Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠡᠭᠦᠯᠡ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠦᠢᠯᠡᠴᠢᠯᠡᠭᠡᠨ ᠦ ᠬᠡᠪ ᠵᠠᠭᠪᠤᠷ ==
{| class="wikitable" |+ |[[File:Cloud Service and Deployment Models MGL.png|align: top|thumb|center]] |style = "height: 140px;"|ᠡᠭᠦᠯᠡᠨ ᠲᠣᠭᠠᠴᠠᠭᠠᠯᠠᠯ ᠤᠨ ᠦᠢᠯᠡᠴᠢᠯᠡᠭᠡᠨ ᠦ ᠵᠠᠭᠪᠤᠷ ᠤᠳ ᠪᠣᠯᠤᠨ ᠲᠦᠭᠡᠭᠡᠯ ᠦᠨ ᠵᠠᠭᠪᠤᠷ ᠤᠳ ᠤᠨ ᠦᠶᠠᠯᠳᠤᠭ ᠠ᠋ |}
'''IaaS (ᠳᠡᠳ᠋ ᠪᠦᠲᠦᠴᠡ ᠦᠢᠯᠡᠴᠢᠯᠡᠭᠡ)''' IaaS ᠨᠢ ᠦᠢᠯᠡᠴᠢᠯᠡᠭᠦᠯᠦᠭᠴᠢ ᠬᠦᠰᠡᠭᠰᠡᠨ ᠴᠠᠭ ᠲᠤ ᠪᠡᠯᠡᠨ ᠦᠢᠯᠡᠴᠢᠯᠡᠳᠡᠭ ᠰᠧᠷᠸᠧᠷ ᠦᠳ᠂ ᠬᠠᠳᠠᠭᠠᠯᠠᠬᠤ ᠪᠠᠭᠲᠠᠭᠠᠮᠵᠢ᠂ ᠰᠦᠯᠵᠢᠶᠡᠨ ᠦ ᠲᠥᠬᠥᠭᠡᠷᠦᠮᠵᠢ ᠨᠦᠭᠦᠳ ᠵᠡᠷᠭᠡ ᠡᠭᠦᠯᠡᠨ ᠳᠦ ᠪᠠᠶ᠋ᠢᠷᠢᠰᠢᠭᠤᠯᠤᠭᠰᠠᠨ ᠲᠣᠭᠠᠴᠠᠭᠠᠯᠠᠯ ᠤᠨ ᠳᠡᠳ᠋ ᠪᠦᠲᠦᠴᠡ ᠮᠥᠨ ᠪᠥᠭᠡᠳ ᠦᠢᠯᠡᠴᠢᠯᠡᠭᠦᠯᠦᠭᠴᠢᠳ ᠥᠪᠡᠷᠰᠡᠳ ᠦᠨ ᠪᠠᠶ᠋ᠢᠷᠢᠨ ᠳᠠᠬᠢ ᠲᠧᠻᠨᠢᠭ ᠬᠠᠩᠭᠠᠮᠵᠢ ᠶᠢ ᠠᠰᠢᠭᠯᠠᠵᠤ ᠪᠠᠶ᠋ᠢᠭ᠎ᠠ ᠮᠡᠲᠦ ᠬᠠᠮ ᠲᠣᠬᠢᠷᠠᠭᠤᠯᠵᠤ ᠠᠰᠢᠭᠯᠠᠬᠤ ᠪᠣᠯᠤᠮᠵᠢ ᠲᠠᠢ᠃ ᠪᠣᠳᠠᠲᠤ ᠲᠧᠻᠨᠢᠭ ᠬᠠᠩᠭᠠᠮᠵᠢ᠂ ᠲᠣᠭᠠᠴᠠᠭᠠᠯᠠᠯ ᠤᠨ ᠨᠥᠭᠡᠴᠡ ᠨᠦᠭᠦᠳ ᠨᠢ ᠡᠭᠦᠯᠡᠨ ᠦᠢᠯᠡᠴᠢᠯᠡᠭᠡ ᠦᠵᠡᠭᠦᠯᠦᠭᠴᠢ ᠶᠢᠨ ᠥᠭᠭᠥᠭᠳᠡᠯ ᠦᠨ ᠲᠥᠪ ᠲᠦ ᠪᠠᠶ᠋ᠢᠷᠢᠯᠠᠵᠤ᠂ ᠦᠢᠯᠡᠴᠢᠯᠡᠭᠡ ᠦᠵᠡᠭᠦᠯᠦᠭᠴᠢ ᠪᠠᠶ᠋ᠢᠭᠤᠯᠤᠯᠭ᠎ᠠ ᠠᠷᠠᠴᠢᠯᠠᠵᠤ᠂ ᠵᠠᠰᠠᠪᠤᠷᠢ ᠦᠢᠯᠡᠴᠢᠯᠡᠭᠡ ᠬᠢᠨ᠎ᠡ. IaaS ᠬᠡᠷᠡᠭᠯᠡᠭᠴᠢᠳ ᠲᠧᠻᠨᠢᠭ ᠬᠠᠩᠭᠠᠮᠵᠢ ᠶᠢ ᠢᠨ᠍ᠲ᠋ᠧᠷᠨᠧᠲ ᠬᠣᠯᠪᠣᠯᠲᠠ ᠪᠠᠷ ᠳᠠᠮᠵᠢᠭᠤᠯᠤᠨ ᠠᠰᠢᠭᠯᠠᠬᠤ ᠠᠭᠠᠳ ᠲᠥᠯᠥᠪᠦᠷᠢ ᠨᠢ ᠲᠣᠭᠲᠠᠮᠠᠯ ᠭᠡᠷ᠎ᠡ ᠪᠡᠷ᠂ ᠡᠰᠡᠪᠡᠯ ᠬᠡᠷᠡᠭᠯᠡᠭᠡ ᠪᠡᠷ ᠲᠣᠭᠠᠴᠠᠭᠳᠠᠳᠠᠭ᠃ IaaS ᠬᠡᠷᠡᠭᠯᠡᠭᠴᠢᠳ ᠬᠤᠪᠢᠶᠠᠯᠴᠠᠭᠰᠠᠨ (shared) ᠲᠧᠻᠨᠢᠭ ᠬᠠᠩᠭᠠᠮᠵᠢ ᠳᠡᠭᠡᠷᠡᠬᠢ (ᠡᠭᠦᠯᠡᠨ ᠦᠢᠯᠡᠴᠢᠯᠡᠭᠡ ᠦᠵᠡᠭᠦᠯᠦᠭᠴᠢ ᠸᠢᠷᠲ᠋ᠤᠠᠯᠴᠢᠯᠠᠯ ᠢ ᠬᠠᠷᠢᠭᠤᠴᠠᠳᠠᠭ) ᠸᠢᠷᠲ᠋ᠤᠠᠯ ᠮᠠᠱᠢᠨ ᠨᠤᠭᠤᠳ ᠠᠴᠠ (VM) ᠰᠤᠩᠭᠤᠬᠤ (ᠡᠭᠦᠯᠡᠨ ᠦᠢᠯᠡᠴᠢᠯᠡᠭᠡ ᠦᠵᠡᠭᠦᠯᠦᠭᠴᠢ ᠨᠢ ᠸᠢᠷᠲ᠋ᠤᠠᠯᠴᠢᠯᠠᠯ ᠢ ᠤᠳᠤᠷᠢᠳᠳᠠᠭ)᠂ ᠡᠰᠡᠪᠡᠯ ᠲᠤᠬᠠᠶ᠋ᠢᠯᠠᠭᠰᠠᠨ (dedicated) ᠪᠡᠶᠡᠳᠦ ᠲᠥᠬᠥᠭᠡᠷᠦᠮᠵᠢ ᠳᠡᠭᠡᠷᠡᠬᠢ ᠰᠧᠷᠸᠧᠷ ᠦᠳ ᠡᠴᠡ ᠰᠤᠩᠭᠤᠬᠤ ᠪᠣᠯᠤᠮᠵᠢ ᠲᠠᠢ᠃ ᠦᠢᠯᠡᠴᠢᠯᠡᠭᠦᠯᠦᠭᠴᠢᠳ ᠰᠧᠷᠸᠧᠷ ᠪᠣᠯᠤᠨ ᠳᠡᠳ᠋ ᠪᠦᠲᠦᠴᠡ ᠶᠢ ᠭᠷᠠᠹᠢᠻ ᠬᠢᠨᠠᠯᠲᠠ ᠶᠢᠨ ᠰᠠᠮᠪᠠᠷ᠎ᠠ ᠪᠠᠷ᠂ ᠡᠰᠡᠪᠡᠯ API (ᠬᠡᠷᠡᠭᠯᠡᠭᠦᠷ ᠫᠷᠣᠭ᠌ᠷᠠᠮᠴᠢᠯᠠᠯ ᠤᠨ ᠢᠨ᠍ᠲ᠋ᠧᠷᠹᠧᠢᠢᠰ) ᠠᠰᠢᠭᠯᠠᠨ ᠫᠷᠣᠭ᠌ᠷᠠᠮᠴᠢᠯᠠᠬᠤ᠂ ᠬᠠᠮ ᠲᠣᠬᠢᠷᠠᠭᠤᠯᠬᠤ᠂ ᠠᠵᠢᠯᠯᠠᠭᠤᠯᠬᠤ ᠪᠣᠯᠤᠮᠵᠢ ᠲᠠᠢ᠃ ᠡᠳᠦᠭᠡ Amazon Web Services᠂ Google Cloud᠂ IBM Cloud᠂ Microsoft Azure ᠵᠡᠷᠭᠡ ᠲᠣᠮᠣᠬᠠᠨ ᠡᠭᠦᠯᠡᠨ ᠦᠢᠯᠡᠴᠢᠯᠡᠭᠡ ᠦᠵᠡᠭᠦᠯᠦᠭᠴᠢᠳ IaaS ᠰᠠᠨᠠᠯ ᠪᠣᠯᠭᠠᠵᠤ ᠡᠬᠢᠯᠡᠭᠰᠡᠨ᠃ ''IaaS ᠍ ᠶᠢᠨ ᠠᠰᠢᠭ ᠲᠤᠰᠠ'': ᠤᠯᠠᠮᠵᠢᠯᠠᠯᠲᠤ ᠮᠡᠳᠡᠭᠡᠯᠡᠯ ᠦᠨ ᠲᠧᠻᠨᠣᠯᠣᠭᠢ ᠲᠠᠢ ᠬᠠᠷᠢᠴᠠᠭᠤᠯᠬᠤ ᠳᠤ IaaS ᠨᠢ ᠬᠡᠷᠡᠭᠯᠡᠭᠴᠢᠳ ᠲᠦ ᠢᠯᠡᠭᠦᠦ ᠤᠶᠠᠨ ᠬᠠᠲᠠᠨ ᠪᠣᠯᠤᠮᠵᠢ ᠢᠢ ᠣᠯᠭᠤᠵᠤ᠂ ᠲᠣᠭᠠᠴᠠᠭᠠᠯᠠᠬᠤ ᠨᠥᠭᠡᠴᠡ ᠶᠢ ᠱᠠᠭᠠᠷᠳᠠᠯᠭ᠎ᠠ ᠶᠢᠨ ᠬᠢᠷᠢ ᠪᠡᠷ ᠪᠤᠢ ᠪᠣᠯᠭᠠᠵᠤ᠂ ᠲᠷᠠᠹᠢᠻ ᠶᠡᠬᠡᠰᠬᠦ᠂ ᠪᠠᠭᠠᠰᠬᠤ ᠲᠠᠢ ᠤᠶᠠᠯᠳᠤᠭᠤᠯᠤᠨ ᠲᠡᠳᠡᠭᠡᠷ ᠢ ᠨᠡᠮᠡᠭᠳᠡᠭᠦᠯᠬᠦ᠂ ᠪᠠᠭᠤᠷᠠᠭᠤᠯᠬᠤ ᠪᠣᠯᠤᠮᠵᠢ ᠪᠠᠷ ᠬᠠᠩᠭᠠᠳᠠᠭ᠃ ᠦᠢᠯᠡᠴᠢᠯᠡᠭᠦᠯᠦᠭᠴᠢᠳ IaaS ᠠᠰᠢᠭᠯᠠᠭᠰᠠᠨ ᠢᠢᠠᠷ ᠥᠭᠭᠥᠭᠳᠡᠯ ᠦᠨ ᠲᠥᠪ ᠪᠠᠶ᠋ᠢᠭᠤᠯᠬᠤ ᠬᠥᠷᠦᠩᠭᠡ ᠣᠷᠣᠭᠤᠯᠤᠯᠲᠠ ᠶᠢᠨ ᠵᠠᠷᠤᠳᠠᠯ᠂ ᠵᠠᠰᠠᠪᠤᠷᠢ ᠦᠢᠯᠡᠴᠢᠯᠡᠭᠡ ᠬᠢᠬᠦ ᠤᠷᠤᠰᠬᠠᠯ ᠵᠠᠷᠤᠳᠠᠯ ᠠᠴᠠ ᠴᠢᠯᠦᠭᠡᠯᠡᠭᠳᠡᠨ᠎ᠡ᠃ ᠡᠨᠡ ᠨᠢ ᠨᠢᠭᠡ ᠲᠠᠯ᠎ᠠ ᠠᠴᠠ ᠣᠭᠴᠣᠮ ᠠᠴᠢᠶᠠᠯᠠᠯ ᠳᠤ ᠪᠡᠯᠡᠨ ᠪᠠᠶ᠋ᠢᠬᠤ ᠶᠢᠨ ᠲᠤᠯᠠᠳᠠ ᠢᠯᠡᠭᠦᠦ ᠶᠡᠬᠡ ᠬᠦᠴᠦᠨ ᠴᠢᠳᠠᠯ ᠬᠤᠳᠠᠯᠳᠤᠵᠤ ᠠᠪᠬᠤ ᠦᠷ᠎ᠡ ᠠᠰᠢᠭ ᠪᠠᠭᠠᠲᠠᠢ ᠵᠠᠷᠤᠳᠠᠯ᠂ ᠨᠥᠭᠥᠭᠡ ᠲᠠᠯ᠎ᠠ ᠠᠴᠠ ᠭᠡᠨᠡᠳᠲᠡ ᠶᠢᠨ ᠠᠴᠢᠶᠠᠯᠠᠯ ᠳᠤ ᠠᠵᠢᠯᠯᠠᠬᠤ ᠬᠦᠴᠦᠨ ᠴᠢᠳᠠᠯ ᠳᠤᠲᠠᠭᠳᠠᠭᠰᠠᠨ ᠠᠴᠠ ᠡᠭᠦᠳᠡᠵᠦ ᠪᠣᠯᠬᠤ ᠭᠦᠢᠴᠡᠳᠬᠡᠯ ᠦᠨ ᠳᠣᠭᠣᠯᠳᠠᠯ᠂ ᠲᠠᠰᠤᠯᠳᠠᠯ ᠤᠨ ᠬᠣᠭᠣᠷᠣᠨᠳᠣ ᠵᠣᠬᠢᠴᠠᠬᠤ ᠳᠠᠷᠤᠮᠲᠠ ᠶᠢ ᠠᠷᠢᠯᠭᠠᠨ᠎ᠠ᠃ ''IaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ''᠄ ᠲᠠᠰᠤᠷᠠᠯᠲᠠ ᠦᠭᠡᠢ ᠪᠡᠯᠡᠨ ᠪᠠᠶ᠋ᠢᠳᠠᠯ᠄ ᠻᠣᠮᠫᠠᠨᠢ ᠨᠢ IaaS ᠠᠰᠢᠭᠯᠠᠨ ᠨᠡᠮᠡᠯᠲᠡ ᠰᠧᠷᠸᠧᠷ ᠦᠳ ᠢ ᠬᠢᠯᠪᠠᠷᠬᠠᠨ ᠡᠭᠦᠰᠬᠡᠵᠦ᠂ ᠭᠠᠵᠠᠷᠵᠦᠢ ᠶᠢᠨ ᠪᠤᠰᠤᠳ ᠪᠠᠶ᠋ᠢᠷᠢᠰᠢᠯ ᠤᠳ ᠲᠤ ᠴᠤ ᠰᠧᠷᠸᠧᠷ ᠦᠳ ᠡᠭᠦᠰᠬᠡᠵᠦ ᠪᠣᠯᠬᠤ ᠲᠤᠯᠠ ᠣᠷᠣᠨ ᠨᠤᠲᠤᠭ ᠳᠠᠬᠢ ᠴᠠᠬᠢᠯᠭᠠᠨ ᠲᠠᠰᠤᠯᠳᠠᠯ᠂ ᠭᠠᠮᠰᠢᠭ ᠤᠨ ᠦᠶ᠎ᠡ ᠳᠦ ᠴᠤ ᠲᠠᠰᠤᠷᠠᠯᠲᠠ ᠦᠭᠡᠢ ᠠᠰᠢᠭᠯᠠᠬᠤ ᠪᠣᠯᠤᠮᠵᠢ ᠬᠠᠩᠭᠠᠭᠳᠠᠨ᠎ᠠ᠃ ᠬᠣᠴᠣᠷᠤᠯᠳᠠ ᠪᠠᠭ᠎ᠠ᠂ ᠠᠵᠢᠯᠯᠠᠭ᠎ᠠ ᠰᠠᠶ᠋ᠢᠨ᠃ IaaS ᠦᠢᠯᠡᠴᠢᠯᠡᠭᠡ ᠦᠵᠡᠭᠦᠯᠦᠭᠴᠢ ᠨᠢ ᠣᠯᠠᠨ ᠭᠠᠵᠠᠷᠵᠦᠢ ᠶᠢᠨ ᠪᠠᠶ᠋ᠢᠷᠢᠰᠢᠯ ᠳᠤ ᠥᠭᠭᠥᠭᠳᠡᠯ ᠦᠨ ᠲᠥᠪ ᠦᠳ ᠠᠵᠢᠯᠯᠠᠭᠤᠯᠳᠠᠭ ᠲᠤᠯᠠ ᠬᠡᠷᠡᠭᠯᠡᠭᠴᠢᠳ ᠠᠯᠢ ᠣᠶ᠋ᠢᠷ᠎ᠠ ᠪᠠᠶ᠋ᠢᠷᠢᠰᠢᠯ ᠠᠴᠠ ᠫᠷᠣᠭ᠌ᠷᠠᠮ᠂ ᠦᠢᠯᠡᠴᠢᠯᠡᠭᠡ ᠶᠢ ᠠᠪᠤᠭᠰᠠᠨ ᠢᠢᠠᠷ ᠰᠠᠭᠠᠲᠠᠯ ᠪᠠᠭᠠᠰᠴᠤ᠂ ᠠᠵᠢᠯᠯᠠᠭ᠎ᠠ ᠰᠠᠶ᠋ᠢᠵᠢᠷᠠᠳᠠᠭ᠃ ᠬᠠᠷᠢᠭᠤ ᠦᠢᠯᠡᠳᠦᠯ ᠲᠦᠷᠭᠡᠰᠦᠨ᠎ᠡ᠄ ᠦᠢᠯᠡᠴᠢᠯᠡᠭᠦᠯᠦᠭᠴᠢᠳ ᠬᠡᠳᠦᠬᠡᠨ ᠮᠢᠨᠦ᠋ᠲ ᠤᠨ ᠳᠣᠲᠣᠷ᠎ᠠ ᠨᠥᠭᠡᠴᠡ ᠨᠦᠭᠦᠳ ᠢ ᠵᠣᠬᠢᠴᠠᠭᠤᠯᠵᠤ᠂ ᠰᠢᠨ᠎ᠡ ᠰᠠᠨᠠᠭ᠎ᠠ ᠶᠢ ᠪᠣᠭᠣᠨᠢ ᠬᠤᠭᠤᠴᠠᠭᠠᠨ ᠳᠤ ᠲᠤᠷᠰᠢᠵᠤ᠂ ᠰᠢᠨ᠎ᠡ ᠰᠠᠨᠠᠭ᠎ᠠ ᠶᠢ ᠢᠯᠡᠭᠦᠦ ᠣᠯᠠᠨ ᠬᠡᠷᠡᠭᠯᠡᠭᠴᠢᠳ ᠲᠦ ᠦᠳᠲᠡᠷ ᠲᠦᠷᠭᠡᠨ ᠬᠦᠷᠭᠡᠬᠦ ᠪᠣᠯᠤᠮᠵᠢ ᠲᠠᠢ᠃ ᠢᠵᠢ ᠠᠶᠤᠯ ᠦᠭᠡᠢ ᠪᠠᠶ᠋ᠢᠳᠠᠯ᠄ ᠥᠭᠭᠥᠭᠳᠡᠯ ᠦᠨ ᠲᠥᠪ ᠦᠳ ᠳᠡᠭᠡᠷ᠎ᠡ ᠨᠢᠭᠤᠴᠠᠯᠠᠯ (encryption) ᠠᠰᠢᠭᠯᠠᠵᠤ ᠥᠨᠳᠥᠷ ᠲᠦᠪᠰᠢᠨ ᠦ ᠬᠠᠮᠠᠭᠠᠯᠠᠯ ᠢ ᠪᠤᠢ ᠪᠣᠯᠭᠠᠳᠠᠭ᠃ ᠰᠢᠯᠢᠳᠡᠭ ᠲᠧᠻᠨᠣᠯᠣᠭᠢ ᠢᠢ ᠡᠷᠲᠡ ᠠᠰᠢᠭᠯᠠᠬᠤ᠄ ᠡᠭᠦᠯᠡᠨ ᠦᠢᠯᠡᠴᠢᠯᠡᠭᠡ ᠦᠵᠡᠭᠦᠯᠦᠭᠴᠢᠳ ᠬᠡᠷᠡᠭᠯᠡᠭᠴᠢ ᠳᠦ ᠪᠡᠨ ᠬᠠᠮᠤᠭ ᠤᠨ ᠰᠡᠭᠦᠯ ᠦᠨ ᠦᠶ᠎ᠡ ᠶᠢᠨ ᠲᠧᠻᠨᠣᠯᠣᠭᠢ ᠪᠠᠷ ᠬᠠᠩᠭᠠᠬᠤ ᠶᠢᠨ ᠲᠥᠯᠥᠭᠡ ᠥᠷᠢᠰᠦᠯᠳᠦᠳᠡᠭ ᠲᠤᠯᠠ ᠬᠡᠷᠡᠭᠯᠡᠭᠴᠢᠳ ᠲᠡᠳᠡᠭᠡᠷ ᠲᠧᠻᠨᠣᠯᠣᠭᠢ ᠶᠢ ᠥᠪᠡᠷ ᠦᠨ ᠪᠠᠶ᠋ᠢᠷᠢᠨ ᠳᠤ ᠬᠡᠷᠡᠭᠵᠢᠭᠦᠯᠬᠦ ᠡᠴᠡ ᠬᠠᠪᠢ ᠦᠭᠡᠢ ᠡᠷᠲᠡ (ᠮᠥᠨ ᠬᠠᠪᠢ ᠦᠭᠡᠢ ᠪᠠᠭ᠎ᠠ ᠵᠠᠷᠤᠳᠠᠯ ᠢᠢᠠᠷ) ᠠᠰᠢᠭᠯᠠᠬᠤ ᠪᠣᠯᠤᠮᠵᠢ ᠲᠠᠢ᠃<ref name=":1">IaaS vs. PaaS vs. SaaS. IBM Cloud Education 2021/09/02 <nowiki>https://www.ibm.com/cloud/learn/iaas-paas-saas</nowiki></ref>

'''PaaS (᠋ᠫ᠊ᠯᠠᠲ᠋ᠹᠣᠷᠮ ᠦᠢᠯᠡᠴᠢᠯᠡᠭᠡ)''' PaaS ᠨᠢ ᠫᠷᠣᠭ᠌ᠷᠠᠮ ᠬᠥᠭᠵᠢᠭᠦᠯᠬᠦ᠂ ᠠᠵᠢᠯᠯᠠᠭᠤᠯᠬᠤ᠂ ᠤᠳᠤᠷᠢᠳᠬᠤ ᠵᠣᠷᠢᠭᠤᠯᠤᠯᠲᠠ ᠲᠠᠢ ᠡᠭᠦᠯᠡᠨ ᠳᠦ ᠰᠠᠭᠤᠷᠢᠯᠠᠭᠰᠠᠨ ᠫ᠊ᠯᠠᠲ᠋ᠹᠣᠷᠮ ᠢᠢᠠᠷ ᠬᠠᠩᠭᠠᠳᠠᠭ᠃ ᠡᠭᠦᠯᠡᠨ ᠦᠢᠯᠡᠴᠢᠯᠡᠭᠡ ᠦᠵᠡᠭᠦᠯᠦᠭᠴᠢ ᠨᠢ ᠫ᠊ᠯᠠᠲ᠋ᠹᠣᠷᠮ ᠳᠤ ᠪᠠᠭᠲᠤᠭᠰᠠᠨ ᠪᠦᠬᠦ ᠲᠧᠻᠨᠢᠭ ᠬᠠᠩᠭᠠᠮᠵᠢ᠂ ᠫᠷᠣᠭ᠌ᠷᠠᠮ ᠬᠠᠩᠭᠠᠮᠵᠢ᠂ ᠲᠤᠬᠠᠶ᠋ᠢᠯᠠᠪᠠᠯ ᠰᠧᠷᠸᠧᠷ ᠦᠳ (ᠬᠥᠭᠵᠢᠭᠦᠯᠬᠦ᠂ ᠲᠤᠷᠰᠢᠬᠤ᠂ ᠠᠵᠢᠯᠯᠠᠭᠤᠯᠬᠤ ᠠᠵᠢᠯᠯᠠᠭᠠᠨ ᠳᠤ ᠵᠣᠷᠢᠭᠤᠯᠤᠭᠳᠠᠭᠰᠠᠨ)᠂ ᠦᠢᠯᠡᠳᠦᠯ ᠦᠨ ᠰᠢᠰᠲ᠋ᠧᠮ᠂ ᠬᠠᠳᠠᠭᠠᠯᠠᠮᠵᠢ᠂ ᠰᠦᠯᠵᠢᠶ᠎ᠡ᠂ ᠮᠡᠳᠡᠭᠡᠯᠡᠯ ᠦᠨ ᠰᠠᠩ᠂ ᠵᠠᠪᠰᠠᠷ ᠤᠨ ᠫᠷᠣᠭ᠌ᠷᠠᠮ ᠬᠠᠩᠭᠠᠮᠵᠢ᠂ ᠪᠦᠲᠦᠴᠡ᠂ ᠬᠥᠭᠵᠢᠭᠦᠯᠦᠯᠲᠡ ᠶᠢᠨ ᠬᠡᠷᠡᠭᠰᠡᠯ ᠦᠳ᠂ ᠮᠥᠨ ᠲᠡᠭᠦᠨᠴᠢᠯᠡᠨ ᠮᠡᠳᠡᠭᠡᠯᠡᠯ ᠦᠨ ᠠᠶᠤᠯ ᠦᠭᠡᠢ ᠪᠠᠶ᠋ᠢᠳᠠᠯ᠂ ᠫᠷᠣᠭ᠌ᠷᠠᠮ ᠬᠠᠩᠭᠠᠮᠵᠢ ᠶᠢᠨ ᠰᠢᠨᠡᠴᠢᠯᠡᠯ᠂ ᠨᠥᠭᠡᠴᠡᠯᠡᠯ (backups) ᠭᠡᠬᠦ ᠮᠡᠲᠦ ᠬᠣᠯᠪᠣᠭᠳᠠᠬᠤ ᠦᠢᠯᠡᠴᠢᠯᠡᠭᠡ ᠨᠦᠭᠦᠳ ᠢ ᠪᠠᠶ᠋ᠢᠷᠢᠰᠢᠭᠤᠯᠵᠤ᠂ ᠵᠣᠬᠢᠴᠠᠭᠤᠯᠵᠤ᠂ ᠵᠠᠰᠠᠪᠤᠷᠢ ᠠᠷᠠᠴᠢᠯᠠᠭ᠎ᠠ ᠶᠢ ᠬᠠᠷᠢᠭᠤᠴᠠᠳᠠᠭ᠃ ᠬᠡᠷᠡᠭᠯᠡᠭᠴᠢᠳ PaaS ᠍ ᠳᠦ ᠬᠡᠷᠡᠭᠯᠡᠭᠴᠢ ᠶᠢᠨ ᠭᠷᠠᠹᠢᠻ ᠢᠨ᠍ᠲ᠋ᠧᠷᠹᠧᠢᠢᠰ ᠢᠢᠡᠷ (GUI) ᠬᠠᠨᠳᠤᠬᠤ ᠪᠠ ᠬᠥᠭᠵᠢᠭᠦᠯᠦᠯᠲᠡ ᠶᠢᠨ ᠪᠤᠶᠤ DevOps ᠪᠠᠭ ᠤᠳ ᠻᠣᠲᠴᠢᠯᠠᠯcoding᠂ ᠢᠨ᠍ᠲ᠋ᠧᠭᠷᠠᠼᠴᠢᠯᠠᠯintegration᠂ ᠲᠤᠷᠰᠢᠯᠲᠠ᠂ ᠲᠦᠭᠡᠭᠡᠯᠳᠡ᠂ ᠪᠠᠶ᠋ᠢᠷᠢᠰᠢᠭᠤᠯᠤᠯᠲᠠ᠂ ᠡᠷᠭᠢᠨ ᠮᠡᠳᠡᠭᠡᠯᠡᠯ ᠵᠡᠷᠭᠡ ᠫᠷᠣᠭ᠌ᠷᠠᠮ ᠤᠨ ᠮᠥᠴᠡᠯᠭᠡ ᠶᠢᠨ ᠲᠤᠷᠰᠢᠳᠠ ᠬᠠᠮᠲᠤᠷᠠᠨ ᠠᠵᠢᠯᠯᠠᠵᠤ ᠪᠣᠯᠤᠨ᠎ᠠ᠃ PaaS ᠰᠢᠢᠳᠦᠯ ᠦᠳ ᠦᠨ ᠵᠢᠱᠢᠶᠡᠨ ᠳᠦ AWS Elastic Beanstalk᠂ Google App Engine᠂ Microsoft Windows Azure᠂ IBM Cloud ᠳᠡᠭᠡᠷᠡᠬᠢ Red Hat OpenShift ᠪᠠᠭᠳᠠᠨ᠎ᠠ᠃ ''PaaS ᠍ ᠶᠢᠨ ᠠᠰᠢᠭ ᠲᠤᠰᠠ''᠄ PaaS ᠬᠡᠷᠡᠭᠯᠡᠭᠴᠢᠳ ᠡᠭᠦᠯᠡᠨ ᠳ᠋ᠡᠬᠢ ᠫ᠊ᠯᠠᠲ᠋ᠹᠣᠷᠮ ᠳᠤ ᠲᠦᠰᠢᠭᠯᠡᠨ ᠫᠷᠣᠭ᠌ᠷᠠᠮ ᠤᠳ ᠪᠣᠯᠪᠠᠰᠤᠷᠠᠭᠤᠯᠵᠤ᠂ ᠲᠤᠷᠰᠢᠵᠤ᠂ ᠠᠵᠢᠯᠯᠠᠭᠤᠯᠬᠤ᠂ ᠰᠠᠶ᠋ᠢᠵᠢᠷᠠᠭᠤᠯᠵᠤ᠂ ᠲᠦᠭᠡᠭᠡᠨ ᠳᠡᠯᠭᠡᠷᠡᠭᠦᠯᠬᠦ ᠪᠣᠯᠤᠮᠵᠢ ᠲᠠᠢ᠃ ᠢᠩᠭᠢᠵᠦ ᠠᠵᠢᠯᠯᠠᠬᠤ ᠨᠢ ᠥᠪᠡᠷ ᠦᠨ ᠪᠠᠶ᠋ᠢᠷᠢᠨ ᠳᠤ ᠫ᠊ᠯᠠᠲ᠋ᠹᠣᠷᠮ ᠪᠠᠶ᠋ᠢᠭᠤᠯᠵᠤ᠂ ᠵᠣᠬᠢᠴᠠᠭᠤᠯᠬᠤ ᠠᠴᠠ ᠢᠯᠡᠭᠦᠦ ᠬᠤᠷᠳᠤᠨ ᠪᠥᠭᠡᠳ ᠬᠡᠮᠨᠡᠯᠲᠡ ᠲᠡᠢ ᠪᠠᠶ᠋ᠢᠳᠠᠭ᠃ ᠡᠨᠡ ᠨᠢ PaaS ᠤᠨ ᠦᠨᠳᠦᠰᠦᠨ ᠳᠠᠪᠠᠭᠤ ᠲᠠᠯ᠎ᠠ ᠶᠤᠮ᠃ ''ᠪᠤᠰᠤᠳ ᠳᠠᠪᠠᠭᠤ ᠲᠠᠯ᠎ᠠ ᠨᠤᠭᠤᠳ ᠨᠢ''᠄ ᠵᠠᠬ᠎ᠠ ᠵᠡᠭᠡᠯᠢ ᠳᠦ ᠭᠠᠷᠭᠠᠬᠤ ᠬᠤᠭᠤᠴᠠᠭ᠎ᠠ ᠶᠢ ᠲᠣᠪᠴᠢᠯᠠᠨ᠎ᠠ᠄ ᠬᠥᠭᠵᠢᠭᠦᠯᠦᠯᠲᠡ ᠶᠢᠨ ᠪᠠᠭ ᠤᠳ PaaS ᠢ ᠠᠰᠢᠭᠯᠠᠨ ᠬᠡᠳᠦᠨ ᠳᠣᠯᠣᠭ᠎ᠠ ᠬᠣᠨᠣᠭ᠂ ᠰᠠᠷ᠎ᠠ ᠪᠠᠷ ᠪᠢᠰᠢ᠂ ᠬᠠᠷᠢᠨ ᠬᠡᠳᠦᠬᠡᠨ ᠮᠢᠨᠦ᠋ᠲ ᠲᠤ ᠬᠥᠭᠵᠢᠭᠦᠯᠦᠯᠲᠡ᠂ ᠲᠤᠷᠰᠢᠯᠲᠠ᠂ ᠪᠣᠷᠣᠯᠠᠭᠤᠯᠤᠯᠲᠠ ᠶᠢᠨ ᠮᠥᠴᠡᠯᠭᠡ ᠶᠢ ᠭᠦᠢᠴᠡᠭᠡᠬᠦ ᠪᠣᠯᠤᠮᠵᠢ ᠲᠠᠢ᠃ ᠰᠢᠨ᠎ᠡ ᠲᠧᠻᠨᠣᠯᠣᠭᠢ ᠶᠢ ᠡᠷᠦᠰᠳᠡᠯ ᠦᠭᠡᠢ ᠪᠤᠶᠤ ᠪᠠᠭ᠎ᠠ ᠡᠷᠦᠰᠳᠡᠯ ᠲᠡᠢ ᠲᠤᠷᠰᠢᠬᠤ᠂ ᠨᠡᠪᠲᠡᠷᠡᠭᠦᠯᠬᠦ᠄ PaaS ᠤᠨ ᠫ᠊ᠯᠠᠲ᠋ᠹᠤᠷᠮ ᠤᠳ ᠬᠠᠮᠤᠭ ᠤᠨ ᠰᠡᠭᠦᠯ ᠦᠨ ᠦᠶ᠎ᠡ ᠶᠢᠨ ᠣᠯᠠᠨ ᠲᠥᠷᠥᠯ ᠦᠨ ᠨᠥᠭᠡᠴᠡ ᠳ᠋ᠦ ᠬᠠᠨᠳᠤᠬᠤ ᠪᠣᠯᠤᠮᠵᠢ ᠶᠢ ᠠᠭᠤᠯᠠᠳᠠᠭ᠃ ᠢᠩᠭᠢᠭᠰᠡᠨ ᠢᠢᠡᠷ ᠻᠣᠮᠫᠠᠨᠢ ᠨᠤᠭᠤᠳ ᠰᠢᠨ᠎ᠡ ᠦᠢᠯᠡᠳᠦᠯ ᠦᠨ ᠰᠢᠰᠲ᠋ᠧᠮ᠂ ᠬᠡᠯᠡ ᠪᠣᠯᠤᠨ ᠪᠤᠰᠤᠳ ᠬᠡᠷᠡᠭᠰᠡᠯ ᠢ ᠲᠤᠷᠰᠢᠬᠤ ᠳᠤ ᠪᠠᠨ ᠲᠡᠳᠡᠭᠡᠷ ᠲᠦ ᠪᠣᠯᠤᠨ ᠲᠡᠳᠡᠭᠡᠷ ᠢ ᠠᠵᠢᠯᠯᠠᠭᠤᠯᠬᠤ ᠳᠡᠳ᠋ ᠪᠦᠲᠦᠴᠡ ᠳᠦ ᠶᠡᠬᠡ ᠬᠡᠮᠵᠢᠶᠡᠨ ᠦ ᠬᠥᠷᠥᠩᠭᠡ ᠤᠷᠤᠭᠤᠯᠬᠤ ᠱᠠᠭᠠᠷᠳᠠᠯᠭ᠎ᠠ ᠦᠭᠡᠢ᠃ ᠬᠠᠮᠲᠤᠷᠠᠨ ᠠᠵᠢᠯᠯᠠᠬᠤ ᠳᠤ ᠬᠢᠯᠪᠠᠷ᠄ ᠡᠭᠦᠯᠡᠨ ᠳᠦ ᠰᠠᠭᠤᠷᠢᠯᠠᠭᠰᠠᠨ ᠦᠢᠯᠡᠴᠢᠯᠡᠭᠡᠨ ᠦ ᠬᠤᠪᠢ ᠳᠤ PaaS ᠨᠢ ᠫᠷᠣᠭ᠌ᠷᠠᠮ ᠬᠠᠩᠭᠠᠮᠵᠢ ᠬᠥᠭᠵᠢᠭᠦᠯᠬᠦ ᠳᠤᠮᠳᠠ ᠶᠢᠨ ᠣᠷᠴᠢᠨ ᠢ ᠪᠦᠷᠢᠳᠦᠭᠦᠯᠵᠦ᠂ ᠬᠥᠭᠵᠢᠭᠦᠯᠦᠯᠲᠡ ᠪᠣᠯᠤᠨ ᠦᠢᠯᠡ ᠠᠵᠢᠯᠯᠠᠭᠠᠨ ᠤ ᠪᠠᠭ ᠤᠳ ᠲᠤ ᠢᠨ᠍ᠲ᠋ᠧᠷᠨᠧᠲ ᠬᠣᠯᠪᠣᠯᠲᠠ ᠲᠠᠢ ᠬᠠᠮᠢᠭ᠎ᠠ ᠠᠴᠠ ᠴᠤ ᠬᠡᠷᠡᠭᠲᠡᠢ ᠪᠦᠬᠦ ᠬᠡᠷᠡᠭᠰᠡᠯ ᠳᠦ ᠪᠡᠨ ᠬᠠᠨᠳᠤᠬᠤ ᠪᠣᠯᠤᠮᠵᠢ ᠶᠢ ᠣᠯᠭᠤᠳᠠᠭ᠃ ᠥᠷᠭᠡᠵᠢᠮᠡ ᠠᠷᠭᠠᠴᠢᠯᠠᠯ᠄ PaaS ᠠᠰᠢᠭᠯᠠᠭᠴᠢ ᠪᠠᠶ᠋ᠢᠭᠤᠯᠤᠯᠭ᠎ᠠ ᠨᠢ ᠬᠡᠷᠡᠭᠲᠡᠢ ᠦᠶᠡᠳ᠋ᠡᠭᠡᠨ ᠫᠷᠣᠭ᠌ᠷᠠᠮ ᠪᠦᠲᠦᠭᠡᠬᠦ᠂ ᠲᠤᠷᠰᠢᠬᠤ᠂ ᠠᠵᠢᠯᠯᠠᠭᠤᠯᠬᠤ ᠨᠡᠮᠡᠯᠲᠡ ᠬᠦᠴᠦᠨ ᠴᠢᠳᠠᠯ ᠢ ᠬᠤᠳᠠᠯᠳᠤᠨ ᠠᠪᠬᠤ ᠪᠣᠯᠤᠮᠵᠢ ᠲᠠᠢ᠃ ᠵᠠᠬᠢᠷᠭᠠᠨ ᠤ ᠠᠴᠢᠶᠠᠯᠠᠯ ᠴᠣᠮᠬᠠᠨ᠄ PaaS ᠨᠢ ᠳᠡᠳ᠋ ᠪᠦᠲᠦᠴᠡ ᠶᠢ ᠤᠳᠤᠷᠢᠳᠤᠯᠬᠤ᠂ ᠵᠠᠰᠠᠪᠤᠷᠢᠯᠠᠬᠤ᠂ ᠰᠢᠨᠡᠳᠭᠡᠬᠦ ᠭᠡᠬᠦ ᠮᠡᠲᠦ ᠵᠠᠬᠢᠷᠭᠠᠨ ᠤ ᠪᠦᠬᠦ ᠠᠵᠢᠯ ᠢ ᠡᠭᠦᠯᠡᠨ ᠦᠢᠯᠡᠴᠢᠯᠡᠭᠡ ᠦᠵᠡᠭᠦᠯᠦᠭᠴᠢ ᠥᠪᠡᠷ ᠳᠦ ᠪᠡᠨ ᠠᠪᠳᠠᠭ᠃<ref name=":1" />

'''SaaS (ᠫᠷᠣᠭ᠌ᠷᠠᠮ ᠬᠠᠩᠭᠠᠮᠵᠢ ᠦᠢᠯᠡᠴᠢᠯᠡᠭᠡ)''' SaaS ᠨᠢ ᠡᠭᠦᠯᠡᠨ ᠳᠦ ᠪᠠᠶ᠋ᠢᠷᠢᠰᠢᠭᠰᠠᠨ ᠬᠡᠷᠡᠭᠯᠡᠬᠦ ᠳᠦ ᠪᠡᠯᠡᠨ ᠬᠡᠷᠡᠭᠯᠡᠭᠡᠨ ᠦ ᠫᠷᠣᠭ᠌ᠷᠠᠮ ᠬᠠᠩᠭᠠᠮᠵᠢ ᠶᠤᠮ᠃ "ᠫᠷᠣᠭ᠌ᠷᠠᠮᠮ ᠤᠳ ᠪᠣᠯᠤᠨ ᠲᠡᠳᠡᠭᠡᠷ ᠢ ᠠᠰᠢᠭᠯᠠᠭᠤᠯᠬᠤ ᠳᠤ ᠱᠠᠭᠠᠷᠳᠠᠯᠭ᠎ᠠ ᠲᠠᠢ ᠪᠦᠬᠦ ᠳᠡᠳ᠋ ᠪᠦᠲᠦᠴᠡ᠂ ᠲᠡᠭᠦᠨ ᠢ ᠪᠦᠷᠢᠳᠦᠭᠦᠯᠦᠭᠴᠢ ᠰᠧᠷᠸᠧᠷ ᠦᠳ᠂ ᠬᠠᠳᠠᠭᠠᠯᠠᠮᠵᠢ᠂ ᠰᠦᠯᠵᠢᠶ᠎ᠡ᠂ ᠵᠠᠪᠰᠠᠷ ᠤᠨ ᠫᠷᠣᠭ᠌ᠷᠠᠮ ᠬᠠᠩᠭᠠᠮᠵᠢ᠂ ᠬᠡᠷᠡᠭᠯᠡᠭᠡᠨ ᠦ ᠫᠷᠣᠭ᠌ᠷᠠᠮ᠂ ᠥᠭᠭᠥᠭᠳᠡᠯ ᠬᠠᠳᠠᠭᠠᠯᠠᠯᠲᠠ ᠵᠡᠷᠭᠡ ᠶᠢ SaaS ᠦᠢᠯᠡᠴᠢᠯᠡᠭᠡ ᠦᠵᠡᠭᠦᠯᠦᠭᠴᠢ ᠥᠪᠡᠷ ᠳᠡᠭᠡᠷ᠎ᠡ ᠪᠡᠨ ᠪᠠᠶ᠋ᠢᠷᠢᠰᠢᠭᠤᠯᠵᠤ᠂ ᠵᠣᠬᠢᠴᠠᠭᠤᠯᠳᠠᠭ᠃ ᠦᠢᠯᠡᠴᠢᠯᠡᠭᠡ ᠦᠵᠡᠭᠦᠯᠦᠭᠴᠢ ᠨᠢ ᠫᠷᠣᠭ᠌ᠷᠠᠮ ᠬᠠᠩᠭᠠᠮᠵᠢ ᠶᠢᠨ ᠪᠦᠬᠦ ᠰᠢᠨᠡᠴᠢᠯᠡᠯᠲᠡ᠂ ᠨᠡᠮᠡᠯᠲᠡ ᠨᠦᠭᠦᠳ ᠢ ᠵᠣᠬᠢᠴᠠᠭᠤᠯᠳᠠᠭ ᠪᠥᠭᠡᠳ ᠡᠭᠦᠨ ᠢ ᠪᠡᠨ ᠦᠢᠯᠡᠴᠢᠯᠡᠭᠦᠯᠦᠭᠴᠢᠳ ᠲᠦ ᠶᠡᠬᠡᠪᠴᠢᠯᠡᠨ ᠦᠯᠦ ᠦᠵᠡᠭᠲᠡᠬᠦ ᠪᠠᠶ᠋ᠢᠳᠠᠯ ᠢᠢᠠᠷ ᠬᠡᠷᠡᠭᠵᠢᠭᠦᠯᠳᠡᠭ᠃ ᠦᠢᠯᠡᠴᠢᠯᠡᠭᠡ ᠦᠵᠡᠭᠦᠯᠦᠭᠴᠢ ᠨᠢ ᠶᠡᠷᠦᠩᠬᠡᠢ ᠳᠦ ᠪᠡᠨ ᠦᠢᠯᠡᠴᠢᠯᠡᠭᠡ ᠬᠦᠷᠭᠡᠬᠦ ᠭᠡᠷ᠎ᠡ ᠶᠢᠨ (SLA) ᠳᠠᠭᠠᠭᠤ ᠦᠢᠯᠡᠴᠢᠯᠡᠭᠡᠨ ᠦ ᠪᠡᠯᠡᠨ ᠪᠠᠶ᠋ᠢᠳᠠᠯ᠂ ᠮᠡᠳᠡᠭᠡᠯᠡᠯ ᠬᠠᠮᠠᠭᠠᠯᠠᠯ ᠤᠨ ᠱᠠᠭᠠᠷᠳᠠᠯᠭ᠎ᠠ ᠲᠠᠢ ᠲᠦᠪᠰᠢᠨ ᠢ ᠬᠠᠩᠭᠠᠵᠤ ᠠᠵᠢᠯᠯᠠᠳᠠᠭ᠃ ᠦᠢᠯᠡᠴᠢᠯᠡᠭᠦᠯᠦᠭᠴᠢᠳ ᠨᠡᠮᠡᠯᠲᠡ ᠵᠠᠷᠤᠳᠠᠯ ᠢᠢᠠᠷ ᠬᠡᠷᠡᠭᠯᠡᠭᠴᠢᠳ ᠦᠨ ᠲᠣᠭ᠎ᠠ᠂ ᠥᠭᠭᠥᠭᠳᠡᠯ ᠬᠠᠳᠠᠭᠠᠯᠠᠮᠵᠢ ᠶᠢᠨ ᠪᠠᠭᠲᠠᠭᠠᠮᠵᠢ ᠶᠢ ᠳᠡᠭᠡᠭᠰᠢᠯᠡᠭᠦᠯᠵᠦ ᠪᠣᠯᠤᠨ᠎ᠠ᠃ ᠥᠨᠥᠳᠥᠷ ᠭᠠᠷ ᠤᠲᠠᠰᠤ ᠠᠰᠢᠭᠯᠠᠳᠠᠭ ᠬᠡᠨ ᠪᠦᠬᠦᠨ ᠲᠣᠳᠣᠷᠬᠠᠢ ᠬᠡᠮᠵᠢᠶᠡᠨ ᠳᠦ SaaS ᠠᠰᠢᠭᠯᠠᠵᠤ ᠪᠠᠶ᠋ᠢᠭ᠎ᠠ᠃ ᠴᠠᠬᠢᠮ ᠰᠢᠤᠳᠠᠨ᠂ ᠨᠡᠶ᠋ᠢᠭᠡᠮ ᠤᠨ ᠰᠦᠯᠵᠢᠶ᠎ᠡ᠂ ᠡᠭᠦᠯᠡᠨ ᠹᠠᠶ᠋ᠢᠯ ᠬᠠᠳᠠᠭᠠᠯᠠᠮᠵᠢ (Box᠂ Dropbox ᠭᠡᠬᠦ ᠮᠡᠲᠦ) ᠭᠡᠬᠦᠴᠢᠯᠡᠨ ᠰᠢᠢᠳᠦᠯ ᠦᠳ ᠨᠢ ᠬᠦᠮᠦᠰ ᠦᠨ ᠡᠳᠦᠷ ᠲᠤᠲᠤᠮ ᠤᠨ SaaS ᠬᠡᠷᠡᠭᠯᠡᠭᠡᠨ ᠦ ᠵᠢᠱᠢᠶ᠎ᠡ ᠶᠤᠮ᠃ ᠪᠢᠽᠨ᠍ᠧᠰbusiness᠂ ᠠᠵᠤ ᠠᠬᠤᠢ ᠶᠢᠨ ᠨᠢᠭᠡᠴᠡ ᠶᠢᠨ SaaS ᠦᠢᠯᠡᠴᠢᠯᠡᠭᠡᠨ ᠦ ᠰᠢᠢᠳᠦᠯ ᠦᠳ ᠦᠨ ᠵᠢᠱᠢᠶᠡᠨ ᠳᠦ Salesforce (ᠬᠡᠷᠡᠭᠯᠡᠭᠴᠢ ᠲᠡᠢ ᠬᠠᠷᠢᠯᠴᠠᠬᠤ ᠫᠷᠣᠭ᠌ᠷᠠᠮ ᠬᠠᠩᠭᠠᠮᠵᠢ)᠂ HubSpot (ᠮᠠᠷᠻᠧᠲ᠋ᠢᠩ ᠤᠨ ᠫᠷᠣᠭ᠌ᠷᠠᠮ)᠂ Trello (ᠠᠵᠢᠯ ᠤᠨ ᠤᠷᠤᠰᠬᠠᠯ ᠤᠨ ᠤᠳᠤᠷᠢᠳᠤᠯᠭ᠎ᠠ)᠂ Slack (ᠬᠠᠮᠲᠤ ᠶᠢᠨ ᠠᠵᠢᠯᠯᠠᠭ᠎ᠠ ᠪᠠ ᠮᠧᠰᠰᠧᠵmessage)᠂ Canva (ᠭᠷᠠᠹᠢᠻ) ᠵᠡᠷᠭᠡ ᠪᠠᠭᠳᠠᠨ᠎ᠠ᠃ ᠠᠩᠬ᠎ᠠ ᠻᠣᠮᠫᠢᠶᠦ᠋ᠲ᠋ᠧᠷ ᠲᠦ ᠰᠠᠭᠤᠯᠭᠠᠨ ᠠᠰᠢᠭᠯᠠᠵᠤ ᠪᠠᠶ᠋ᠢᠭᠰᠠᠨ ᠣᠯᠠᠨ ᠫᠷᠣᠭ᠌ᠷᠠᠮ (ᠵᠢᠱᠢᠶ᠎ᠡ ᠨᠢ᠂ Adobe Creative Suite) ᠣᠳᠣ SaaS (ᠵᠢᠱᠢᠶ᠎ᠡ ᠨᠢ᠂ Adobe Creative Cloud) ᠬᠡᠯᠪᠡᠷᠢ ᠪᠡᠷ ᠠᠰᠢᠭᠯᠠᠬᠤ ᠪᠣᠯᠤᠮᠵᠢ ᠲᠠᠢ ᠪᠣᠯᠤᠭᠰᠠᠨ᠃ ''SaaS ᠍ ᠶᠢᠨ ᠠᠰᠢᠭ ᠲᠤᠰᠠ''᠄ SaaS ᠍ ᠤᠨ ᠭᠣᠣᠯ ᠳᠠᠪᠠᠭᠤ ᠲᠠᠯ᠎ᠠ ᠨᠢ ᠳᠡᠳ᠋ ᠪᠦᠲᠦᠴᠡ᠂ ᠫᠷᠣᠭ᠌ᠷᠠᠮ ᠤᠨ ᠠᠷᠠᠴᠢᠯᠠᠭ᠎ᠠ᠂ ᠵᠣᠬᠢᠴᠠᠭᠤᠯᠤᠯᠲᠠ ᠶᠢ ᠪᠦᠭᠦᠳᠡ ᠶᠢ SaaS ᠦᠢᠯᠡᠴᠢᠯᠡᠭᠡ ᠦᠵᠡᠭᠦᠯᠦᠭᠴᠢᠳ ᠲᠦ ᠡᠭᠦᠷᠦᠭᠦᠯᠦᠭᠰᠡᠨ ᠳᠦ ᠣᠷᠣᠰᠢᠨ᠎ᠠ᠃ ᠦᠢᠯᠡᠴᠢᠯᠡᠭᠦᠯᠦᠭᠴᠢ ᠶᠢᠨ ᠬᠢᠬᠦ ᠵᠦᠢᠯ ᠨᠢ ᠳᠠᠩᠰᠠ ᠨᠡᠭᠡᠭᠡᠭᠡᠳ᠂ ᠲᠥᠯᠥᠪᠦᠷᠢ ᠪᠡᠨ ᠲᠥᠯᠦᠵᠦ᠂ ᠫᠷᠣᠭ᠌ᠷᠠᠮ ᠢᠢᠠᠨ ᠠᠰᠢᠭᠯᠠᠵᠤ ᠡᠬᠢᠯᠡᠬᠦ ᠶᠠᠪᠤᠳᠠᠯ ᠶᠤᠮ᠃ ᠦᠢᠯᠡᠴᠢᠯᠡᠭᠡ ᠦᠵᠡᠭᠦᠯᠦᠭᠴᠢ ᠨᠢ ᠰᠧᠷᠸᠧᠷ ᠤᠨ ᠲᠧᠻᠨᠢᠭ ᠬᠠᠩᠭᠠᠮᠵᠢ᠂ ᠫᠷᠣᠭ᠌ᠷᠠᠮ ᠬᠠᠩᠭᠠᠮᠵᠢ ᠶᠢᠨ ᠵᠠᠰᠠᠪᠤᠷᠢ ᠦᠢᠯᠡᠴᠢᠯᠡᠭᠡ᠂ ᠬᠡᠷᠡᠭᠯᠡᠭᠴᠢ ᠶᠢᠨ ᠬᠠᠨᠳᠤᠯᠲᠠ᠂ ᠠᠶᠤᠯ ᠦᠭᠡᠢ ᠪᠠᠶ᠋ᠢᠳᠠᠯ᠂ ᠥᠭᠭᠥᠭᠳᠡᠯ ᠬᠠᠳᠠᠭᠠᠯᠠᠮᠵᠢ᠂ ᠵᠣᠬᠢᠴᠠᠭᠤᠯᠤᠯᠲᠠ᠂ ᠰᠢᠨᠡᠴᠢᠯᠡᠯᠲᠡ᠂ ᠨᠡᠮᠡᠯᠲᠡ ᠨᠦᠭᠦᠳ ᠢ ᠬᠡᠷᠡᠭᠵᠢᠭᠦᠯᠬᠦ ᠭᠡᠬᠦ ᠮᠡᠲᠦ ᠪᠦᠬᠦ ᠠᠰᠠᠭᠤᠳᠠᠯ ᠢ ᠬᠠᠷᠢᠭᠤᠴᠠᠨ᠎ᠠ᠃ ''SaaS ᠍ ᠦᠨ ᠪᠤᠰᠤᠳ ᠳᠠᠪᠠᠭᠤ ᠲᠠᠯ᠎ᠠ ᠨᠤᠭᠤᠳ ᠨᠢ''᠄ ᠡᠷᠦᠰᠳᠡᠯ ᠢ ᠴᠣᠮᠬᠠᠳᠬᠠᠭᠰᠠᠨ᠄ SaaS ᠪᠦᠲᠦᠭᠡᠭᠳᠡᠬᠦᠨ ᠨᠦᠭᠦᠳ ᠨᠢ ᠦᠨ᠎ᠡ ᠦᠭᠡᠢ ᠲᠤᠷᠰᠢᠯᠲᠠ ᠶᠢᠨ ᠬᠤᠭᠤᠴᠠᠭ᠎ᠠ ᠡᠰᠡᠪᠡᠯ ᠰᠠᠷ᠎ᠠ ᠶᠢᠨ ᠪᠠᠭ᠎ᠠ ᠬᠤᠷᠢᠶᠠᠮᠵᠢ ᠶᠢ ᠰᠠᠨᠠᠯ ᠪᠣᠯᠭᠠᠳᠠᠭ ᠲᠤᠯᠠ ᠬᠡᠷᠡᠭᠯᠡᠭᠴᠢᠳ ᠲᠦ ᠰᠠᠩᠬᠦᠦ ᠶᠢᠨ ᠡᠷᠦᠰᠳᠡᠯ ᠪᠠᠭ᠎ᠠ ᠲᠠᠢ᠂ ᠡᠷᠡᠰᠳᠡᠯ ᠦᠭᠡᠢ ᠪᠠᠶ᠋ᠢᠳᠠᠯ ᠢᠢᠠᠷ ᠲᠤᠬᠠᠢ ᠶᠢᠨ ᠦᠢᠯᠡᠴᠢᠯᠡᠭᠡ ᠬᠡᠷᠡᠭᠴᠡᠭᠡᠨ ᠳᠦ ᠨᠢ ᠨᠡᠶ᠋ᠢᠴᠡᠬᠦ ᠡᠰᠡᠬᠦ ᠶᠢ ᠮᠡᠳᠡᠷᠡᠬᠦ ᠪᠣᠯᠤᠮᠵᠢ ᠲᠠᠢ᠃ ᠪᠦᠲᠦᠭᠡᠮᠵᠢ ᠬᠠᠮᠢᠭ᠎ᠠ ᠴᠤ᠂ ᠬᠡᠵᠢᠶ᠎ᠡ ᠴᠤ᠄ ᠬᠡᠷᠡᠭᠯᠡᠭᠴᠢᠳ ᠬᠥᠲᠥᠴᠢ ᠪᠣᠯᠤᠨ ᠢᠨ᠍ᠲ᠋ᠧᠷᠨᠡᠲ ᠬᠣᠯᠪᠣᠯᠲᠠ ᠲᠠᠢ ᠳᠤᠷ᠎ᠠ ᠶᠢᠨ ᠲᠥᠬᠥᠭᠡᠷᠦᠮᠵᠢ ᠳᠡᠭᠡᠷ᠎ᠡ SaaS ᠫᠷᠣᠭ᠌ᠷᠠᠮ ᠤᠳ ᠠᠰᠢᠭᠯᠠᠬᠤ ᠪᠣᠯᠤᠮᠵᠢ ᠲᠠᠢ᠃ ᠬᠢᠯᠪᠠᠷ ᠥᠷᠭᠡᠵᠢᠭᠦᠯᠬᠦ ᠪᠣᠯᠤᠮᠵᠢ᠄ ᠬᠡᠷᠡᠭᠯᠡᠭᠴᠢ ᠨᠡᠮᠡᠬᠦ ᠨᠢ ᠪᠥᠷᠢᠳᠬᠡᠭᠦᠯᠬᠦ᠂ ᠰᠢᠨ᠎ᠡ ᠳᠠᠩᠰᠠᠨ ᠤ ᠬᠤᠷᠢᠶᠠᠮᠵᠢ ᠶᠢ ᠨᠢ ᠲᠥᠯᠦᠬᠦ ᠲᠡᠳᠦᠢ ᠬᠢᠯᠪᠠᠷ; ᠬᠡᠷᠡᠭᠯᠡᠭᠴᠢᠳ ᠳᠣᠣᠷᠠᠳᠤ ᠦᠨ᠎ᠡ ᠪᠡᠷ ᠥᠭᠭᠥᠭᠳᠡᠯ ᠦᠨ ᠰᠠᠩ ᠤᠨ ᠪᠠᠭᠲᠠᠭᠠᠮᠵᠢ ᠨᠡᠮᠡᠵᠦ ᠬᠤᠳᠠᠯᠳᠤᠵᠤ ᠠᠪᠬᠤ ᠪᠣᠯᠤᠮᠵᠢ ᠲᠠᠢ᠃<ref name=":1" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width