Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠭᠡᠷᠡᠯ ᠊ᠦᠨ ᠮᠢᠨᠳᠠᠰᠤ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
==ᠠᠵᠢᠯᠯᠠᠭ᠎ᠠ==
{| class="wikitable" |+ |[[File:Fiber-optic-construction.png|align: top|thumb|center]] |style = "height: 110px;"|ᠭᠡᠷᠡᠯ ᠦᠨ ᠮᠢᠨᠳᠠᠰᠤᠨ ᠤ ᠪᠦᠲᠦᠴᠡ |}
ᠭᠡᠷᠡᠯ ᠦᠨ ᠮᠢᠨᠳᠠᠰᠤ ᠨᠢ ᠵᠢᠷᠦᠬᠡᠪᠴᠢ (core)᠂ ᠪᠦᠷᠬᠦᠪᠴᠢ (cladding᠂ ᠪᠦᠷᠬᠦᠭᠦᠯ)᠂ ᠭᠠᠳᠠᠷ (buffer coating) ᠭᠡᠰᠡᠨ ᠭᠤᠷᠪᠠᠨ ᠬᠡᠰᠡᠭ ᠡᠴᠡ ᠪᠥᠷᠢᠳᠦᠨ᠎ᠡ᠃ ᠵᠢᠷᠦᠬᠡᠪᠴᠢ ᠨᠢ ᠬᠠᠮᠤᠭ ᠤᠨ ᠳᠣᠲᠣᠭᠠᠳᠤ ᠬᠡᠰᠡᠭ ᠪᠥᠭᠡᠳ ᠬᠦᠮᠦᠨ ᠦ ᠦᠰᠦᠨ ᠦ ᠣᠷᠴᠢᠮ ᠥᠷᠭᠡᠨ ᠲᠡᠢ ᠮᠠᠰᠢ ᠨᠢᠮᠭᠡᠨ ᠰᠢᠯᠢᠨ ᠮᠢᠨᠳᠠᠰᠤ ᠪᠠᠷ ᠬᠢᠭᠳᠡᠭᠰᠡᠨ ᠪᠠᠶᠢᠳᠠᠭ᠃ ᠪᠦᠷᠬᠦᠪᠴᠢ ᠨᠢ ᠵᠢᠷᠦᠬᠡᠪᠴᠢ ᠶᠢ ᠬᠦᠷᠢᠶᠡᠯᠡᠬᠦ ᠪᠠ ᠮᠥᠨ ᠰᠢᠯᠢ ᠪᠡᠷ ᠬᠢᠭᠳᠡᠭᠰᠡᠨ ᠪᠣᠯᠪᠠᠴᠤ ᠬᠤᠭᠤᠷᠠᠯ ᠤᠨ ᠢᠨᠳᠧᠻᠰ ᠪᠠᠭ᠎ᠠ ᠲᠠᠢ᠃ ᠭᠠᠳᠠᠷ ᠨᠢ ᠬᠠᠮᠤᠭ ᠤᠨ ᠭᠠᠳᠠᠨ᠎ᠠ ᠲᠠᠯ᠎ᠠ ᠶᠢᠨ ᠳᠠᠪᠬᠤᠷᠭ᠎ᠠ ᠪᠥᠭᠡᠳ ᠮᠢᠨᠳᠠᠰᠤ ᠶᠢ ᠭᠡᠮᠲᠦᠬᠦ ᠡᠴᠡ ᠬᠠᠮᠠᠭᠠᠯᠠᠬᠤ ᠵᠣᠷᠢᠯᠭ᠎ᠠ ᠪᠠᠷ ᠻᠬᠤᠪᠠᠨᠴᠢᠷ ᠪᠣᠯᠤᠨ ᠪᠤᠰᠤᠳ ᠮᠠᠲ᠋ᠧᠷᠢᠶᠠᠯ ᠢᠢᠠᠷ ᠬᠢᠭᠳᠡᠭᠰᠡᠨ ᠪᠠᠶ᠋ᠢᠳᠠᠭ᠃<ref>Craig Freudenrich, Chris Pollette. How Fiber Optics Work. How Stuff Works 2022/07/29 <nowiki>https://computer.howstuffworks.com/fiber-optic1.htm</nowiki></ref>
ᠭᠡᠷᠡᠯ ᠦᠨ ᠮᠢᠨᠳᠠᠰᠤ ᠶᠢᠨ ᠵᠢᠷᠦᠬᠡᠪᠴᠢ ᠦᠷᠦᠭᠦ ᠣᠷᠣᠭᠰᠠᠨ ᠭᠡᠷᠡᠯ ᠴᠢᠨᠠᠭᠰᠢ ᠶᠠᠪᠤᠬᠤ ᠳᠤ ᠪᠠᠨ ᠪᠦᠷᠬᠦᠪᠴᠢ ᠡᠴᠡ ᠣᠶ᠋ᠢᠬᠤ ᠪᠥᠭᠡᠳ ᠢᠩᠭᠢᠭᠰᠡᠨ ᠢᠢᠡᠷ ᠭᠡᠷᠡᠯ ᠢ ᠵᠢᠷᠦᠬᠡᠪᠴᠢ ᠳᠣᠲᠣᠷ᠎ᠠ ᠪᠠᠶ᠋ᠢᠯᠭᠠᠵᠤ᠂ ᠭᠠᠳᠠᠭᠰᠢ ᠠᠯᠳᠠᠭᠳᠠᠬᠤ ᠠᠴᠠ ᠰᠡᠷᠭᠡᠶ᠋ᠢᠯᠡᠳᠡᠭ᠃ ᠭᠡᠷᠡᠯ ᠨᠢ ᠵᠢᠷᠦᠬᠡᠪᠴᠢ ᠪᠡᠷ ᠳᠠᠮᠵᠢᠨ ᠠᠶᠠᠯᠠᠬᠤ ᠳᠤ ᠪᠠᠨ ᠪᠦᠷᠬᠦᠪᠴᠢ ᠶᠢᠨ ᠵᠠᠭᠠᠭ ᠠᠴᠠ ᠮᠣᠬᠣᠭ᠎ᠠ ᠥᠨᠴᠥᠭ ᠢᠢᠡᠷ ᠡᠷᠭᠢᠵᠦ ᠣᠶ᠋ᠢᠵᠢ ᠪᠤᠴᠠᠵᠤ ᠪᠠᠶ᠋ᠢᠳᠠᠭ᠃ ᠡᠭᠦᠨ ᠢ ᠪᠦᠷᠢᠨ ᠳᠣᠲᠣᠭᠠᠳᠤ ᠣᠶ᠋ᠢᠯᠲᠠ ᠭᠡᠳᠡᠭ᠃ ᠭᠡᠷᠡᠯ ᠦᠨ ᠮᠢᠨᠳᠠᠰᠤᠨ ᠻᠠᠪᠧᠯ ᠨᠢ ᠴᠠᠬᠢᠯᠭᠠᠨ ᠤ ᠣᠷᠣᠨ ᠳᠤ ᠭᠡᠷᠡᠯ ᠢ ᠠᠰᠢᠭᠯᠠᠨ ᠬᠣᠯᠠ ᠵᠠᠢ ᠳᠤ ᠥᠭᠭᠥᠭᠳᠡᠯ ᠢ ᠥᠨᠳᠥᠷ ᠬᠤᠷᠳᠤ ᠲᠠᠢ ᠳᠠᠮᠵᠢᠭᠤᠯᠬᠤ ᠪᠣᠯᠤᠮᠵᠢ ᠲᠠᠢ᠃ ᠭᠡᠷᠡᠯ ᠦᠨ ᠮᠢᠨᠳᠠᠰᠤ ᠶᠢᠨ ᠵᠢᠷᠦᠬᠡᠪᠴᠢ ᠪᠡᠷ ᠳᠠᠮᠵᠢᠬᠤ ᠭᠡᠷᠡᠯ ᠢ ᠮᠣᠳᠦ᠋ᠯᠢᠶᠠᠼᠢᠯᠠᠵᠤmodulate᠂ ᠥᠭᠭᠥᠭᠳᠡᠯ ᠢ ᠨᠢᠭᠡ ᠪᠠ ᠲᠡᠭ ᠭᠡᠰᠡᠨ ᠬᠡᠯᠪᠡᠷᠢ ᠪᠡᠷ ᠢᠯᠡᠷᠬᠡᠶ᠋ᠢᠯᠡᠵᠦ ᠪᠣᠯᠤᠨ᠎ᠠ᠃ ᠮᠣᠳᠦ᠋ᠯᠢᠶᠠᠼᠢ ᠬᠢᠭᠳᠡᠭᠰᠡᠨ ᠭᠡᠷᠡᠯ ᠦᠨ ᠳᠣᠬᠢᠶ᠎ᠠ ᠨᠢ ᠮᠢᠨᠳᠠᠰᠤ ᠪᠠᠷ ᠳᠠᠮᠵᠢᠨ ᠬᠦᠯᠢᠶᠡᠨ ᠠᠪᠬᠤ ᠲᠠᠯ᠎ᠠ ᠤᠷᠤᠭᠤ ᠬᠦᠷᠭᠡᠭᠳᠡᠵᠦ᠂ ᠲᠡᠨᠳᠡ ᠪᠡᠨ ᠳᠧᠮᠣᠳᠦᠶ᠋ᠢᠯᠢᠶᠠᠼ ᠬᠢᠭᠳᠡᠨ᠂ ᠥᠭᠭᠥᠭᠳᠡᠯ ᠰᠡᠷᠭᠦᠭᠡᠭᠳᠡᠳᠡᠭ᠃ ᠭᠡᠷᠡᠯ ᠦᠨ ᠮᠢᠨᠳᠠᠰᠤ ᠬᠥᠨᠳᠡᠯᠡᠩ ᠦᠨ ᠴᠠᠬᠢᠯᠭᠠᠨ ᠰᠣᠷᠢᠨᠵᠢᠨ ᠳᠣᠯᠭᠢᠶᠠᠨ ᠤ ᠨᠥᠯᠥᠭᠡᠯᠡᠯ ᠡᠴᠡ ᠠᠩᠭᠢᠳᠠ᠂ ᠪᠠᠰᠠ ᠥᠪᠡᠷ ᠢᠢᠡᠨ ᠷᠠᠳᠢᠣ᠋ ᠳᠣᠯᠭᠢᠶᠠᠨ ᠰᠠᠴᠤᠷᠠᠭᠤᠯᠬᠤ ᠦᠭᠡᠢ ᠲᠤᠯᠠ ᠵᠡᠰ ᠤᠲᠠᠰᠤ ᠠᠴᠠ ᠢᠯᠡᠭᠦᠦ ᠨᠠᠶ᠋ᠢᠳᠠᠪᠤᠷᠢᠲᠠᠢ ᠪᠠᠶ᠋ᠢᠨ᠎ᠠ᠃ ᠭᠡᠷᠡᠯ ᠦᠨ ᠮᠢᠨᠳᠠᠰᠤ ᠻᠠᠪᠧᠯ ᠪᠠᠲᠤ ᠪᠡᠬᠢ ᠴᠢᠨᠠᠷ ᠢᠢᠠᠷ ᠢᠢᠠᠨ ᠢᠯᠡᠭᠦᠦ᠂ ᠬᠠᠬᠢᠷ ᠰᠢᠷᠦᠭᠦᠨ ᠠᠭᠤᠷ ᠠᠮᠢᠰᠬᠤᠯ ᠤᠨ ᠨᠥᠬᠥᠴᠡᠯ ᠳᠦ ᠲᠡᠰᠪᠦᠷᠢᠲᠡᠢ᠃<ref>Maxime Fazilleau. What Makes Optical Fibre Immune To EMI. Tiny Green PC 2017/01/23. <nowiki>https://www.tinygreenpc.com/blog/optical-fibre-immune-to-electromagnetic-interference/#:~:text=Fibre%20optic%20cables%20are%20non᠂electrical%20noise%20in%20the%20environment</nowiki>.</ref>
ᠠᠯᠤᠰ ᠤᠨ ᠵᠠᠢ ᠳᠤ ᠳᠠᠮᠵᠢᠭᠤᠯᠬᠤ ᠳᠤ ᠮᠢᠨᠳᠠᠰᠤᠨ ᠤᠲᠠᠰᠤ ᠪᠠᠷ ᠳᠠᠮᠵᠢᠵᠤ ᠪᠠᠶ᠋ᠢᠭ᠎ᠠ ᠭᠡᠷᠡᠯ ᠦᠨ ᠡᠷᠴᠢᠮ ᠰᠠᠭᠠᠷᠠᠳᠠᠭ᠃ ᠰᠠᠭᠠᠷᠠᠭᠰᠠᠨ ᠰᠢᠭ᠌ᠨᠠᠯ ᠢ ᠳᠠᠬᠢᠨ ᠥᠰᠬᠡᠬᠦ ᠶ᠋ᠢᠨ ᠲᠤᠯᠠᠳᠠ ᠳᠠᠮᠵᠢᠭᠤᠯᠬᠤ ᠱᠤᠭᠤᠮ ᠤᠨ ᠳᠠᠭᠠᠤ 80-100 km ᠲᠤᠲᠤᠮ ᠳᠤ ᠭᠡᠷᠡᠯ ᠦᠨ ᠳᠠᠬᠢᠨ ᠳᠠᠮᠵᠢᠭᠤᠯᠤᠭᠴᠢ (repeaters) ᠰᠠᠭᠤᠷᠢᠯᠠᠭᠤᠯᠳᠠᠭ᠃ ᠳᠠᠬᠢᠨ ᠳᠠᠮᠵᠢᠭᠤᠯᠤᠭᠴᠢ ᠭᠡᠷᠡᠯ ᠦᠨ ᠥᠰᠬᠡᠭᠴᠢ ᠲᠡᠢ᠂ ᠲᠡᠷᠡᠬᠦ ᠥᠰᠬᠡᠭᠴᠢ ᠨᠢ ᠰᠢᠯᠢ ᠮᠢᠨᠳᠠᠰᠤ ᠪᠠᠷ ᠳᠠᠮᠵᠢᠵᠤ ᠪᠤᠢ ᠭᠡᠷᠡᠯ ᠦᠨ ᠰᠢᠭ᠌ᠨᠠᠯ ᠢ ᠥᠰᠬᠡᠳᠡᠭ᠃ ᠭᠡᠷᠡᠯ ᠦᠨ ᠥᠰᠬᠡᠭᠴᠢ (optical amplifier) ᠨᠢ ᠭᠠᠵᠠᠷ ᠤᠨ ᠬᠣᠪᠣᠷ ᠡᠯᠧᠮᠧᠨ᠍ᠲ erbium᠂ ᠡᠰᠡᠪᠡᠯ ytterbium ᠬᠡᠷᠡᠭᠯᠡᠳᠡᠭ ᠪᠠ ᠡᠨᠡᠬᠦ ᠪᠣᠳᠠᠰ ᠢᠢᠠᠷ ᠭᠡᠷᠡᠯ ᠦᠨ ᠮᠢᠨᠳᠠᠰᠤᠨ ᠳᠣᠲᠣᠷ᠎ᠠ ᠲᠦᠷᠬᠢᠯᠭᠡ ᠬᠢᠭᠰᠡᠨ ᠪᠠᠶ᠋ᠢᠨ᠎ᠠ᠃<ref>Dual-Clad Erbium/Ytterbium Doped Fiber. New Port 2013/11/08᠃ <nowiki>https://www.newport.com/medias/sys</nowiki>master/images/images/h2b/h58/8797089038366/Dual-Clad-Erbium-Ytterbium-Doped-Fiber.pdf</ref>
ᠭᠡᠷᠡᠯ ᠦᠨ ᠰᠢᠭ᠌ᠨᠠᠯ ᠭᠡᠷᠡᠯ ᠦᠨ ᠮᠢᠨᠳᠠᠰᠤᠨ ᠤᠲᠠᠰᠤᠨ ᠤ ᠲᠦᠷᠬᠢᠯᠭᠡ ᠲᠡᠢ ᠬᠡᠰᠡᠭ ᠢᠢᠡᠷ ᠥᠩᠭᠡᠷᠡᠬᠦ ᠳᠦ ᠭᠠᠵᠠᠷ ᠤᠨ ᠬᠣᠪᠣᠷ ᠡᠯᠧᠮᠧᠨᠲ ᠦᠨ ᠢᠤᠨion ᠨᠤᠭᠤᠳ ᠨᠢ ᠧᠨᠧᠷᠭᠢ ᠶᠢenergy ᠥᠪᠡᠷᠲᠡᠭᠡᠨ ᠰᠢᠩᠭᠡᠭᠡᠵᠦ᠂ ᠡᠳᠦᠭᠡᠭᠳᠡᠭᠰᠡᠨ ᠲᠥᠯᠦᠪ ᠲᠦ ᠰᠢᠯᠵᠢᠨ᠎ᠡ᠃ ᠬᠡᠪ ᠦᠨ ᠲᠥᠯᠥᠪ ᠲᠦ ᠪᠤᠴᠠᠬᠤ ᠦᠶᠡᠳ᠋ᠡᠭᠡᠨ ᠲᠡᠷᠡᠬᠦ ᠧᠨᠧᠷᠭᠢ ᠶᠢ ᠨᠡᠮᠡᠯᠲᠡ ᠭᠡᠷᠡᠯ ᠪᠣᠯᠭᠠᠨ ᠢᠯᠭᠠᠷᠠᠭᠤᠯᠬᠤ ᠪᠠ ᠲᠡᠭᠦᠪᠡᠷ ᠭᠡᠷᠡᠯ ᠦᠨ ᠰᠢᠭ᠌ᠨᠠᠯ ᠥᠰᠬᠡᠭᠳᠡᠳᠡᠭ᠃ ᠳᠠᠬᠢᠨ ᠳᠠᠮᠵᠢᠭᠤᠯᠤᠭᠴᠢ ᠨᠢ ᠥᠰᠬᠡᠭᠴᠢ ᠶᠢ ᠡᠷᠴᠢᠮ ᠬᠦᠴᠢ ᠪᠡᠷ ᠬᠠᠩᠭᠠᠬᠤ᠂ ᠰᠢᠭ᠌ᠨᠠᠯ ᠤᠨ ᠴᠢᠨᠠᠷ ᠢ ᠬᠢᠨᠠᠬᠤ ᠵᠡᠷᠭᠡ ᠳᠦ ᠪᠠᠰᠠ ᠠᠰᠢᠭᠯᠠᠭᠳᠠᠳᠠᠭ᠃ ᠳᠠᠬᠢᠨ ᠳᠠᠮᠵᠢᠭᠤᠯᠤᠭᠴᠢ ᠶᠢ ᠳᠠᠮᠵᠢᠭᠤᠯᠬᠤ ᠱᠤᠭᠤᠮ ᠤᠨ ᠳᠠᠭᠠᠤ᠂ ᠮᠥᠨ ᠳᠠᠯᠠᠢ ᠶᠢᠨ ᠢᠷᠤᠭᠠᠷ ᠳ᠋ᠠᠬᠢ ᠱᠤᠭᠤᠮ ᠤᠨ ᠳᠠᠭᠠᠤ ᠰᠠᠭᠤᠷᠢᠯᠠᠭᠤᠯᠳᠠᠭ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width