Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳᠣᠷᠤᠨᠠᠳᠤ ᠾᠤ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
==ᠤᠭᠰᠠᠭᠠᠲᠠᠨ ᠤ ᠵᠦᠢ==
{| class="wikitable" |+ |[[File:Slab Grave culture areal.png|align: top|thumb|center]] |style = "height: 100px;"|"ᠵᠤᠨ ᠤ ᠭᠡᠷ ᠦᠨ ᠰᠣᠶᠤᠯ"᠂ ᠳᠥᠷᠪᠡᠯᠵᠢᠨ ᠪᠤᠯᠠᠰᠢᠨ ᠤ ᠰᠣᠶᠤᠯ ᠪᠠ ᠳᠣᠷᠤᠨᠠᠳᠤ ᠾᠤ ᠨᠠᠷ ᠤᠨ ᠲᠠᠷᠬᠠᠯᠲᠠ (ᠨᠡᠶ᠋᠋ᠢᠲᠡ ᠶ᠋᠋ᠢᠨ ᠲᠣᠭᠠᠯᠠᠯ ᠡᠴᠡ ᠡᠮᠦᠨᠡᠬᠢ ᠨᠢᠭᠡᠳᠦᠭᠡᠷ ᠮᠢᠩᠭᠠᠨ ᠤ ᠳᠤᠮᠳᠠ ᠦᠶ᠎ᠡ) |}
ᠳᠣᠷᠣᠨᠠᠲᠤ ᠾᠦ (Donghu᠂ Eastern Hu᠂ Eastern Foreigners᠂ Eastern Nomads᠂ Дорнод Ху᠂ Дунху) ᠨᠠᠷ ᠢ ᠠᠶ᠋ᠢᠮᠠᠭ ᠤᠨ ᠬᠣᠯᠪᠣᠭ᠎ᠠ ᠪᠠᠶ᠋ᠢᠭᠰᠠᠨ ᠭᠡᠵᠦ ᠦᠵᠡᠳᠡᠭ ᠪᠠᠶ᠋ᠢᠨ᠎ᠠ. ᠡᠨᠡᠬᠦ ᠠᠶ᠋ᠢᠮᠠᠭ ᠤᠨ ᠬᠣᠯᠪᠣᠭ᠎ᠠ ᠨᠢ ᠠᠩᠬ᠎ᠠ ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 600 ᠣᠨ ᠤ ᠦᠶ᠎ᠡ ᠳᠦ ᠰᠤᠷᠪᠤᠯᠵᠢ ᠪᠢᠴᠢᠭ ᠲᠦ ᠲᠡᠮᠳᠡᠭᠯᠡᠭᠳᠡᠭᠰᠡᠨ ᠠᠭᠠᠳ ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 2 ᠳᠤᠭᠠᠷ ᠵᠠᠭᠤᠨ ᠤ ᠦᠶ᠎ᠡ ᠳᠦ ᠾᠢᠦᠩᠨᠦ ᠳᠦ ᠪᠤᠲ᠋ᠠ ᠴᠤᠬᠢᠭᠤᠯᠵᠤ᠂ ᠰᠠᠷᠨᠢᠨ ᠪᠤᠲᠠᠷᠠᠭᠰᠠᠨ ᠪᠠᠶ᠋ᠢᠨ᠎ᠠ᠃ ᠾᠦ ᠬᠡᠮᠡᠬᠦ᠂ ᠬᠢᠲᠠᠳ ᠰᠤᠷᠪᠤᠯᠵᠢ ᠪᠢᠴᠢᠭ ᠲᠦ ᠲᠦᠭᠡᠮᠡᠯ ᠬᠡᠷᠡᠭᠯᠡᠭᠳᠡᠳᠡᠭ ᠨᠡᠷ᠎ᠡ ᠶ᠋ᠢ ᠶᠡᠬᠡᠪᠴᠢᠯᠡᠨ 《ᠵᠡᠷᠯᠢᠭ ᠦᠳ》 ᠭᠡᠰᠡᠨ ᠤᠳᠬ᠎ᠠ ᠲᠠᠢ ᠭᠡᠵᠦ ᠦᠵᠡᠳᠡᠭ᠃ ᠭᠡᠬᠦ ᠳᠦ ᠪᠡᠨ ᠡᠨᠡ ᠣᠷᠴᠢᠭᠤᠯᠭ᠎ᠠ ᠤᠤᠯ ᠦᠭᠡ ᠶ᠋ᠢᠨ ᠤᠳᠬ᠎ᠠ ᠶ᠋ᠢ ᠣᠨᠣᠪᠴᠢᠲᠠᠢ ᠭᠠᠷᠭᠠᠭᠠᠳᠦᠢ ᠭᠡᠵᠦ ᠦᠵᠡᠳᠡᠭ ᠰᠤᠳᠤᠯᠤᠭᠠᠴᠢᠳ ᠪᠠᠰᠠ ᠪᠠᠶ᠋ᠢᠳᠠᠭ᠃ ᠾᠦ ᠭᠡᠳᠡᠭ ᠨᠢ ᠬᠠᠷᠢ ᠶ᠋ᠢᠨ ᠬᠢᠨ ᠭᠡᠰᠡᠨ ᠤᠳᠬ᠎ᠠ ᠲᠠᠢ᠂ ᠬᠢᠲᠠᠳ ᠪᠢᠰᠢ ᠤᠭᠰᠠᠭᠠᠲᠠᠨ᠂ ᠠᠷᠠᠳ ᠲᠦᠮᠡᠨ ᠨᠦᠭᠦᠳ ᠢ ᠨᠡᠷᠡᠯᠡᠳᠡᠭ ᠦᠭᠡ ᠭᠡᠵᠦ ᠮᠡᠳᠬᠡᠳᠡᠭ᠃ ᠰᠡᠭᠦᠯ ᠦᠨ ᠦᠶ᠎ᠡ ᠶ᠋ᠢᠨ ᠵᠠᠷᠢᠮ ᠬᠢᠲᠠᠳ ᠰᠤᠳᠤᠯᠤᠭᠠᠴᠢᠳ “Donghu” ᠬᠡᠮᠡᠬᠦ ᠢᠨᠦ ᠤᠭ ᠤᠭᠰᠠᠭᠠᠲᠠᠨ ᠤ ᠥᠪᠡᠷᠰᠡᠳ ᠢ ᠪᠡᠨ ᠨᠡᠷᠡᠯᠡᠳᠡᠭ ᠨᠡᠷ᠎ᠡ ᠶ᠋ᠢᠨ ᠭᠠᠯᠢᠭ ᠪᠠᠶ᠋ᠢᠭᠰᠠᠨ ᠭᠡᠰᠡᠨ ᠰᠠᠨᠠᠭ᠎ᠠ ᠳᠡᠪᠰᠢᠭᠦᠯᠬᠦ ᠪᠣᠯᠤᠭᠰᠠᠨ ᠪᠠᠶ᠋ᠢᠳᠠᠭ᠃<ref>Hao᠂ Weimin and Qimudedaoerji᠃ (2007). Outline of Comprehensive History of Inner Mongolia. Beijing᠂ People's Press</ref>
ᠳᠣᠷᠣᠨᠠᠲᠤ ᠾᠦ ᠨᠢ ᠬᠢᠩᠭᠠᠨ ᠤ ᠨᠢᠷᠤᠭᠤ᠂ ᠰᠢᠷ᠎ᠠ ᠮᠥᠷᠡᠨ ᠦ ᠠᠳᠠᠭ᠂ ᠯᠢᠶᠣᠤLiao ᠭᠣᠣᠯ (ᠯᠤᠤᠬ᠎ᠠ ᠭᠣᠣᠯ)᠂ ᠯᠢᠶᠣᠣᠳᠦ᠋ᠩLiaodong ᠬᠣᠶ᠋ᠢᠭ ᠬᠦᠷᠲᠡᠯ᠎ᠡ ᠥᠷᠭᠡᠨ ᠠᠭᠤᠳᠠᠮ ᠨᠤᠲᠤᠭ ᠲᠤ ᠲᠠᠷᠬᠠᠨ ᠠᠮᠢᠳᠤᠷᠠᠵᠤ ᠪᠠᠶ᠋ᠢᠪᠠ᠃ ᠳᠣᠷᠣᠨᠠᠲᠤ ᠾᠦ ᠨᠢ ᠬᠦᠷᠡᠯ ᠦᠨ ᠦᠶ᠎ᠡ ᠶ᠋ᠢᠨ “ᠳᠡᠭᠡᠳᠦ ᠵᠤᠨ ᠤ ᠭᠡᠷ ᠦᠨ ᠰᠣᠶᠤᠯ ᠲᠠᠢXiajiadian upper culture” (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 1000 – 600 ᠣᠨ) ᠵᠠᠯᠭᠠᠮᠵᠢ ᠬᠣᠯᠪᠣᠭ᠎ᠠ ᠲᠠᠢ ᠭᠡᠵᠦ ᠰᠤᠳᠤᠯᠤᠭᠠᠴᠢᠳ ᠦᠵᠡᠳᠡᠭ᠃ “ᠳᠡᠭᠡᠳᠦ ᠵᠤᠨ ᠤ ᠭᠡᠷ ᠦᠨ ᠰᠤᠶᠤᠯ ᠤᠨ” ᠬᠦᠷᠢᠶᠡᠨ ᠳᠦ ᠭᠠᠵᠠᠷ ᠲᠠᠷᠢᠶᠠᠯᠠᠩ ᠠᠴᠠ ᠪᠡᠯᠴᠢᠭᠡᠷ ᠦᠨ ᠮᠠᠯ ᠠᠵᠤ ᠠᠬᠤᠢ ᠳᠤ ᠰᠢᠯᠵᠢᠬᠦ ᠦᠢᠯᠡ ᠶᠠᠪᠤᠴᠠ ᠶᠠᠪᠤᠭᠳᠠᠵᠤᠬᠤᠢ ᠃ ᠳᠣᠷᠣᠨᠠᠲᠤ ᠾᠦ ᠨᠠᠷ ᠢ ᠲᠡᠭᠦᠨᠴᠢᠯᠡᠨ ᠬᠦᠷᠡᠯ ᠦᠨ ᠦᠶ᠎ᠡ ᠶ᠋ᠢᠨ ᠳᠥᠷᠪᠡᠯᠵᠢᠨ ᠪᠤᠯᠠᠰᠢᠨ ᠤ ᠰᠤᠶᠤᠯ ᠲᠠᠢ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 1300–300 ᠣᠨ) ᠵᠠᠯᠭᠠᠮᠵᠢ ᠬᠣᠯᠪᠣᠭᠠᠲᠠᠢ ᠭᠡᠵᠦ ᠦᠵᠡᠳᠡᠭ ᠪᠠᠶ᠋ᠢᠨ᠎ᠠ᠃ ᠳᠥᠷᠪᠡᠯᠵᠢᠨ ᠪᠤᠯᠠᠰᠢᠨ ᠤ ᠰᠤᠶᠤᠯ ᠢ ᠲᠡᠭᠡᠭᠡᠭᠴᠢᠳ ᠦᠨ ᠠᠵᠤ ᠠᠬᠤᠢ᠂ ᠠᠮᠢᠵᠢᠷᠠᠭ᠎ᠠ ᠪᠠᠶ᠋ᠢᠳᠠᠯ ᠨᠢ ᠪᠡᠯᠴᠢᠭᠡᠷ ᠦᠨ ᠮᠠᠯ ᠠᠵᠤ ᠠᠬᠤᠢ ᠡᠷᠬᠢᠯᠡᠭᠴᠢ ᠮᠣᠩᠭᠣᠯᠴᠤᠳ ᠤᠨ ᠠᠬᠤᠢ ᠠᠮᠢᠳᠤᠷᠠᠯ ᠠᠴᠠ ᠪᠠᠷᠤᠭ ᠢᠯᠭᠠᠭ᠎ᠠ ᠦᠭᠡᠢ ᠪᠠᠶ᠋ᠢᠭᠰᠠᠨ ᠭᠡᠵᠦ ᠡᠷᠳᠡᠮᠲᠡᠳ ᠳ᠋ᠦ᠋ᠩᠨᠡᠭᠰᠡᠨ ᠪᠠᠶ᠋ᠢᠨ᠎ᠠ᠃<ref>Зорикто Мункин. Первые кочевники Забайкалья. Долина Кижинги 2013/09/20. https://web.archive.org/web/20140525201425/http://kizhinga.ru/index.php/mn/about-kizhinga/106-kray/3211-2013-09-20-01-55-15</ref>
ᠳᠣᠷᠣᠨᠠᠲᠤ ᠾᠦ ᠡᠴᠡ ᠰᠠᠯᠪᠤᠷᠢᠯᠠᠭᠰᠠᠨ '''ᠤᠬᠤᠸᠠᠨ'''᠂ '''ᠰᠢᠶᠠᠨᠪᠧᠢ''' ᠨᠠᠷ ᠢ '''ᠡᠪᠦᠭᠡ ᠮᠣᠩᠭᠣᠯ''' ᠬᠡᠯᠡᠲᠡᠨ ᠪᠠᠶ᠋ᠢᠭᠰᠠᠨ ᠭᠡᠵᠦ ᠦᠵᠡᠳᠡᠭ<ref>Shimunek᠂ Andrew (2017). Languages of Ancient Southern Mongolia and North China: a Historical-Comparative Study of the Serbi or Xianbei Branch of the Serbi-Mongolic Language Family᠂ with an Analysis of Northeastern Frontier Chinese and Old Tibetan Phonology. Wiesbaden: Harrassowitz Verlag. ISBN 978-3-447-10855-3. https://www.worldcat.org/title/993110372</ref> ᠲᠤᠯᠠ ᠳᠣᠷᠣᠨᠠᠲᠤ ᠾᠦ ᠨᠢ ᠡᠨᠡ ᠤᠳᠬ᠎ᠠ ᠪᠠᠷ ᠶ᠋ᠢᠠᠨ ᠮᠥᠨ ᠮᠣᠩᠭᠣᠯ ᠬᠡᠯᠡᠲᠡᠨ ᠤᠭᠰᠠᠭᠠᠲᠠᠨ ᠨᠤᠭᠤᠳ ᠤᠨ ᠳᠡᠭᠡᠳᠦ ᠡᠪᠦᠭᠡ ᠪᠣᠯᠤᠯᠲᠠᠢ᠃
ᠲᠠᠯ᠎ᠠ ᠨᠤᠲᠤᠭ ᠤᠨ ᠤᠭᠰᠠᠭᠠᠲᠠᠨ ᠨᠤᠭᠤᠳ ᠳᠣᠲᠣᠷ᠎ᠠ ᠪᠠᠨ ᠳᠣᠷᠣᠨᠠᠲᠤ ᠾᠦ ᠨᠠᠷ ᠬᠠᠮᠤᠭ ᠤᠨ ᠠᠩᠬ᠎ᠠ ᠲᠦᠷᠦᠭᠦᠨ ᠳᠦ ᠬᠦᠷᠡᠯ ᠪᠣᠯᠪᠠᠰᠤᠷᠠᠭᠤᠯᠬᠤ᠂ ᠬᠡᠷᠡᠭᠯᠡᠬᠦ ᠠᠷᠭ᠎ᠠ ᠤᠬᠠᠭᠠᠨ ᠢ ᠡᠵᠡᠮᠰᠢᠵᠦ᠂ ᠲᠦᠷᠦᠭᠦᠯᠡᠵᠦ ᠰᠤᠶᠤᠯ ᠢᠷᠭᠡᠨᠰᠢᠯ ᠦᠨ ᠲᠦᠪᠰᠢᠨ ᠳᠦ ᠬᠦᠷᠴᠡᠢ᠃ ᠾᠦ ᠬᠡᠮᠡᠭᠳᠡᠬᠦ ᠲᠠᠯ᠎ᠠ ᠨᠤᠲᠤᠭ ᠤᠨ ᠠᠶ᠋ᠢᠮᠠᠭ ᠤᠳ ᠶᠡᠬᠡ ᠲᠥᠯᠥᠪ ᠲᠠᠷᠬᠠᠢ ᠪᠤᠲᠠᠷᠬᠠᠢ ᠤᠷᠤᠰᠢᠬᠤ ᠪᠣᠯᠪᠠᠴᠤ ᠬᠡᠷᠡᠭᠴᠡᠭᠡ ᠱᠠᠭᠠᠷᠳᠠᠯᠭ᠎ᠠ ᠭᠠᠷᠪᠠᠯ ᠤᠯᠤᠰ ᠪᠣᠯᠤᠨ ᠨᠢᠭᠡᠳᠳᠡᠭ ᠪᠠᠶ᠋ᠢᠪᠠ᠃ ᠳᠣᠷᠣᠨᠠᠲᠤ ᠾᠦ ᠨᠠᠷ ᠭᠠᠵᠠᠷ ᠲᠠᠷᠢᠶᠠᠯᠠᠩ᠂ ᠮᠠᠯ ᠠᠵᠤ ᠠᠬᠤᠢ᠂ ᠭᠠᠷ ᠤᠷᠠᠯᠠᠯ ᠡᠷᠬᠢᠯᠡᠵᠦ᠂ ᠬᠦᠷᠡᠯ ᠶ᠋᠋ᠢᠡᠷ ᠠᠬᠤᠢ ᠶ᠋ᠢᠨ ᠪᠠᠭᠠᠵᠢ ᠬᠡᠷᠡᠭᠰᠡᠯ ᠡᠴᠡ ᠭᠠᠳᠠᠨ᠎ᠠ ᠵᠡᠷ ᠵᠡᠪᠰᠡᠭ᠂ ᠬᠤᠶᠠᠭ ᠳᠤᠭᠤᠯᠠᠭ᠎ᠠ ᠬᠢᠳᠡᠭ ᠪᠠᠶ᠋ᠢᠵᠠᠢ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width