤᠰ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 202 – 9 ᠣᠨ) ᠪᠠᠶ᠋ᠢᠭᠤᠯᠤᠭᠳᠠᠭᠰᠠᠨ ᠪᠠᠶ᠋ᠢᠳᠠᠭ᠃ Han ᠤᠯᠤᠰ ᠤᠨ ᠲᠦᠰᠢᠮᠡᠭ ᠪᠣᠯᠤᠭᠰᠠᠨ Yan ᠤᠯᠤᠰ ᠤᠨ ᠸᠠᠩ ᠳᠤ Lu Wan ᠭᠡᠭᠴᠢ ᠲᠣᠮᠢᠯᠠᠭᠳᠠᠵᠠᠢ᠃ Lu Wan 195 ᠣᠨ ᠳᠤ Han ᠤᠯᠤᠰ ᠤᠨ ᠡᠰᠡᠷᠭᠦ ᠪᠣᠰᠤᠯᠭ᠎ᠠ ᠭᠠᠷᠭᠠᠭᠰᠠᠨ ᠲᠦᠰᠢᠮᠡᠳ ᠲᠡᠢ ᠬᠤᠤᠪᠢᠯᠳᠤᠵᠤ᠂ ᠾᠢᠶᠣᠩᠨᠦ ᠶ᠋᠋ᠢᠨ ᠮᠣᠭᠳᠣᠭ ᠴᠠᠨ ᠢᠦᠶ ᠳᠦ ᠡᠯᠴᠢ ᠢᠯᠡᠭᠡᠭᠰᠡᠨ ᠬᠡᠮᠡᠨ ᠰᠡᠵᠢᠭᠯᠡᠭᠳᠡᠵᠡᠢ᠃ ᠲᠡᠷᠡ ᠪᠡᠷ ᠡᠵᠡᠨ ᠬᠠᠭᠠᠨ ᠠᠴᠠ ᠪᠠᠨ ᠶᠡᠬᠡᠳᠡ ᠠᠶᠤᠵᠤ᠂ ᠾᠢᠶᠣᠩᠨᠦ ᠳ᠋ᠦ ᠭᠡᠷ ᠪᠦᠯᠢ ᠪᠣᠯᠤᠨ 1000 ᠰᠢᠬᠠᠮ ᠠᠯᠪᠠᠲᠤ ᠶ᠋ᠢᠨ ᠬᠠᠮᠲᠤ ᠵᠢᠭᠤᠳᠠᠵᠤ ᠣᠴᠢᠵᠠᠢ᠃ ᠾᠢᠶᠣᠩᠨᠦ ᠨᠠᠷ ᠲᠡᠭᠦᠨ ᠢ ᠳᠣᠷᠣᠨᠠᠲᠤ ᠾᠦ ᠶ᠋᠋ᠢᠨ ᠸᠠᠩ ᠬᠡᠮᠡᠨ ᠡᠷᠭᠦᠮᠵᠢᠯᠡᠭᠰᠡᠨ ᠭᠡᠬᠦ ᠮᠡᠳᠡᠭᠡ ᠪᠠᠶ᠋ᠢᠳᠠᠭ᠃ <ref>Yan State. Academic Accelerator. ᠬᠠᠨᠳᠤᠭᠰᠠᠨ 2023/10/24 ᠃ https://academic-accelerator.com/encyclopedia/yan-state</ref> ᠡᠷᠲᠡᠨ ᠦ ᠬᠢᠲᠠᠳ ᠤᠨ ᠲᠡᠦᠬᠡᠴᠢ Sima Qian (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 145 – 86 ᠣᠨ) ᠾᠢᠶᠣᠩᠨᠦ ᠨᠠᠷ ᠲᠡᠭᠦᠨ ᠢ ᠡᠯᠡᠭᠯᠡᠵᠦ ᠸᠠᠩ ᠭᠡᠵᠦ ᠳᠠᠭᠤᠳᠠᠵᠤ ᠪᠠᠶ᠋ᠢᠭᠰᠠᠨ ᠭᠡᠵᠦ ᠲᠡᠮᠳᠡᠭᠯᠡᠭᠰᠡᠨ ᠪᠠᠶ᠋ᠢᠨ᠎ᠠ᠃ <ref>C. Keith Hansley. Lu Wan—A Childhood Friend Of Emperor Gaozu Who Abandoned The Han Dynasty And Became A Nomadic Ruler</ref> Lu Wan ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 194 ᠣᠨ ᠳᠤ ᠨᠠᠰᠤ ᠪᠠᠷᠠᠭᠰᠠᠨ ᠪᠠ ᠳᠣᠷᠣᠨᠠᠲᠤ ᠾᠦ ᠶ᠋᠋ᠢᠨ ᠸᠠᠩ ᠴᠣᠯᠠ ᠶ᠋ᠢ ᠨᠢ ᠲᠡᠭᠦᠨ ᠦ ᠬᠦᠦ Lu Tuozhi ᠵᠠᠯᠭᠠᠮᠵᠢᠯᠠᠵᠠᠢ᠃ ᠬᠠᠷᠢᠨ ᠲᠡᠷᠡ ᠪᠡᠷ ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 144 ᠣᠨ ᠳᠤ Han ᠤᠯᠤᠰ ᠲᠤ ᠣᠴᠢᠭᠠᠳ᠂ ᠤᠭ ᠴᠣᠯᠠ ᠶ᠋ᠢ ᠾᠧᠦ (hóu᠂ ᠨᠣᠶᠠᠨ) ᠬᠡᠷᠭᠡᠮ ᠶ᠋᠋ᠢᠡᠷ ᠰᠣᠯᠢᠭᠤᠯᠤᠭᠰᠠᠨ ᠪᠠᠶ᠋ᠢᠳᠠᠭ᠃ ᠰᠢᠶᠠᠨᠪᠧᠢ ᠨᠠᠷ 45 ᠣᠨ ᠳᠤ ᠾᠢᠶᠣᠩᠨᠦ ᠲᠠᠢ ᠨᠡᠶ᠋ᠢᠯᠡᠵᠦ ᠬᠢᠲᠠᠳ ᠤᠨ Han ᠤᠯᠤᠰ ᠤᠨ ᠬᠠᠷᠢᠶ᠎ᠠ ᠯᠢᠶᠣᠣᠳᠦ᠋ᠩ ᠬᠣᠶ᠋ᠢᠭ ᠲᠤ ᠬᠠᠯᠳᠠᠨ ᠳᠣᠪᠲᠣᠯᠵᠤ ᠪᠠᠶ᠋ᠢᠪᠠ᠃ ᠰᠢᠶᠠᠨᠪᠧᠢ ᠨᠠᠷ ᠨᠢᠭᠡᠨ ᠤᠳᠤᠷᠢᠳᠤᠯᠭ᠎ᠠ ᠳᠤ ᠨᠢᠭᠡᠳᠴᠦ ᠴᠢᠳᠠᠬᠤ ᠦᠭᠡᠢ ᠪᠠᠶ᠋ᠢᠭᠰᠠᠨ ᠪᠠ Han ᠤᠯᠤᠰ ᠤᠨ ᠲᠤᠷᠬᠢᠷᠠᠯᠲᠠ ᠪᠠᠷ ᠾᠢᠶᠣᠩᠨᠦ ᠪᠣᠯᠤᠨ ᠤᠬᠤᠸᠠᠨ ᠨᠠᠷ ᠤᠨ ᠡᠰᠡᠷᠭᠦ ᠤᠳᠠᠭ᠎ᠠ ᠳᠠᠷᠠᠭ᠎ᠠ ᠳᠣᠪᠲᠣᠯᠵᠤ ᠪᠠᠶ᠋ᠢᠵᠠᠢ᠃ ᠰᠢᠶᠠᠨᠪᠧᠢ ᠨᠠᠷ 87 ᠣᠨ ᠳᠤ ᠤᠮᠠᠷᠠᠳᠤ ᠾᠢᠶᠣᠩᠨᠦ ᠶ᠋᠋ᠢ ᠳᠣᠪᠲᠣᠯᠵᠤ᠂ ᠴᠠᠨ ᠢᠶᠦ ᠶ᠋᠋᠋ᠢ ᠬᠥᠨᠥᠭᠡᠵᠦ᠂ ᠳᠣᠷᠪᠢᠲᠠᠢ ᠢᠯᠠᠯᠲᠠ ᠪᠠᠶ᠋ᠢᠭᠤᠯᠤᠭᠰᠠᠨ ᠪᠠᠶ᠋ᠢᠨ᠎ᠠ᠃ ᠰᠢᠶᠠᠨᠪᠧᠢ ᠨᠠᠷ ᠾᠢᠶᠣᠩᠨᠦ ᠶ᠋᠋ᠢᠨ ᠨᠤᠲᠤᠭ ᠲᠤ ᠨᠡᠪᠲᠡᠷᠡᠵᠦ᠂ ᠠᠮᠢᠳᠤᠷᠠᠵᠤ ᠡᠬᠢᠯᠡᠭᠰᠡᠨ ᠪᠠ 93 ᠣᠨ ᠭᠡᠬᠦ ᠳᠦ ᠪᠠᠰᠠ 100000 ᠾᠢᠶᠣᠩᠨᠦ ᠡᠷᠦᠬᠡ ᠥᠪᠡᠷᠰᠡᠳ ᠢ ᠪᠡᠨ ᠰᠢᠶᠠᠨᠪᠧᠢ ᠭᠡᠵᠦ ᠨᠡᠷᠡᠯᠡᠭᠰᠡᠨ ᠪᠠᠶ᠋ᠢᠨ᠎ᠠ.᠃ Han ᠤᠯᠤᠰ ᠨᠢ ᠰᠢᠶᠠᠨᠪᠧᠢ᠂ ᠳ᠋ᠢᠩ ᠯᠢᠩ<sup>Dingling</sup> ᠨᠠᠷ ᠲᠠᠢ ᠬᠣᠯᠪᠣᠭ᠎ᠠ ᠲᠣᠭᠲᠠᠭᠠᠵᠤ᠂ ᠠᠯᠲᠠᠢ ᠶ᠋ᠢᠨ ᠨᠢᠷᠤᠭᠤᠨ ᠤ ᠶᠡᠬᠡ ᠪᠠᠶᠠᠨ ᠠᠭᠤᠯᠠ ᠭᠡᠳᠡᠭ ᠭᠠᠵᠠᠷ 95 ᠣᠨ ᠳᠤ ᠤᠮᠠᠷᠠᠳᠤ ᠾᠢᠶᠣᠩᠨᠦ ᠲᠡᠢ ᠲᠤᠯᠤᠯᠳᠤᠵᠤ᠂ ᠶᠡᠬᠡᠬᠡᠨ ᠬᠣᠬᠢᠷᠠᠯ ᠤᠴᠠᠷᠠᠭᠤᠯᠪᠠ᠃<ref>Crespigny᠂ Rafe de (2007)᠂ A Biographical Dictionary of Later Han to the Three Kingdoms᠂ Brill</ref> <br><br>
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width