Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠺᠣᠮᠫ᠊ᠯᠧᠺᠰ ᠲᠣᠭ ᠠ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠻᠸᠠᠨ᠍ᠲ ᠮᠧᠻᠠᠨᠢᠭ᠌ == [[Квант механик|ᠻᠸᠠᠨ᠍ᠲ ᠮᠧᠻᠠᠨᠢᠭ᠌]]quantum mechanics ᠠᠲ᠋ᠣᠮ ᠠᠴᠠ ᠵᠢᠵᠢᠭ ᠡᠭᠡᠯ ᠪᠥᠭᠡᠮᠰ᠂ ᠶᠠᠭᠤᠨ ᠤ ᠡᠮᠦᠨ᠎ᠡ ᠪᠣᠽᠣᠨboson (ᠵᠢᠱᠢᠶ᠎ᠡ ᠨᠢ ᠹᠣᠲ᠋ᠣᠨphoton ᠪᠠ ᠹᠧᠷᠮᠢᠣᠨ ᠤfermion (ᠵᠢᠱᠢᠶᠡᠯᠡᠪᠡᠯ᠂ ᠨᠧᠦᠲ᠋ᠷᠣᠨ) ᠬᠥᠳᠡᠯᠭᠡᠭᠡᠨ᠂ ᠬᠠᠷᠢᠯᠴᠠᠨ ᠦᠢᠯᠡᠴᠢᠯᠡᠯ ᠢ ᠰᠤᠳᠤᠯᠳᠠᠭ᠃ ᠴᠢᠩᠭᠢᠬᠦ ᠳᠦ ᠪᠡᠨ ᠲᠡᠳᠡᠭᠡᠷ ᠦᠨ ᠦᠢᠯᠡ ᠬᠥᠳᠡᠯᠦᠯ ᠦᠨ ᠮᠠᠲ᠋ᠾᠧᠮᠠᠲ᠋ᠢᠭ᠌ ᠲᠣᠳᠣᠷᠬᠠᠶ᠋ᠢᠯᠠᠯᠲᠠ ᠶᠢ ᠮᠠᠭᠠᠳᠯᠠᠯ ᠤᠨ ᠤᠳᠬ᠎ᠠ ᠪᠠᠷ ᠭᠠᠷᠭᠠᠳᠠᠭ᠃ ᠴᠤᠬᠤᠮ ᠳᠠᠭᠠᠨ ᠺᠣᠮᠫ᠊ᠯᠧᠺᠰ ᠲᠣᠭ᠎ᠠ ᠻᠸᠠᠨ᠍ᠲ ᠮᠧᠻᠠᠨᠢᠭ᠌ ᠤᠨ ᠦᠨᠳᠦᠰᠦ ᠰᠠᠭᠤᠷᠢ ᠪᠣᠯᠳᠠᠭ᠃ ᠻᠸᠠᠨ᠍ᠲ ᠮᠧᠻᠠᠨᠢᠭ᠌ ᠲᠤ ᠱᠷᠥ᠋ᠲᠢᠩᠧᠷ ᠤᠨ Schrödinger ᠲᠡᠭᠰᠢᠳᠬᠡᠯ ᠦᠨ ᠠᠴᠢ ᠬᠣᠯᠪᠣᠭᠳᠠᠯ ᠨᠢ ᠰᠣᠩᠭᠣᠳᠠᠭ ᠹᠢᠽᠢᠻ ᠳ᠋ᠡᠬᠢ ᠨᠧᠧᠲ᠋ᠣᠨ᠍ ᠤ ᠬᠣᠶᠠᠳᠤᠭᠠᠷ ᠬᠠᠤᠯᠢ ᠶᠢᠨ ᠠᠳᠠᠯᠢ ᠶᠤᠮ᠃ ᠠᠯᠢ ᠠᠯᠢ ᠨᠢ ᠪᠥᠭᠡᠮ ᠦᠨ ᠪᠠᠶ᠋ᠢᠷᠢᠯᠠᠯ᠂ ᠢᠮᠫᠦ᠋ᠯᠰ ᠢ impuls ᠮᠠᠲ᠋ᠾᠧᠮᠠᠲ᠋ᠢᠭᠴᠢᠯᠠᠨ ᠲᠣᠳᠣᠷᠬᠠᠶ᠋ᠢᠯᠠᠳᠠᠭ᠃ ᠺᠣᠮᠫ᠊ᠯᠧᠺᠰ ᠲᠣᠭ᠎ᠠ ᠨᠢ ᠳᠣᠯᠭᠢᠶᠠᠨ ᠤ ᠹᠦᠨ᠍ᠻᠼ ᠢfunction ᠢᠯᠡᠷᠬᠡᠶ᠋ᠢᠯᠡᠬᠦ ᠳᠦ ᠲᠣᠬᠢᠷᠠᠮᠵᠢ ᠲᠠᠢ ᠤᠴᠢᠷ ᠠᠴᠠ ᠹᠢᠽᠢᠻ ᠦᠨ ᠡᠨᠡ ᠰᠠᠯᠪᠤᠷᠢ ᠳᠤ ᠵᠠᠶ᠋ᠢᠯᠠᠰᠢ ᠦᠭᠡᠢ ᠱᠠᠭᠠᠷᠳᠠᠯᠭ᠎ᠠ ᠲᠠᠢ ᠶᠤᠮ᠃ ᠴᠠᠭᠠᠰᠢᠯᠠᠪᠠᠯ᠂ ᠻᠸᠠᠨ᠍ᠲ ᠮᠧᠻᠠᠨᠢᠭ᠌ ᠤᠨ ᠰᠢᠭᠤᠳ ᠨᠥᠯᠥᠭᠡ ᠪᠡᠷ ᠬᠢᠮᠢ ᠶᠢᠨ ᠰᠢᠨᠵᠢᠯᠡᠬᠦ ᠤᠬᠠᠭᠠᠨ ᠤ ᠬᠥᠭᠵᠢᠯ ᠡᠷᠴᠢᠮᠵᠢᠭᠰᠡᠨ᠃ 1927 ᠣᠨ ᠳᠤ ᠸᠠᠯᠲ᠋ᠧᠷ ᠾᠠᠢᠢᠲ᠋ᠯᠧᠷWalter Heitler ᠂ ᠹᠷᠢᠼ ᠯᠣᠨ᠍ᠳᠣᠨFritz London ᠨᠠᠷ ᠸᠠᠯᠧᠨ᠍ᠲ ᠤᠨvalency ᠬᠣᠯᠪᠣᠭᠠᠰᠤ ᠶᠢᠨ ᠣᠨᠣᠯ ᠢ ᠲᠣᠮᠢᠶᠠᠯᠠᠭᠰᠠᠨ᠃ ᠻᠸᠠᠨ᠍ᠲ ᠮᠧᠻᠠᠨᠢᠭ᠌ ᠤᠨ ᠨᠢᠭᠡ ᠭᠣᠣᠯ ᠠᠰᠠᠭᠤᠳᠠᠯ ᠪᠣᠯ ᠡᠭᠡᠯ ᠪᠥᠭᠡᠮᠰ ᠦᠨ ᠳᠣᠯᠭᠢᠶᠠᠨ ᠤ ᠹᠦᠨ᠍ᠻᠼ ᠢ ᠤᠯᠬᠤ ᠶᠠᠪᠤᠳᠠᠯ ᠶᠤᠮ᠃ ᠳᠣᠯᠭᠢᠶᠠᠨ ᠤ ᠹᠦᠨ᠍ᠻᠼ ᠭᠡᠳᠡᠭ ᠨᠢ ᠲᠣᠳᠣᠷᠬᠠᠢ ᠬᠤᠭᠤᠴᠠᠭᠠᠨ ᠤ ᠵᠤᠷᠪᠤᠰ ᠲᠤ ᠡᠭᠡᠯ ᠪᠥᠭᠡᠮ ᠦᠨ ᠪᠠᠶ᠋ᠢᠵᠤ ᠪᠣᠯᠬᠤ ᠪᠠᠶ᠋ᠢᠷᠢᠰᠢᠯ ᠤᠳ ᠤᠨ ᠺᠣᠮᠫ᠊ᠯᠧᠺᠰ ᠮᠠᠭᠠᠳᠯᠠᠯ ᠤᠨ ᠲᠠᠷᠬᠠᠯᠲᠠ ᠶᠤᠮ᠄
<math>\frac{-\hbar}{2m}\frac{\partial^2\Psi(x,t)}{\partial x^2} + V(x,t)\Psi(x,t) = i\hbar\frac{\partial \Psi(x,t)}{\partial t}</math>

ᠻᠢᠨᠧᠲᠢᠭkinetic ᠧᠨᠧᠷᠭᠢenergy

ᠫᠣᠲ᠋ᠧᠨ᠍ᠼᠢᠶᠠᠯpotencial ᠧᠨᠧᠷᠭᠢ

ᠨᠡᠢᠢᠲᠡ ᠧᠨᠧᠷᠭᠢ   ᠳᠣᠯᠭᠢᠶᠠᠨ ᠤ ᠹᠦᠨ᠍ᠻᠼ ᠲᠦ ᠰᠢᠲᠦᠭᠰᠡᠨ ᠻᠸᠠᠨ᠍ᠲ ᠮᠧᠻᠠᠨᠢᠭ᠌ ᠤᠨ ᠰᠠᠭᠤᠷᠢ ᠲᠣᠮᠢᠶᠠᠨ ᠤ ᠨᠢᠭᠡ ᠪᠣᠯ ᠳᠡᠭᠡᠷ᠎ᠡ ᠳᠤᠷᠠᠳᠤᠭᠰᠠᠨ ᠱᠷᠥ᠋ᠲᠢᠩᠧᠷ ᠤᠨ ᠲᠡᠭᠰᠢᠳᠬᠡᠯ ᠶᠤᠮ᠃ ᠡᠨᠡᠬᠦ ᠲᠣᠮᠢᠶ᠎ᠠ ᠶᠢ ᠠᠰᠢᠭᠯᠠᠭᠰᠠᠨ ᠢᠶ᠋ᠠᠷ ᠤᠰᠤ ᠲᠥᠷᠦᠭᠴᠢ ᠶᠢᠨ ᠮᠣᠯᠧᠻᠤᠯmolecule ᠳᠠᠬᠢ ᠬᠣᠶᠠᠷ ᠠᠲ᠋ᠣᠮ ᠨᠢ ᠻᠣᠸᠠᠯᠧᠨ᠍ᠲcovalent ᠬᠣᠯᠪᠣᠭ᠎ᠠ ᠭᠡᠳᠡᠭ ᠢ ᠡᠭᠦᠰᠬᠡᠨ ᠧᠯᠧᠻᠲ᠋ᠷᠣᠨ ᠨᠤᠭᠤᠳ ᠢᠢᠠᠨ ᠬᠤᠪᠢᠶᠠᠯᠴᠠᠵᠤ ᠪᠠᠶ᠋ᠢᠳᠠᠭ ᠢ ᠪᠠᠲᠤᠯᠠᠭᠰᠠᠨ᠃<ref>Josiah Wu. Real Life Applications of Complex Numbers. 2020 https://issuu.com/harrowhongkong/docs/final_scientific_harrovian_issue_vi-i/s/11488755</ref>
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width