Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠡᠭᠦᠯᠡ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠲᠡᠢᠢᠨ ᠪᠦᠲᠦᠴᠡ (architecture) ==
{| class="wikitable" |+ |[[File:Cloud Computing Architecture in Mongolian.jpg|align: top|thumb|center]] |style = "height: 140px;"|ᠡᠭᠦᠯᠡᠨ ᠲᠣᠭᠠᠴᠠᠭᠠᠯᠠᠯ ᠤᠨ ᠪᠦᠲᠦᠴᠡ᠄
ᠬᠡᠷᠡᠭᠯᠡᠭᠴᠢ ᠢᠢᠨ ᠳᠡᠳ᠋ ᠪᠦᠲᠦᠴᠡ user infrastructure
ᠬᠡᠷᠡᠭᠯᠡᠭᠦᠷ application
ᠦᠢᠯᠡᠴᠢᠯᠡᠭᠡ service
ᠬᠠᠳᠠᠭᠠᠯᠠᠮᠵᠢ storage
ᠢᠳᠡᠪᠬᠢᠵᠢᠯᠲᠦ ᠴᠠᠭ ᠤᠨ ᠡᠭᠦᠯᠡ runtime cloud
ᠤᠳᠤᠷᠢᠳᠤᠯᠭ ᠠ᠋ management
ᠠᠶᠤᠯ ᠦᠭᠡᠢ ᠪᠠᠶ᠋᠋ᠢᠳᠠᠯ security
ᠨᠢᠭᠤᠷ ᠲᠠᠯ ᠠ᠋ front end
ᠠᠷᠤ ᠲᠠᠯ ᠠ᠋ back end |}
ᠡᠭᠦᠯᠡᠨ ᠦ ᠠᠷᠻᠢᠲ᠋ᠧᠻᠲ᠋ᠦ᠋ᠷ ᠭᠡᠳᠡᠭ ᠨᠢ ᠡᠭᠦᠯᠡᠨ ᠲᠧᠻᠨᠣᠯᠣᠭᠢ ᠶᠢᠨtechnology ᠠᠵᠢᠯᠯᠠᠭ᠎ᠠ ᠶᠢ ᠳᠡᠮᠵᠢᠬᠦ ᠦᠨᠳᠦᠰᠦᠨ ᠳᠡᠳ᠋ ᠪᠦᠲᠦᠴᠡ᠂ ᠪᠦᠷᠢᠯᠳᠦᠬᠦᠨ ᠬᠡᠰᠡᠭ ᠦᠳ ᠪᠣᠯᠬᠤ ᠥᠭᠭᠥᠭᠳᠡᠯ ᠦᠨ ᠲᠥᠪ ᠦᠨ ᠲᠧᠻᠨᠢᠭ ᠬᠠᠩᠭᠠᠮᠵᠢ᠂ ᠸᠢᠷᠲᠤᠠᠯᠴᠢᠯᠠᠯvirtualisation᠂ ᠬᠡᠷᠡᠭᠯᠡᠭᠦᠷ ᠦᠳ᠂ ᠦᠢᠯᠡᠴᠢᠯᠡᠭᠡᠨ ᠨᠤᠭᠦᠳ ᠢ ᠬᠡᠯᠡᠳᠡᠭ᠃<ref>An Introduction to Cloud Architecture Design. Intel. ᠬᠠᠨᠳᠤᠭᠰᠠᠨ 2022/01/14 <nowiki>https://www.intel.com/content/www/us/en/cloud-computing/cloud-architecture.html</nowiki></ref>
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠨᠢ ᠦᠢᠯᠡᠴᠢᠯᠡᠭᠡᠨ ᠳᠦ ᠴᠢᠭᠯᠡᠭᠰᠡᠨ ᠠᠷᠻᠢᠲ᠋ᠧᠻᠲ᠋ᠦ᠋ᠷ ᠪᠠ ᠦᠢᠯᠡ ᠶᠠᠪᠤᠳᠠᠯ ᠳᠤ ᠬᠥᠲᠦᠯᠦᠭᠳᠡᠭᠰᠡᠨ ᠠᠷᠻᠢᠲ᠋ᠧᠻᠲ᠋ᠣᠷ ᠤᠨ ᠬᠣᠣᠰᠯᠠᠯ ᠶᠤᠮ᠃ ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠢ ᠳᠠᠷᠠᠭᠠᠬᠢ ᠬᠣᠶᠠᠷ ᠬᠡᠰᠡᠭ ᠲᠦ ᠬᠤᠪᠢᠶᠠᠳᠠᠭ᠄ <nowiki>*</nowiki> ''ᠨᠢᠭᠤᠷᠠᠨ ᠲᠠᠯ᠎ᠠ'' <nowiki>*</nowiki> ''ᠠᠷᠤ ᠲᠠᠯ᠎ᠠ'' ᠨᠢᠭᠤᠷᠠᠨ ᠲᠠᠯ᠎ᠠ ᠶᠢᠨ ᠬᠡᠰᠡᠭ ᠢ ᠦᠢᠯᠡᠴᠢᠯᠡᠭᠦᠯᠦᠭᠴᠢ ᠠᠰᠢᠭᠯᠠᠳᠠᠭ᠃ ᠡᠭᠦᠨ ᠳᠦ ᠡᠭᠦᠯᠡᠨ ᠲᠣᠭᠠᠴᠠᠭᠠᠯᠠᠯ ᠤᠨ ᠫ᠊ᠯᠠᠲ᠋ᠹᠣᠷᠮ ᠳᠤplarform ᠬᠠᠨᠳᠤᠬᠤ ᠳᠤ ᠱᠠᠭᠠᠷᠳᠠᠯᠭ᠎ᠠ ᠲᠠᠢ ᠦᠢᠯᠡᠴᠢᠯᠡᠭᠦᠯᠦᠭᠴᠢ ᠲᠠᠯ᠎ᠠ ᠶᠢᠨ ᠢᠨ᠍ᠲ᠋ᠧᠷᠹᠧᠢᠢᠰinterface ᠪᠣᠯᠤᠨ ᠫᠷᠣ᠌ᠭ᠌ᠷᠠᠮ ᠤᠳ ᠪᠠᠭᠲᠠᠳᠠᠭ᠃ ᠨᠢᠭᠤᠷᠠᠨ ᠲᠠᠯ᠎ᠠ ᠳᠤ ᠸᠧᠪweb ᠰᠧᠷᠸᠧᠷ ᠦᠳserver (Chrome᠂ Firefox᠂ internet explorer ᠭᠡᠬᠦ ᠮᠡᠲᠦ)᠂ thin/fat clients᠂ ᠲᠠᠪᠯᠧᠲtablet᠂ ᠬᠥᠳᠡᠯᠭᠡᠭᠡᠨ ᠳᠦ ᠲᠥᠬᠥᠭᠡᠷᠦᠮᠵᠢ ᠨᠦᠭᠦᠳ ᠪᠠᠶ᠋ᠢᠨ᠎ᠠ᠃
ᠠᠷᠤ ᠲᠠᠯ᠎ᠠ ᠶᠢ ᠦᠢᠯᠡᠴᠢᠯᠡᠭᠡ ᠦᠵᠡᠭᠦᠯᠦᠭᠴᠢ ᠠᠰᠢᠭᠯᠠᠳᠠᠭ᠃ ᠡ᠊ᠨᠳᠡ ᠡᠭᠦᠯᠡᠨ ᠲᠣᠭᠠᠴᠠᠭᠠᠯᠠᠯ ᠤᠨ ᠦᠢᠯᠡᠴᠢᠯᠡᠭᠡᠨ ᠳᠦ ᠱᠠᠭᠠᠷᠳᠠᠯᠭ᠎ᠠ ᠲᠠᠢ ᠪᠦᠬᠦ ᠨᠥᠭᠡᠴᠡ ᠶᠢᠨ ᠤᠳᠤᠷᠢᠳᠤᠯᠭ᠎ᠠ ᠪᠠᠭᠳᠠᠨ᠎ᠠ᠃ ᠡᠭᠦᠨ ᠳᠦ ᠨᠡᠩ ᠶᠡᠬᠡ ᠬᠡᠮᠵᠢᠶᠡᠨ ᠦ ᠥᠭᠭᠥᠭᠳᠡᠯ ᠬᠠᠳᠠᠭᠠᠯᠠᠮᠵᠢ᠂ ᠠᠶᠤᠯ ᠦᠭᠡᠢ ᠶᠢᠨ ᠮᠧᠻᠠᠨᠢᠰᠮmechanism᠂ ᠸᠢᠷᠲᠤᠠᠯ ᠮᠠᠱᠢᠨ᠂ ᠲᠦᠭᠡᠭᠡᠯ ᠦᠨ ᠵᠠᠭᠪᠤᠷ᠂ ᠰᠧᠷᠸᠧᠷ᠂ ᠲᠷᠠᠹᠢᠻtraffic ᠬᠢᠨᠠᠯᠲᠠ ᠶᠢᠨ ᠮᠧᠻᠠᠨᠢᠰᠮ ᠣᠷᠣᠨ᠎ᠠ᠃
ᠨᠢᠭᠤᠷ ᠪᠠ ᠠᠷᠤ ᠶᠢᠨ ᠬᠡᠰᠡᠭ ᠬᠣᠶᠠᠭᠤᠯᠠ ᠶᠡᠷᠦᠩᠬᠡᠢ ᠳᠦ ᠪᠡᠨ ᠢᠨ᠍ᠲ᠋ᠧᠷᠨᠧᠲ ᠬᠣᠯᠪᠣᠯᠲᠠ᠂ ᠰᠦᠯᠵᠢᠶ᠎ᠡ ᠪᠡᠷ ᠪᠤᠰᠤᠳ ᠲᠠᠢ ᠬᠣᠯᠪᠣᠭᠳᠠᠨ᠎ᠠ᠃<ref name=":0">Cloud Computing Architecture. Java T Point. ᠬᠠᠨᠳᠤᠭᠰᠠᠨ 2022/01/14 <nowiki>https://www.javatpoint.com/cloud-computing-architecture</nowiki></ref>

'''ᠡᠭᠦᠯᠡᠨ ᠠᠷᠻᠢᠲ᠋ᠧᠻᠲ᠋ᠦ᠋ᠷ ᠤᠨ ᠪᠦᠷᠢᠯᠳᠦᠬᠦᠨ ᠬᠡᠰᠡᠭ ᠦᠳ''' ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠤᠨ ᠳᠠᠷᠠᠭᠠᠬᠢ ᠪᠦᠷᠢᠯᠳᠦᠬᠦᠨ ᠬᠡᠰᠡᠭ ᠦᠳ ᠪᠠᠶ᠋ᠢᠳᠠᠭ᠄ 1᠃ ᠦᠢᠯᠡᠴᠢᠯᠡᠭᠦᠯᠦᠭᠴᠢ ᠶᠢᠨ ᠳᠡᠳ᠋ ᠪᠦᠲᠦᠴᠡ᠄ ᠦᠢᠯᠡᠴᠢᠯᠡᠭᠦᠯᠦᠭᠴᠢ ᠶᠢᠨ ᠳᠡᠳ᠋ ᠪᠦᠲᠦᠴᠡ ᠨᠢ ᠨᠢᠭᠤᠷᠠᠨ ᠲᠠᠯ᠎ᠠ ᠶᠢᠨ ᠪᠦᠷᠢᠯᠳᠦᠬᠦᠨ ᠬᠡᠰᠡᠭ ᠶᠤᠮ᠃ ᠡᠨᠡ ᠨᠢ ᠡᠭᠦᠯᠡ ᠲᠡᠢ ᠬᠠᠷᠢᠯᠴᠠᠬᠤ ᠬᠡᠷᠡᠭᠯᠡᠭᠴᠢ ᠶᠢᠨ ᠭᠷᠠᠹᠢᠻ ᠢᠨ᠍ᠲ᠋ᠧᠷᠹᠡᠢᠢᠰ (GUI) ᠍ ᠪᠡᠷ ᠬᠠᠩᠭᠠᠳᠠᠭ᠃ 2᠃ ᠬᠡᠷᠡᠭᠯᠡᠭᠦᠷ᠄ ᠬᠡᠷᠡᠭᠯᠡᠭᠦᠷ ᠨᠢ ᠦᠢᠯᠡᠴᠢᠯᠡᠭᠦᠯᠦᠭᠴᠢ ᠶᠢᠨ ᠬᠠᠨᠳᠤᠬᠤ ᠶᠢ ᠬᠦᠰᠡᠭᠰᠡᠨ ᠶᠠᠮᠪᠠᠷᠪᠠ ᠫᠷᠣ᠌ᠭ᠌ᠷᠠᠮ ᠬᠠᠩᠭᠠᠮᠵᠢ ᠡᠰᠡᠪᠡᠯ ᠫ᠊ᠯᠠᠲ᠋ᠹᠣᠷᠮ ᠪᠠᠶ᠋ᠢᠵᠤ ᠪᠣᠯᠤᠨ᠎ᠠ᠃ 3᠃ ᠦᠢᠯᠡᠴᠢᠯᠡᠭᠡ᠄ ᠡᠭᠦᠯᠡᠨ ᠲᠣᠭᠠᠴᠠᠭᠠᠯᠠᠯ ᠨᠢ ᠳᠠᠷᠠᠭᠠᠬᠢ ᠭᠤᠷᠪᠠᠨ ᠬᠡᠪ ᠵᠠᠭᠪᠤᠷ ᠤᠨ ᠦᠢᠯᠡᠴᠢᠯᠡᠭᠡ ᠶᠢ ᠰᠠᠨᠠᠯ ᠪᠣᠯᠭᠠᠳᠠᠭ᠃ i᠃ ᠫᠷᠣ᠌ᠭ᠌ᠷᠠᠮ ᠬᠠᠩᠭᠠᠮᠵᠢ ᠦᠢᠯᠡᠴᠢᠯᠡᠭᠡ (SaaS) – SaaS ᠤᠨ ᠫᠷᠣ᠌ᠭ᠌ᠷᠠᠮ ᠤᠳ ᠶᠡᠬᠡᠪᠴᠢᠯᠡᠨ ᠰᠢᠭᠤᠳ ᠸᠧᠪ ᠬᠥᠲᠥᠴᠢ ᠪᠡᠷ ᠳᠠᠮᠵᠢᠨ ᠠᠵᠢᠯᠯᠠᠳᠠᠭ ᠲᠤᠯᠠ ᠲᠡᠳᠡᠭᠡᠷ ᠫᠷᠣ᠌ᠭ᠌ᠷᠠᠮ ᠢ ᠲᠠᠲᠠᠵᠤ ᠠᠪᠬᠤ᠂ ᠰᠠᠭᠤᠯᠭᠠᠬᠤ ᠱᠠᠭᠠᠷᠳᠠᠯᠭ᠎ᠠ ᠦᠭᠡᠢ᠃ ii. ᠫ᠊ᠯᠠᠲ᠋ᠹᠣᠷᠮ ᠦᠢᠯᠡᠴᠢᠯᠡᠭᠡ (PaaS) – SaaS ᠲᠠᠢ ᠲᠥᠰᠲᠡᠢ ᠪᠣᠯᠪᠠᠴᠤ PaaS ᠨᠢ ᠫᠷᠣ᠌ᠭ᠌ᠷᠠᠮ ᠬᠠᠩᠭᠠᠮᠵᠢ ᠡᠭᠦᠰᠭᠡᠬᠦ ᠫ᠊ᠯᠠᠲ᠋ᠹᠣᠷᠮ ᠢᠢᠠᠷ ᠬᠠᠩᠭᠠᠳᠠᠭ᠂ ᠬᠠᠷᠢᠨ SaaS ᠍ ᠢ ᠠᠰᠢᠭᠯᠠᠭᠰᠠᠨ ᠢᠢᠠᠷ ᠫ᠊ᠯᠠᠲ᠋ᠹᠣᠷᠮ ᠱᠠᠭᠠᠷᠳᠠᠯᠭ᠎ᠠ ᠦᠭᠡᠢ ᠪᠡᠷ ᠢᠨ᠍ᠲ᠋ᠧᠷᠨᠧᠲ ᠢᠢᠡᠷ ᠫᠷᠣ᠌ᠭ᠌ᠷᠠᠮ ᠬᠠᠩᠭᠠᠮᠵᠢ ᠳᠤ ᠬᠠᠨᠳᠤᠬᠤ ᠪᠣᠯᠤᠮᠵᠢ ᠲᠠᠢ ᠪᠠᠶ᠋ᠢᠳᠠᠭ᠃ iii. ᠳᠡᠳ᠋ ᠪᠦᠲᠦᠴᠡ ᠦᠢᠯᠡᠴᠢᠯᠡᠭᠡ (IaaS) - ᠡᠨᠡ ᠨᠢ ᠫᠷᠣ᠌ᠭ᠌ᠷᠠᠮ ᠤᠨ ᠥᠭᠭᠥᠭᠳᠡᠯ᠂ ᠳᠤᠮᠳᠠ ᠶᠢᠨ ᠫᠷᠣ᠌ᠭ᠌ᠷᠠᠮ᠂ ᠢᠳᠡᠪᠬᠢᠵᠢᠯᠲᠦ ᠴᠠᠭ ᠤᠨ ᠣᠷᠴᠢᠨ ᠢ ᠵᠣᠬᠢᠴᠠᠭᠤᠯᠬᠤ ᠡᠭᠦᠷᠭᠡ ᠲᠡᠢ᠃ 4᠃ ᠢᠳᠡᠪᠬᠢᠵᠢᠯᠲᠦ ᠴᠠᠭ ᠤᠨ ᠡᠭᠦᠯᠡ᠄ ᠢᠳᠡᠪᠬᠢᠵᠢᠯᠲᠦ ᠴᠠᠭ ᠤᠨ ᠡᠭᠦᠯᠡ ᠨᠢ ᠸᠢᠷᠲᠤᠠᠯ ᠮᠠᠱᠢᠨ ᠨᠤᠭᠤᠳ ᠢ ᠭᠦᠢᠴᠡᠳᠬᠡᠯ ᠪᠣᠯᠤᠨ ᠢᠳᠡᠪᠬᠢᠵᠢᠯᠲᠦ ᠴᠠᠭ ᠤᠨ ᠣᠷᠴᠢᠨ ᠢᠢᠠᠷ ᠬᠠᠩᠭᠠᠳᠠᠭ᠃ 5᠃ ᠬᠠᠳᠠᠭᠠᠯᠠᠮᠵᠢ᠄ ᠬᠠᠳᠠᠭᠠᠯᠠᠮᠵᠢ ᠨᠢ ᠡᠭᠦᠯᠡᠨ ᠲᠣᠭᠠᠴᠠᠭᠠᠯᠠᠯ ᠤᠨ ᠬᠠᠮᠤᠭ ᠤᠨ ᠴᠢᠬᠤᠯᠠ ᠪᠦᠷᠢᠯᠳᠦᠬᠦᠨ ᠬᠡᠰᠡᠭ ᠦᠳ ᠦᠨ ᠨᠢᠭᠡ ᠶᠤᠮ᠃ ᠡᠨᠡ ᠨᠢ ᠡᠭᠦᠯᠡᠨ ᠳᠦ ᠥᠭᠭᠥᠭᠳᠡᠯ ᠬᠠᠳᠠᠭᠠᠯᠠᠬᠤ᠂ ᠤᠳᠤᠷᠢᠳᠬᠤ ᠨᠡᠩ ᠶᠡᠬᠡ ᠬᠡᠮᠵᠢᠶᠡᠨ ᠦ ᠬᠠᠳᠠᠭᠠᠯᠠᠬᠤ ᠪᠠᠭᠲᠠᠭᠠᠮᠵᠢ ᠪᠠᠷ ᠬᠠᠩᠭᠠᠳᠠᠭ᠃ 6᠃ ᠳᠡᠳ᠋ ᠪᠦᠲᠦᠴᠡ᠄ ᠾᠣᠰᠲ ᠤᠨhost ᠲᠦᠪᠰᠢᠨ᠂ ᠫᠷᠣ᠌ᠭ᠌ᠷᠠᠮ ᠤᠨ ᠲᠦᠪᠰᠢᠨ᠂ ᠰᠦᠯᠵᠢᠶᠡᠨ ᠦ ᠲᠦᠪᠰᠢᠨ ᠳᠦ ᠦᠢᠯᠡᠴᠢᠯᠡᠭᠡ ᠦᠵᠡᠭᠦᠯᠳᠡᠭ᠃ ᠡᠭᠦᠯᠡᠨ ᠦ ᠳᠡᠳ᠋ ᠪᠦᠲᠦᠴᠡ ᠳᠦ ᠡᠭᠦᠯᠡᠨ ᠲᠣᠭᠠᠴᠠᠭᠠᠯᠠᠯ ᠤᠨ ᠵᠠᠭᠪᠤᠷ ᠢ ᠳᠡᠮᠵᠢᠬᠦ ᠳᠦ ᠱᠠᠭᠠᠷᠳᠠᠯᠭ᠎ᠠ ᠲᠠᠢ ᠰᠧᠷᠸᠧᠷ᠂ ᠬᠠᠳᠠᠭᠠᠯᠠᠬᠤ ᠰᠠᠩ᠂ ᠰᠦᠯᠵᠢᠶᠡᠨ ᠦ ᠲᠥᠬᠥᠭᠡᠷᠦᠮᠵᠢ᠂ ᠸᠢᠷᠲᠤᠠᠯᠴᠢᠯᠠᠯ ᠤᠨ ᠫᠷᠣ᠌ᠭ᠌ᠷᠠᠮ ᠬᠠᠩᠭᠠᠮᠵᠢ ᠪᠣᠯᠤᠨ ᠪᠤᠰᠤᠳ ᠬᠠᠳᠠᠭᠠᠯᠠᠬᠤ ᠨᠥᠭᠡᠴᠡ ᠵᠡᠷᠭᠡ ᠲᠧᠻᠨᠢᠭ ᠬᠠᠩᠭᠠᠮᠵᠢ᠂ ᠫᠷᠣ᠌ᠭ᠌ᠷᠠᠮ ᠬᠠᠩᠭᠠᠮᠵᠢ ᠶᠢᠨ ᠵᠦᠢᠯᠡᠰ ᠬᠠᠮᠤᠷᠤᠭᠳᠠᠨ᠎ᠠ᠃ 7᠃ ᠤᠳᠤᠷᠢᠳᠤᠯᠭ᠎ᠠ᠄ ᠤᠳᠤᠷᠢᠳᠤᠯᠭ᠎ᠠ ᠵᠣᠬᠢᠴᠠᠭᠤᠯᠤᠯᠲᠠ ᠨᠢ ᠫᠷᠣ᠌ᠭ᠌ᠷᠠᠮ᠂ ᠦᠢᠯᠡᠴᠢᠯᠡᠭᠡ᠂ ᠢᠳᠡᠪᠬᠢᠵᠢᠯᠲᠦ ᠴᠠᠭ ᠤᠨ ᠡᠭᠦᠯᠡ᠂ ᠬᠠᠳᠠᠭᠠᠯᠠᠬᠤ ᠰᠠᠩ᠂ ᠳᠡᠳ᠋ ᠪᠦᠲᠦᠴᠡ᠂ ᠪᠤᠰᠤᠳ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠣᠬᠢᠴᠠᠭᠤᠯᠬᠤ᠂ ᠲᠡᠳᠡᠭᠡᠷ ᠦᠨ ᠬᠣᠭᠣᠷᠣᠨᠳᠣ ᠶᠢᠨ ᠤᠶᠠᠯᠳᠤᠭ᠎ᠠ ᠶᠢ ᠬᠠᠩᠭᠠᠬᠤ ᠳᠤ ᠬᠡᠷᠡᠭᠲᠡᠢ᠃ 8᠃ ᠠᠶᠤᠯ ᠦᠭᠡᠢ ᠪᠠᠶ᠋ᠢᠳᠠᠯ᠄ ᠠᠶᠤᠯ ᠦᠭᠡᠢ ᠪᠠᠶ᠋ᠢᠳᠠᠯ ᠨᠢ ᠡᠭᠦᠯᠡᠨ ᠲᠣᠭᠠᠴᠠᠭᠠᠯᠠᠯ ᠤᠨ ᠰᠠᠯᠤᠰᠢ ᠦᠭᠡᠢ ᠪᠦᠷᠢᠯᠳᠦᠬᠦᠨ ᠬᠡᠰᠡᠭ ᠶᠤᠮ᠃ ᠠᠷᠤ ᠶᠢᠨ ᠬᠡᠰᠡᠭ ᠲᠦ ᠬᠠᠮᠠᠭᠠᠯᠠᠯᠲᠠ ᠶᠢᠨ ᠮᠧᠻᠠᠨᠢᠰᠮ ᠢ ᠬᠡᠷᠡᠭᠵᠢᠭᠦᠯᠳᠡᠭ᠃ 9᠃ ᠢᠨ᠍ᠲ᠋ᠧᠷᠨᠧᠲ᠄ ᠢᠨ᠍ᠲ᠋ᠧᠷᠨᠧᠲ ᠨᠢ ᠨᠢᠭᠤᠷᠠᠨ ᠲᠠᠯ᠎ᠠ ᠪᠠ ᠠᠷᠤ ᠲᠠᠯ᠎ᠠ ᠬᠣᠭᠣᠷᠣᠨᠳᠣ ᠪᠠᠨ ᠬᠠᠷᠢᠯᠴᠠᠨ ᠦᠢᠯᠡᠴᠢᠯᠡᠵᠦ᠂ ᠮᠡᠳᠡᠭᠡᠯᠡᠯ ᠰᠤᠯᠢᠯᠴᠠᠬᠤ ᠣᠷᠴᠢᠨ ᠶᠤᠮ᠃<ref name=":0" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width