Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
Chimee
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠭᠠᠷ ᠤᠲᠠᠰᠤᠨ ᠤ Chimee ᠬᠡᠷᠡᠭᠯᠡᠭᠦᠷ= <br> {| class="wikitable" |+ |[[File:Chimee 00.jpg|170px|center]] |- |style = "height: 110px;"|Chimee ᠬᠡᠷᠡᠭᠯᠡᠭᠦᠷ ᠦᠨ ᠯᠣᠭᠣ᠋ |} '''Chimee''' ᠢᠨᠦ ᠭᠠᠷ ᠤᠲᠠᠰᠤ ᠳᠡᠭᠡᠷ ᠡ᠋ ᠮᠣᠩᠭᠤᠯ ᠪᠢᠴᠢᠭ ᠢᠢᠡᠷ ᠰᠢᠪᠡᠬᠦ ᠬᠡᠷᠡᠭᠯᠡᠭᠦᠷ (app) ᠶᠤᠮ᠃ ᠡᠨᠡ ᠬᠦ ᠬᠡᠷᠡᠭᠯᠠᠭᠥᠷ ᠢ Suragch Development ᠬᠥᠭᠵᠢᠭᠦᠯᠦᠭᠰᠡᠨ ᠠᠭᠠᠳ ᠬᠠᠮᠤᠭ ᠤᠨ ᠰᠢᠨ᠌ᠡ᠋ ᠬᠤᠪᠢᠯᠪᠣᠷᠢ ᠨᠢ Chimee 3.1.1 ᠪᠢᠯᠡ᠃<ref>Chimee Apk https://apkfab.com/chimee/net.studymongolian.chimee</ref> <br> ᠮᠣᠩᠭᠤᠯ ᠤᠯᠤᠰ ᠤᠨ ᠮᠣᠩᠭᠤᠯ ᠪᠢᠴᠢᠭᠲᠡᠨ ᠨᠤᠭᠦᠳ ᠦᠨ ᠬᠠᠮᠤᠭ ᠤᠨ ᠰᠠᠢᠢᠨ ᠮᠡᠳᠡᠳᠡᠭ᠂ ᠬᠠᠮᠤᠭ ᠤᠨ ᠳᠤᠷᠠᠲᠠᠢ᠂ ᠬᠠᠮᠤᠭ ᠤᠨ ᠶᠡᠬᠡ ᠠᠰᠢᠭᠯᠠᠳᠠᠭ ᠬᠡᠷᠡᠭᠯᠡᠭᠦᠷ ᠦᠨ ᠨᠢᠭᠡ᠃ ==ᠠᠰᠢᠭᠯᠠᠬᠤ== Chimee ᠬᠡᠷᠡᠭᠯᠡᠭᠦᠷ ᠢ Playstore ᠪᠣᠯᠤᠨ Appstore ᠰᠠᠩ ᠤᠳ ᠡᠴᠡ ᠲᠠᠲᠠᠨ ᠠᠪᠴᠤ ᠭᠠᠷ ᠤᠲᠠᠰᠤᠨ ᠳ᠋ᠤ ᠰᠠᠭᠤᠯᠭᠠᠵᠤ ᠪᠣᠯᠤᠨ᠎ᠠ᠃ ᠡᠨᠡ ᠬᠡᠷᠡᠭᠯᠡᠭᠦᠷ ᠭᠠᠷ ᠤᠲᠠᠰᠤᠨ ᠤ Android᠂ iOS ᠦᠢᠯᠡᠳᠦᠯ ᠦᠨ ᠰᠢᠰᠲᠧᠮ ᠦᠳ<sup>system</sup> ᠳᠡᠭᠡᠷ ᠡ᠋ ᠠᠵᠢᠯᠯᠠᠳᠠᠭ᠃ Chimee ᠢᠢᠨ ᠭᠠᠷ ᠠᠨᠤ ᠴᠠᠭᠠᠨ ᠲᠣᠯᠠᠭᠠᠢ ᠢᠢᠨ ᠳᠠᠷᠠᠭᠠᠯᠠᠯ ᠪᠣᠯᠤᠨ ᠴᠠᠬᠢᠮ ᠲᠣᠭᠠᠴᠠᠭᠠᠯᠠᠭᠤᠷ ᠳᠡᠭᠡᠷᠡᠬᠢ ᠭᠠᠷ ᠤᠨ ᠦᠰᠦᠭ ᠦᠨ ᠳᠠᠷᠠᠭᠠᠯᠠᠯ ᠭᠡᠰᠡᠨ ᠬᠣᠶᠠᠷ ᠶᠠᠩᠵᠤ ᠢᠢᠨ ᠪᠠᠢᠢᠷᠢᠰᠢᠯ ᠲᠠᠢ᠃ ᠲᠡᠢᠢᠮᠦ ᠡᠴᠡ ᠬᠡᠷᠡᠭᠯᠡᠭᠴᠢ ᠠᠯᠢ ᠥᠪᠡᠷ ᠲᠦ ᠪᠡᠨ ᠡᠪᠲᠡᠢ ᠢᠢ ᠰᠣᠩᠭᠤᠨ ᠬᠡᠷᠡᠭᠯᠡᠵᠦ ᠪᠣᠯᠤᠨ᠎ᠠ᠃ {| class="wikitable" |+ |[[File:Chimee 03.jpg|170px|center]] |- |style = "height: 110px;"|ᠴᠠᠭᠠᠨ ᠲᠣᠯᠠᠭᠠᠢ ᠢᠢᠨ ᠪᠠᠢᠢᠷᠢᠯᠠᠯ ᠲᠠᠢ Chimee ᠮᠣᠩᠭᠣᠯ ᠭᠠᠷ |} ᠤᠷᠢᠳᠤ ᠨᠢ ᠪᠢᠴᠢᠵᠦ ᠪᠠᠶ᠋ᠢᠭᠰᠠᠨ ᠦᠭᠡ ᠨᠤᠭᠦᠳ ᠢ ᠬᠠᠳᠠᠭᠠᠯᠠᠵᠤ ᠰᠣᠩᠭᠣᠯᠲᠠ ᠮᠠᠶᠢᠭ ᠢᠶ᠋ᠠᠷ ᠭᠠᠷᠭᠠᠵᠤ ᠢᠷᠡᠳᠡᠭ᠃ ᠪᠢᠴᠢᠪᠦᠷᠢ ᠳᠡᠭᠡᠷ ᠡ᠋ ᠪᠡᠨ ᠤᠳᠠᠭᠠᠨ ᠳᠠᠷᠤᠪᠠᠰᠤ ᠬᠠᠭᠤᠯᠠᠬᠤ (copy)᠂ ᠬᠠᠢᠢᠴᠢᠯᠠᠬᠤ (cut)᠂ ᠨᠠᠭᠠᠬᠤ (paste) ᠭᠡᠬᠦᠴᠢᠯᠡᠨ ᠪᠢᠴᠢᠪᠦᠷᠢ ᠪᠡᠨ ᠨᠠᠢᠢᠷᠠᠭᠤᠯᠬᠤ (edit) ᠰᠣᠩᠭᠤᠯᠲᠠ ᠨᠤᠭᠤᠳ ᠭᠠᠷᠴᠤ ᠢᠷᠡᠮᠦᠢ᠃ ᠲᠡᠭᠦᠨᠴᠢᠯᠡᠨ ᠪᠢᠴᠢᠪᠦᠲᠢ ᠢᠢᠨ ᠥᠩᠭᠡ ᠬᠢᠭᠡᠳ ᠲᠢᠭ᠌ (font) ᠢ ᠥᠭᠡᠷᠡᠴᠢᠯᠡᠨ ᠰᠣᠯᠢᠬᠤ ᠰᠣᠩᠭᠤᠯᠲᠠ ᠨᠤᠭᠤᠳ ᠬᠠᠮᠲᠤ ᠭᠠᠷᠴᠤ ᠢᠷᠡᠨ᠎ᠡ᠃ {| class="wikitable" |+ |[[File:Chimee 02.jpg|170px|center]] |- |style = "height: 110px;"|ᠪᠢᠴᠢᠪᠦᠷᠢ ᠢᠢ ᠨᠠᠢᠢᠷᠠᠭᠤᠯᠬᠤ ᠰᠣᠩᠭᠤᠯᠲᠠ ᠨᠤᠭᠤᠳ |} ᠲᠡᠭᠦᠨᠴᠢᠯᠡᠨ᠂ ᠳᠡᠯᠭᠡᠴᠡ ᠢᠢᠨ ᠳᠡᠭᠡᠳᠦ ᠬᠡᠰᠡᠭ ᠳ᠋ᠬᠢ ᠵᠢᠷᠤᠭ ᠰᠣᠩᠭᠤᠬᠤ ᠲᠣᠪᠴᠢ ᠢᠢ ᠳᠠᠷᠤᠭᠠᠳ᠂ ᠵᠢᠷᠤᠭ ᠤᠨ ᠰᠠᠩ ᠡᠴᠡ ᠪᠠᠨ ᠰᠣᠩᠭᠤᠵᠤ᠂ ᠪᠢᠴᠢᠪᠦᠷᠢ ᠪᠡᠨ ᠵᠢᠷᠤᠭ ᠲᠠᠢ ᠡᠪᠯᠡᠭᠦᠯᠦᠨ ᠵᠢᠷᠤᠭ ᠲᠠᠢ ᠮᠡᠳᠡᠭᠡᠯᠡᠯ᠂ ᠮᠧᠮᠧ (meme) ᠰᠡᠯᠲᠡ ᠪᠦᠲᠦᠭᠡᠵᠦ ᠪᠣᠯᠳᠠᠭ᠃ ᠪᠡᠯᠡᠨ ᠪᠣᠯᠤᠭᠰᠠᠨ ᠪᠢᠴᠢᠪᠲᠢ᠂ ᠵᠢᠷᠤᠭᠲᠤ ᠪᠢᠴᠢᠪᠦᠷᠢ ᠢᠢ ᠪᠡᠨ ᠰᠢᠭᠤᠳ ᠢᠨ᠍ᠲ᠋ᠧᠷᠨᠧᠲ<sup>Internet</sup> ᠲᠦ ᠨᠡᠢᠢᠲᠡᠯᠡᠵᠦ ᠪᠣᠯᠤᠨ᠎ᠠ᠃ <br> ᠡᠰᠡᠪᠡᠰᠦ᠂ ᠬᠤᠪᠢ ᠢᠢᠨ ᠬᠠᠷᠢᠯᠴᠠᠭᠠᠨ ᠤ ᠬᠡᠷᠡᠭᠰᠡᠯ ᠢᠢᠡᠷ (chat, email ᠲᠡᠷᠢᠭᠦᠲᠡᠨ) ᠢᠯᠡᠭᠡᠵᠦ ᠪᠣᠯᠤᠨ᠎ᠠ᠃ ==ᠣᠨᠴᠠᠯᠢᠭ== ᠮᠣᠩᠭᠤᠯ ᠪᠢᠴᠢᠭ ᠦᠨ ᠪᠤᠰᠤᠳ ᠬᠡᠷᠡᠭᠯᠡᠭᠦᠷ ᠲᠡᠢ ᠬᠠᠷᠢᠴᠠᠭᠤᠯᠬᠤ ᠳᠤ ᠭᠠᠷ ᠳᠡᠭᠡᠷᠡᠬᠢ ᠦᠰᠦᠭ ᠦᠨ ᠳᠦᠷᠰᠦᠯᠡᠯ ᠪᠣᠰᠤᠭ᠎ᠠ ᠬᠠᠷᠠᠭᠳᠠᠴᠠ ᠲᠠᠢ ᠲᠤᠯᠠ ᠬᠡᠷᠡᠭᠯᠡᠭᠴᠢᠳ ᠳᠦ ᠲᠠᠭᠠᠲᠠᠢ᠂ ᠡᠪᠲᠡᠢ ᠪᠠᠶ᠋ᠢᠳᠠᠭ᠃ Chimee ᠬᠡᠷᠡᠭᠯᠡᠭᠦᠷ ᠢ ᠰᠠᠭᠤᠯᠭᠠᠭᠰᠠᠨ ᠢᠶ᠋ᠠᠷ ᠨᠢᠭᠡ ᠬᠡᠷᠡᠭᠯᠡᠭᠦᠷ ᠪᠤᠶᠤ ᠭᠠᠷ ᠳᠡᠭᠡᠷ᠎ᠡ ᠭᠤᠷᠪᠠᠨ ᠥᠭᠡᠷ᠎ᠡ ᠴᠠᠭᠠᠨ ᠲᠣᠯᠣᠭᠠᠢ ᠬᠡᠷᠡᠭᠯᠡᠵᠦ ᠪᠣᠯᠬᠤ ᠳᠠᠪᠠᠭᠤ ᠲᠠᠯ᠎ᠠ ᠲᠠᠢ᠃ ᠥᠭᠡᠷ᠎ᠡ ᠪᠡᠷ ᠬᠡᠯᠡᠪᠡᠯ ᠻᠢᠷᠢᠯ᠂ ᠯᠠᠲ᠋ᠢᠨ᠂ ᠮᠣᠩᠭᠣᠯ ᠪᠢᠴᠢᠭ ᠭᠡᠰᠡᠨ ᠦᠭᠡ ᠶᠤᠮ᠃ ᠡᠭᠦᠪᠡᠷ ᠢᠶ᠋ᠡᠨ ᠣᠯᠠᠨ ᠬᠡᠷᠡᠭᠯᠡᠭᠦᠷ ᠲᠠᠲᠠᠬᠤ ᠱᠠᠭᠠᠷᠳᠠᠯᠭ᠎ᠠ ᠦᠭᠡᠢ ᠪᠣᠯᠭᠠᠵᠤ ᠪᠠᠢᠢᠨ᠎ᠠ᠃ ᠮᠣᠩᠭᠣᠯ ᠪᠢᠴᠢᠭ ᠦᠨ ᠹᠣᠨ᠍ᠲ<sup>font</sup> ᠳᠡᠮᠵᠢᠬᠦ ᠦᠭᠡᠢ ᠤᠷᠴᠢᠨ ᠳᠤ᠂ ᠡᠰᠡᠪᠡᠯ ᠬᠦᠯᠢᠶᠡᠨ ᠠᠪᠤᠭᠴᠢ ᠢᠢᠨ ᠲᠥᠬᠥᠭᠡᠷᠦᠮᠵᠢ ᠮᠣᠩᠭᠣᠯ ᠪᠢᠴᠢᠭ ᠢᠶ᠋ᠡᠷ ᠪᠢᠴᠢᠭᠰᠡᠨ ᠵᠦᠢᠯ ᠢ ᠲᠠᠨᠢᠬᠤ ᠦᠭᠡᠢ ᠨᠥᠬᠥᠴᠡᠯ ᠳᠦ Chimee ᠳᠡᠭᠡᠷ᠎ᠡ ᠡᠴᠡ ᠪᠢᠴᠢᠭᠰᠡᠨ ᠪᠢᠴᠢᠪᠦᠷᠢ ᠰᠢᠭᠤᠳ ᠵᠢᠷᠤᠭ ᠬᠡᠯᠪᠡᠷᠢ ᠳᠦ ᠰᠢᠯᠵᠢᠵᠦ ᠬᠦᠷᠡᠳᠡᠭ᠃<ref>ᠡᠯᠵᠢᠭᠡᠨ ᠪᠠᠶᠠᠰᠬᠤᠯᠠᠩ᠃ "ᠴᠢᠮᠡᠭᠡ" ᠪᠡᠷ ᠪᠢᠴᠢᠵᠦ ᠰᠤᠷᠤᠶ᠎ᠠ᠃ '''ᠤᠯᠠᠮᠵᠢᠯᠠᠯ''' ᠰᠡᠳᠬᠦᠯ᠃ 2019 ᠣᠨ ᠤ №4 (14) ᠃ 47 ᠳ᠋ᠤᠭᠠᠷ ᠲᠠᠯ᠎ᠠ᠃ ᠤᠯᠠᠭᠠᠨᠪᠠᠭᠠᠲᠤᠷ᠃</ref> <br> ᠮᠥᠨ ᠵᠢᠵᠢᠭ ᠵᠢᠷᠤᠭ ᠲᠤ ᠮᠣᠩᠭᠣᠯ ᠪᠢᠴᠢᠭ ᠦᠨ ᠵᠢᠵᠢᠭ ᠪᠢᠴᠢᠪᠦᠷᠢ ᠲᠠᠶ᠋ᠢᠯᠪᠤᠷᠢ ᠣᠷᠣᠭᠤᠯᠬᠤ ᠵᠡᠷᠭᠡ ᠳᠦ ᠠᠰᠢᠭᠯᠠᠨ᠎ᠠ᠃ ᠪᠠᠰᠠ ᠮᠣᠩᠭᠤᠯ ᠪᠢᠴᠢᠭ ᠦᠨ Menksoft ᠰᠲ᠋ᠠᠨ᠍ᠳᠠᠷᠳ᠋ ᠢᠢᠠᠷ<sup>standard</sup> ᠪᠢᠴᠢᠭᠰᠡᠨ ᠪᠢᠴᠢᠪᠦᠷᠢ ᠢᠢ Unicode ᠰᠲ᠋ᠠᠨ᠍ᠳᠠᠷᠳ᠋ ᠳᠤ ᠬᠥᠷᠪᠦᠭᠦᠯᠦᠨ ᠤᠩᠰᠢᠬᠤ᠂ ᠡᠰᠡᠪᠡᠯ Unicode ᠡᠴᠡ Menksoft ᠤᠷᠤᠭᠤ ᠬᠥᠷᠪᠠᠭᠦᠯᠬᠦ ᠪᠣᠯᠤᠮᠵᠢ ᠲᠠᠢ᠃ ᠬᠥᠭᠵᠢᠭᠦᠯᠦᠭᠴᠢ ᠨᠢ Chimee ᠬᠡᠷᠡᠭᠯᠡᠭᠦᠷ ᠢ ᠤᠯᠠᠮ ᠤᠯᠠᠮ ᠢᠢᠠᠷ ᠪᠣᠯᠪᠠᠰᠤᠷᠠᠩᠭᠤᠢ ᠪᠣᠯᠭᠠᠵᠤ᠂ ᠰᠢᠨᠡ᠋ ᠬᠤᠪᠢᠯᠪᠤᠷᠢ ᠨᠤᠭᠤᠳ ᠢ ᠭᠠᠷᠭᠠᠭᠰᠠᠭᠠᠷ ᠪᠠᠢᠢᠳᠠᠭ ᠪᠢᠯᠡ᠃ ᠬᠡᠷᠡᠭᠯᠡᠭᠴᠢᠳ Chimee ᠬᠡᠷᠡᠭᠯᠡᠭᠦᠷ ᠢ ᠬᠡᠷᠡᠭᠯᠡᠬᠦ ᠶᠠᠪᠤᠴᠠ ᠳᠤ ᠲᠣᠬᠢᠶᠠᠯᠳᠤᠭᠰᠠᠨ ᠪᠡᠷᠬᠡᠰᠢᠶᠡᠯ ᠢᠢᠡᠨ ᠬᠥᠭᠵᠢᠭᠦᠯᠦᠭᠴᠢ ᠨᠠᠷ ᠲᠤ ᠤᠯᠠᠮᠵᠢᠵᠤ ᠪᠣᠯᠳᠠᠭ (ᠵᠢᠱᠢᠶᠡᠯᠡᠪᠡᠯ ᠡᠨᠡ ᠨᠡᠢᠢᠲᠡᠯᠡᠯ ᠦᠨ Хэлэлцүүлэг ᠭᠡᠰᠡᠨ ᠰᠣᠩᠭᠤᠯᠲᠠ ᠢᠢ ᠳᠠᠷᠤᠵᠤ ᠣᠷᠤᠭᠠᠳ ᠰᠠᠨᠠᠯ ᠢᠢᠠᠨ ᠪᠢᠴᠢᠵᠦ ᠪᠣᠯᠤᠨ᠎ᠠ)᠃ ᠡᠭᠦᠪᠡᠷ ᠢᠢᠡᠨ Chimee ᠬᠡᠷᠡᠭᠯᠡᠭᠦᠷ ᠢ ᠬᠥᠭᠵᠢᠭᠦᠯᠬᠦ ᠳ᠋ᠦ ᠦᠨ᠎ᠠ ᠲᠡᠢ ᠬᠤᠪᠢ ᠨᠡᠮᠡᠷᠢ ᠪᠣᠯᠳᠠᠭ ᠶᠤᠮ᠃ {| class="wikitable" |+ |[[Video:Chimee 5]] |- |style = "height: 110px;"|Chimee ᠬᠡᠷᠡᠭᠯᠡᠭᠦᠷ ᠢ ᠠᠰᠢᠭᠯᠠᠬᠤ ᠵᠢᠭᠠᠪᠤᠷᠢ᠃ |} == ᠨᠡᠷ ᠡ᠋ ᠲᠣᠮᠢᠶᠠᠯᠠᠯ == ᠭᠠᠷ ᠤᠲᠠᠰᠤ - cell phone - сотовый телефон ᠭᠠᠷ - keyboard - клавиатура ᠬᠡᠷᠡᠭᠯᠡᠭᠦᠷ - application - приложение ᠦᠢᠯᠡᠳᠦᠯ ᠦᠨ ᠰᠢᠰᠲᠧᠮ - operating system - операционная система ᠰᠢᠪᠡᠬᠦ - to type - печатать ᠲᠠᠲᠠᠨ ᠠᠪᠬᠤ - to download - скачать ᠰᠠᠭᠤᠯᠭᠠᠬᠤ - to install - установить ==ᠡᠬᠢ ᠰᠤᠷᠪᠤᠯᠵᠢ== <references /> [[Ангилал:ᠲᠧᠻᠨᠣᠯᠣᠭᠢ]] [[Ангилал:ᠬᠡᠯᠡ ᠰᠢᠨᠵᠢᠯᠡᠯ]]
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width