Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠻᠸᠠᠨ᠍ᠲ ᠮᠧᠻᠠᠨᠢᠭ ᠊ᠤᠨ ᠦᠨᠳᠦᠰᠦᠨ ᠵᠠᠷᠴᠢᠮ ᠊ᠤᠳ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠦᠨᠳᠦᠰᠦᠨ ᠵᠠᠷᠴᠢᠮ ᠤᠳ=
{| class="wikitable" |+ |[[File:Double-slit experiment with electrons.png|align: top|thumb|center]] |style = "height: 100px;"|ᠬᠣᠣᠰ ᠵᠠᠪᠰᠠᠷ ᠶ᠋᠋ᠢᠠᠷ ᠡᠯᠧᠻᠲ᠋ᠷᠣᠨ ᠤ ᠤᠷᠤᠰᠬᠠᠯ ᠢ ᠨᠡᠪᠲᠡᠷᠡᠭᠦᠯᠦᠭᠰᠡᠨ ᠲᠤᠷᠰᠢᠯᠲᠠ᠃ ᠬᠣᠣᠰ ᠵᠠᠪᠰᠠᠷ ᠶ᠋᠋ᠢᠠᠷ ᠭᠠᠷᠤᠭᠰᠠᠨ ᠡᠯᠧᠻᠲ᠋ᠷᠣᠨ ᠨᠤᠭᠤᠳ ᠢᠯᠡᠷᠡᠭᠦᠯᠬᠦ ᠳᠡᠯᠭᠡᠴᠡ ᠳᠦ ᠲᠤᠰᠠᠭᠰᠠᠨ ᠨᠢᠭᠲᠠᠰᠢᠯ ᠨᠢ ᠳᠣᠯᠭᠢᠶᠠᠯᠢᠭ ᠴᠢᠨᠠᠷ ᠢ ᠢᠯᠡᠳᠬᠡᠨ᠎ᠡ᠃ |}
[[Квант механик|ᠻᠸᠠᠨᠲ ᠮᠧᠬᠠᠨᠢᠭ]] ᠨᠢ ᠳᠠᠷᠠᠭᠠᠬᠢ ᠦᠨᠳᠦᠰᠦᠨ ᠪᠠᠷᠢᠮᠲᠠᠯᠠᠯ ᠤᠳ ᠢ ᠠᠭᠤᠯᠠᠳᠠᠭ᠄ 1᠃ ᠡᠭᠡᠯ ᠪᠥᠭᠡᠮᠰ ᠦᠨ ᠳᠣᠯᠭᠢᠶᠠᠯᠢᠭ ᠴᠢᠨᠠᠷ᠄ ᠡᠯᠧᠻᠲ᠋ᠷᠣᠨ᠂ ᠹᠣᠲ᠋ᠣᠨ ᠭᠡᠬᠦ ᠵᠡᠷᠭᠡ ᠪᠥᠭᠡᠮᠰ ᠲᠦ [[Цахилгаан соронзон долгионы хуваарь|ᠳᠣᠯᠭᠢᠶᠠᠨ ᠤ]] ᠪᠣᠯᠤᠨ ᠪᠥᠭᠡᠮᠰ ᠦᠨ ᠰᠢᠨᠵᠢ ᠴᠢᠨᠠᠷ ᠬᠣᠶᠠᠭᠤᠯᠠ ᠠᠵᠢᠭᠯᠠᠭᠳᠠᠳᠠᠭ᠃ ᠪᠥᠭᠡᠮᠰ ᠢ ᠳᠣᠯᠭᠢᠶᠠᠨ ᠤ ᠹᠦᠨᠻᠼ ᠢᠢᠡᠷ ᠳᠦᠷᠰᠦᠯᠡᠵᠦ ᠪᠣᠯᠬᠤ ᠪᠠ ᠡᠨᠡᠬᠦ ᠹᠦᠨᠻᠼ ᠨᠢ ᠲᠤᠬᠠᠢ ᠶᠢᠨ ᠪᠥᠭᠡᠮ ᠲᠣᠳᠣᠷᠬᠠᠢ ᠪᠠᠶ᠋᠋ᠢᠷᠢᠰᠢᠯ ᠳᠤ ᠣᠯᠳᠠᠬᠤ ᠮᠠᠭᠠᠳᠯᠠᠯ ᠢ ᠲᠣᠳᠣᠷᠬᠠᠶ᠋᠋ᠢᠯᠠᠳᠠᠭ᠃<ref>C.R.Nave. Wave-Particle Duality. HyperPhysics 2016. Department of Physics and Astronomy. Georgia State University. http://hyperphysics.phy-astr.gsu.edu/hbase/mod1.html</ref>

2᠃ [[ᠲᠣᠳᠤᠷᠬᠠᠢ ᠦᠭᠡᠢ ᠢᠢᠨ ᠵᠠᠷᠴᠢᠮ|ᠲᠣᠳᠣᠷᠬᠠᠢ ᠦᠭᠡᠢ ᠶᠢᠨ ᠵᠠᠷᠴᠢᠮ]]᠄ ᠪᠥᠭᠡᠮ ᠦᠨ ᠪᠠᠶ᠋᠋ᠢᠷᠢᠯᠠᠯ ᠪᠠ ᠢᠮᠫᠦ᠋ᠯᠰ ᠢ ᠨᠢᠭᠡᠨ ᠵᠡᠷᠭᠡ ᠨᠠᠷᠢᠨ ᠲᠣᠳᠣᠷᠬᠠᠶ᠋ᠢᠯᠠᠬᠤ ᠪᠣᠯᠤᠮᠵᠢ ᠦᠭᠡᠢ᠃ ᠤᠴᠢᠷ ᠨᠢ ᠪᠥᠭᠡᠮ ᠦᠨ ᠪᠠᠶ᠋᠋ᠢᠷᠢᠯᠠᠯ ᠢ ᠬᠡᠮᠵᠢᠬᠦ ᠨᠢ ᠲᠡᠭᠦᠨ ᠦ ᠢᠮᠫᠦ᠋ᠯᠰ ᠢ ᠦᠢᠮᠡᠴᠡᠭᠦᠯᠳᠡᠭ ᠪᠠ ᠢᠮᠫᠦ᠋ᠯᠰ ᠢ ᠬᠡᠮᠵᠢᠭᠰᠡᠨ ᠶ᠋᠋ᠢᠡᠷ ᠪᠠᠶ᠋᠋ᠢᠷᠢᠰᠢᠯ ᠢ ᠨᠢ ᠪᠤᠰᠠᠨᠢᠭᠤᠯᠳᠠᠭ᠃ ᠡᠶ᠋᠋ᠢᠨᠬᠦᠦ ᠬᠡᠮᠵᠢᠯᠲᠡ ᠶᠢᠨ ᠨᠠᠷᠢᠪᠴᠢᠯᠠᠯ ᠬᠢᠵᠠᠭᠠᠷᠯᠠᠭᠳᠠᠵᠤ ᠪᠠᠶ᠋᠋ᠢᠭ᠎ᠠ ᠨᠢ ᠪᠥᠭᠡᠮᠰ ᠦᠨ ᠳᠣᠯᠭᠢᠶᠠᠯᠢᠭ ᠴᠢᠨᠠᠷ᠂ ᠬᠠᠶ᠋᠋ᠢᠽᠧᠨᠪᠧᠷᠭᠢ ᠶᠢᠨHeisenberg ᠲᠣᠳᠣᠷᠬᠠᠢ ᠦᠭᠡᠢ ᠶᠢᠨ ᠵᠠᠷᠴᠢᠮ ᠶ᠋᠋ᠢᠠᠷ ᠨᠥᠬᠦᠴᠡᠯᠳᠦᠳᠡᠭ᠃<ref>Jan Hilgevoord, Jos Uffink. The Uncertainty Principle. The Stanford Encyclopedia of Philosophy 2016. https://plato.stanford.edu/entries/qt-uncertainty/</ref>

3᠃ ᠳᠠᠪᠬᠤᠴᠠᠯ᠄ ᠪᠥᠭᠡᠮ ᠨᠢ ᠨᠢᠭᠡᠨ ᠵᠡᠷᠭᠡ ᠥᠭᠡᠷ᠎ᠡ ᠥᠭᠡᠷ᠎ᠡ ᠮᠠᠭᠠᠳᠯᠠᠯ ᠲᠠᠢ ᠣᠯᠠᠨ ᠥᠭᠡᠷ᠎ᠡ ᠲᠥᠯᠦᠪ ᠲᠦ ᠣᠷᠣᠰᠢᠵᠤ ᠪᠣᠯᠤᠨ᠎ᠠ᠂ ᠡᠭᠦᠨ ᠢ ᠳᠠᠪᠬᠤᠴᠠᠯ ᠭᠡᠵᠦ ᠨᠡᠷᠡᠯᠡᠳᠡᠭ᠃ ᠵᠢᠱᠢᠶᠡᠯᠡᠪᠡᠯ᠂ ᠡᠯᠧᠻᠲ᠋ᠷᠣᠨ ᠨᠢ ᠳᠡᠭᠡᠭᠰᠢ ᠪᠠ ᠳᠣᠭᠣᠭᠰᠢ ᠰᠫᠢᠨ ᠪᠦᠬᠦᠢ ᠲᠥᠯᠥᠪ ᠦᠳ ᠦᠨ ᠳᠠᠪᠬᠤᠴᠠᠯ ᠳᠤ ᠣᠷᠣᠰᠢᠵᠤ ᠪᠣᠯᠤᠨ᠎ᠠ᠃ ᠡᠨᠡ ᠨᠢ ᠻᠸᠠᠨᠲ ᠮᠧᠬᠠᠨᠢᠭ ᠰᠣᠩᠭᠣᠳᠠᠭ ᠮᠧᠬᠠᠨᠢᠭ ᠠᠴᠠ ᠢᠯᠭᠠᠭ᠎ᠠ ᠲᠠᠢ ᠪᠠᠰᠠ ᠨᠢᠭᠡ ᠦᠨᠳᠦᠰᠦᠨ ᠢᠯᠭᠠᠭ᠎ᠠ ᠶᠤᠮ᠃<ref name=":0">Introduction to Quantum Computing: Superposition and Entanglement. Quantum Enspire ᠬᠠᠨᠳᠤᠭᠰᠠᠨ 2023/06/19. quantum-inspire.com/kbase/superposition-and-entanglement/</ref>

4. [[ᠻᠸᠠᠨ᠍ᠲ ᠰᠦᠯᠡᠯᠳᠦᠭᠡᠨ|ᠣᠷᠢᠶᠠᠴᠠᠯᠳᠤᠭᠠᠨ]]᠄ ᠬᠣᠶᠠᠷ ᠪᠠ ᠲᠡᠭᠦᠨ ᠡᠴᠡ ᠳᠡᠭᠡᠭᠰᠢ ᠪᠥᠭᠡᠮᠰ ᠬᠠᠷᠢᠯᠴᠠᠨ ᠻᠸᠠᠨᠲ ᠣᠷᠢᠶᠠᠴᠠᠯᠳᠤᠭᠠᠨ ᠳᠤ ᠣᠷᠣᠰᠢᠵᠤ ᠪᠣᠯᠬᠤ ᠪᠥᠭᠡᠳ ᠡᠨᠡ ᠨᠢ ᠲᠡᠳᠡᠭᠡᠷ ᠦᠨ ᠰᠢᠨᠵᠢ ᠴᠢᠨᠠᠷ ᠨᠢ ᠬᠠᠷᠢᠯᠴᠠᠨ ᠬᠠᠮᠢᠶᠠᠷᠤᠯᠲᠠᠢ ᠭᠡᠰᠡᠨ ᠦᠭᠡ ᠶᠤᠮ᠃ ᠣᠷᠢᠶᠠᠴᠠᠯᠳᠤᠭᠠᠨ ᠳ᠋ᠠᠬᠢ ᠪᠥᠭᠡᠮᠰ ᠦᠨ ᠨᠢᠭᠡ ᠶᠢᠨ ᠨᠢ ᠦᠵᠡᠭᠦᠯᠦᠯᠲᠡ ᠶᠢ ᠬᠡᠮᠵᠢᠬᠦ ᠳᠦ ᠬᠣᠭᠣᠷᠣᠨᠳᠣ ᠶᠢᠨ ᠵᠠᠢ ᠠᠴᠠ ᠦᠯᠦ ᠬᠠᠮᠢᠶᠠᠷᠤᠨ ᠨᠥᠭᠥᠭᠡ ᠪᠥᠭᠡᠮ ᠦᠨ ᠦᠵᠡᠭᠦᠯᠦᠯᠲᠡ ᠳᠦ ᠭᠱᠠᠨ ᠵᠠᠭᠤᠷ᠎ᠠ ᠨᠥᠯᠦᠭᠡᠯᠡᠵᠦ ᠪᠣᠯᠤᠨ᠎ᠠ᠃<ref name=":0" />

5᠃ ᠻᠸᠠᠨ᠍ᠲ᠋ᠴᠢᠯᠠᠯ᠄ ᠡᠨᠧᠷᠭᠢ ᠶᠢᠨ ᠲᠦᠪᠰᠢᠨ ᠭᠡᠬᠦ ᠵᠡᠷᠭᠡ ᠪᠥᠭᠡᠮᠰ ᠦᠨ ᠲᠣᠳᠣᠷᠬᠠᠢ ᠴᠢᠨᠠᠷ ᠤᠳ ᠨᠢ ᠵᠥᠪᠬᠡᠨ ᠱᠠᠲᠤᠯᠠᠯᠲᠠ ᠪᠤᠶᠤ ᠪᠠᠭᠴᠠ ᠤᠳᠬ᠎ᠠ ᠶᠢ ᠠᠪᠴᠤ ᠪᠣᠯᠤᠨ᠎ᠠ᠃ ᠲᠤᠬᠠᠶᠢᠯᠠᠪᠠᠯ ᠭᠡᠷᠡᠯ ᠦᠨ ᠹᠣᠲ᠋ᠣᠨ ᠭᠡᠳᠡᠭ ᠰᠠᠯᠤᠩᠭᠢᠳᠠ ᠪᠠᠭᠴᠠ ᠨᠤᠭᠤᠳ ᠲᠤ ᠢᠯᠭᠠᠷᠠᠬᠤ᠂ ᠰᠢᠩᠭᠡᠭᠡᠭᠳᠡᠬᠦ ᠭᠡᠬᠦ ᠮᠡᠲᠦ ᠦᠵᠡᠭᠳᠡᠯ ᠦᠳ ᠶ᠋ᠶ᠋᠋ᠡᠷ ᠢᠯᠡᠷᠡᠳᠡᠭ᠃ ᠻᠸᠠᠨᠲ ᠤᠨ ᠰᠢᠰᠲ᠋ᠧᠮ ᠦᠨ ᠶᠠᠪᠤᠴᠠ ᠶᠢ ᠱᠷᠥᠳᠢᠩᠭᠧᠷ ᠦᠨSchrödinger ᠲᠡᠭᠰᠢᠳᠬᠡᠯ ᠶ᠋ᠶ᠋᠋ᠡᠷ ᠳᠦᠷᠰᠦᠯᠡᠳᠡᠭ ᠪᠥᠭᠡᠳ ᠡᠨᠡ ᠨᠢ ᠳᠣᠯᠭᠢᠶᠠᠨ ᠤ ᠹᠦᠨᠻᠼ ᠦᠨ ᠬᠤᠪᠢᠰᠤᠯ ᠢ ᠴᠠᠭ ᠬᠤᠭᠤᠴᠠᠭᠠᠨ ᠤ ᠬᠠᠮᠢᠶᠠᠷᠤᠯ ᠶ᠋᠋ᠢᠠᠷ ᠳᠦᠷᠰᠦᠯᠡᠳᠡᠭ᠃ ᠻᠸᠠᠨᠲ ᠮᠧᠬᠠᠨᠢᠭ ᠨᠢ [[ᠻᠸᠠᠨ᠍ᠲ ᠤᠨ ᠲᠣᠭᠠᠴᠠᠯᠠᠯ|ᠻᠸᠠᠨᠲ ᠲᠣᠭᠠᠴᠠᠭᠠᠯᠠᠯ]]᠂ ᠻᠷᠢᠫᠲ᠋ᠣᠭ᠌ᠷᠠᠹ᠂ ᠮᠠᠲ᠋ᠧᠷᠢᠶᠠᠯ ᠰᠤᠳᠤᠯᠤᠯ ᠭᠡᠬᠦ ᠵᠡᠷᠭᠡ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠥᠷᠭᠡᠨ ᠬᠦᠷᠢᠶᠡᠨ ᠦ ᠬᠡᠷᠡᠭᠯᠡᠭᠡᠨ ᠳᠦ ᠵᠠᠶ᠋᠋ᠢᠯᠠᠰᠢ ᠦᠭᠡᠢ ᠱᠠᠭᠠᠷᠳᠠᠯᠭ᠎ᠠ ᠲᠠᠢ ᠻᠸᠠᠨᠲ ᠲᠦᠪᠰᠢᠨ ᠳᠦ ᠮᠠᠲ᠋ᠧᠷᠢ ᠪᠠ ᠡᠨᠧᠷᠭᠢ ᠶᠢᠨ ᠵᠠᠩ ᠲᠥᠯᠦᠪ ᠢ ᠣᠶ᠋᠋ᠢᠯᠠᠭᠠᠬᠤ ᠬᠦᠷᠢᠶ᠎ᠡ ᠶᠢ ᠪᠦᠷᠢᠳᠦᠭᠦᠯᠳᠡᠭ᠃<ref>OpenStax. College Physics. University of Hawaii OER ᠬᠠᠨᠳᠤᠭᠰᠠᠨ 2023/06/20. https://pressbooks-dev.oer.hawaii.edu/collegephysics/chapter/29-1-quantization-of-energy/</ref>

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width