Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳᠣᠷᠤᠨᠠᠳᠤ ᠾᠤ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
==ᠲᠡᠦᠬᠡ==

===ᠲᠦᠷᠦᠭᠦᠦ ᠦᠶ᠎ᠡ ᠶ᠋ᠢᠨ ᠲᠡᠦᠬᠡ===
{| class="wikitable" |+ |[[File:Early Eastern Hu.jpg|align: top|thumb|center]] |style = "height: 100px;"|ᠳᠣᠷᠤᠨᠠᠳᠤ ᠾᠤ ᠨᠡᠶ᠋᠋ᠢᠲᠡ ᠶ᠋᠋ᠢᠨ ᠲᠣᠭᠠᠯᠠᠯ ᠡᠴᠡ ᠡᠮᠦᠨᠡᠬᠢ ᠲᠠᠪᠤᠳᠤᠭᠠᠷ ᠵᠠᠭᠤᠨ ᠤ ᠦᠶᠡᠰ ᠲᠦ |}
ᠳᠣᠷᠣᠨᠠᠲᠤ ᠾᠤ ᠨᠠᠷ ᠢ ᠲᠡᠦᠬᠡᠨ ᠡᠬᠢ ᠰᠤᠷᠪᠤᠯᠵᠢ ᠨᠤᠭᠤᠳ ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 7 ᠍ ᠳᠦᠭᠠᠷ ᠵᠠᠭᠤᠨ ᠳᠤ ᠠᠩᠬ᠎ᠠ ᠳᠤᠷᠠᠳᠤᠭᠰᠠᠨ ᠪᠠᠶ᠋ᠢᠨ᠎ᠠ᠃ ᠲᠡᠦᠬᠡᠴᠢᠳ ᠳᠣᠷᠣᠨᠠᠲᠤ ᠾᠤ ᠨᠠᠷ ᠢ ᠲᠣᠮᠣᠬᠠᠨ ᠠᠶ᠋ᠢᠮᠠᠭ ᠤᠨ ᠬᠣᠯᠪᠣᠭ᠎ᠠ ᠪᠠᠶ᠋ᠢᠭᠰᠠᠨ ᠭᠡᠵᠦ ᠦᠵᠡᠳᠡᠭ ᠪᠠᠶ᠋ᠢᠨ᠎ᠠ᠃
ᠳᠣᠷᠣᠨᠠᠲᠤ ᠾᠤ ᠨᠠᠷ ᠡᠳᠦᠭᠡ ᠶ᠋ᠢᠨ ᠥᠪᠥᠷ ᠮᠣᠩᠭᠣᠯ ᠤᠨ ᠵᠡᠭᠦᠨ ᠡᠮᠦᠨᠡᠲᠦ ᠬᠡᠰᠡᠭ᠂ ᠰᠢᠷ᠎ᠠ ᠲᠡᠩᠭᠢᠰ ᠡᠴᠡ ᠪᠠᠶ᠋ᠢᠭᠠᠯ ᠳᠠᠯᠠᠢ ᠶ᠋ᠢᠨ ᠬᠣᠭᠣᠷᠣᠨᠳᠣ᠂ ᠣᠷᠳᠣᠰ ᠠᠴᠠ ᠶᠡᠬᠡ ᠬᠢᠩᠭᠠᠨ ᠤ ᠨᠢᠷᠤᠭᠤᠨ ᠠᠴᠠ ᠴᠢᠨᠠᠭᠰᠢ᠂ ᠰᠣᠯᠣᠩᠭᠣᠰ ᠤᠨ ᠬᠣᠶ᠋ᠢᠭ ᠬᠦᠷᠲᠡᠯ᠎ᠡ ᠥᠷᠭᠡᠨ ᠠᠭᠤᠳᠠᠮ ᠨᠤᠲᠤᠭ ᠲᠤ ᠲᠠᠷᠬᠠᠨ ᠠᠮᠢᠳᠤᠷᠠᠵᠤ ᠪᠠᠶ᠋ᠢᠪᠠ᠃<ref>Дашибалов Эрдэм Баирович. Древний этап истории монголоязычных народов. Вестник Бурятского Государственного Университета 2014/08. https://cyberleninka.ru/article/n/drevniy-etap-istorii-mongoloyazychnyh-narodov/viewer</ref>
ᠳᠣᠷᠣᠨᠠᠲᠤ ᠾᠤ ᠨᠠᠷ ᠬᠦᠷᠡᠯ ᠪᠣᠯᠪᠠᠰᠤᠷᠠᠭᠤᠯᠬᠤ ᠠᠷᠭ᠎ᠠ ᠤᠬᠠᠭᠠᠨ᠂ ᠮᠣᠷᠢᠨ ᠴᠡᠷᠢᠭ ᠦᠨ ᠡᠷᠳᠡᠮ ᠶ᠋᠋ᠢᠡᠷ ᠪᠥᠰᠡ ᠨᠤᠲᠤᠭ ᠲᠤ ᠪᠠᠨ ᠲᠡᠷᠢᠭᠦᠯᠡᠵᠦ ᠪᠠᠶ᠋ᠢᠭᠰᠠᠨ ᠠᠭᠠᠳ ᠾᠢᠦᠩᠨᠦ ᠡᠴᠡ ᠬᠦᠴᠦᠷᠬᠡᠭ ᠪᠠᠶ᠋ᠢᠵᠠᠢ.<ref>Ma᠂ Changshou (1962). Wuhuan and Xianbei. Shanghai᠂ Shanghai renmin chubanshe.</ref> ᠲᠡᠳᠡ ᠬᠢᠲᠠᠳ ᠤᠨ ᠵᠠᠬ᠎ᠠ ᠬᠢᠵᠠᠭᠠᠷ ᠳᠠᠬᠢ Zhao᠂ Yan ᠤᠯᠤᠰ ᠤᠳ ᠢ ᠦᠶ᠎ᠡ ᠦᠶ᠎ᠡ ᠪᠠᠴᠢᠮᠳᠠᠭᠤᠯᠤᠨ ᠳᠣᠪᠲᠣᠯᠵᠤ ᠪᠠᠶ᠋ᠢᠵᠠᠢ᠃
ᠬᠢᠲᠠᠳ ᠤᠨ ᠳᠠᠶ᠋ᠢᠲᠤᠭᠴᠢ ᠭᠦᠷᠦᠨ ᠨᠦᠭᠦᠳ ᠦᠨ ᠦᠶ᠎ᠡ ᠶ᠋ᠢᠨ Zhao ᠤᠯᠤᠰ ᠤᠨ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 403–222 ᠣᠨ) Wuling ᠸᠠᠩ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 325–299 ᠣᠨ) ᠴᠡᠷᠢᠭ ᠦᠨ ᠰᠢᠨᠡᠴᠢᠯᠡᠯ ᠬᠢᠭᠰᠡᠨ ᠪᠠᠶ᠋ᠢᠨ᠎ᠠ᠃ ᠢᠩᠭᠢᠬᠦ ᠳᠦ ᠪᠡᠨ ᠴᠡᠷᠢᠭ ᠦᠳ ᠶ᠋᠋ᠢᠡᠨ ᠬᠥᠷᠰᠢ ᠾᠦ ᠨᠠᠷᠠ ᠰᠢᠭ ᠬᠤᠪᠴᠠᠰᠤᠯᠠᠬᠤ᠂ ᠮᠣᠷᠢᠨ ᠲᠡᠷᠭᠡ ᠶ᠋ᠢ ᠮᠣᠷᠢᠲᠤ ᠬᠠᠷᠪᠤᠭᠠᠴᠢᠳ ᠶ᠋᠋ᠢᠠᠷ ᠰᠣᠯᠢᠬᠤ ᠶ᠋ᠢ ᠵᠠᠷᠯᠢᠭ ᠪᠣᠯᠭᠠᠵᠠᠢ᠃ ᠡᠶ᠋ᠢᠮᠦ ᠰᠢᠨᠡᠴᠢᠯᠡᠯ ᠬᠢᠭᠰᠡᠨ ᠨᠢ ᠭᠠᠶ᠋ᠢᠬᠠᠮᠰᠢᠭᠲᠤ ᠠᠮᠵᠢᠯᠲᠠ ᠶ᠋ᠢᠨ ᠡᠬᠢᠯᠡᠯ ᠪᠣᠯᠪᠠ᠃ ᠡᠮᠦᠨ᠎ᠡ ᠨᠢ Zhao ᠤᠯᠤᠰ ᠤᠮᠠᠷᠠᠳᠤ ᠬᠥᠷᠰᠢ ᠳᠣᠷᠣᠨᠠᠲᠤ ᠾᠦ ᠂ ᠣᠢ ᠶ᠋ᠢᠨ ᠾᠦ᠂ ᠾᠢᠶᠣᠩᠨᠦ ᠲᠡᠷᠢᠭᠦᠲᠡᠨ ᠤᠮᠠᠷᠠᠳᠤ ᠶ᠋ᠢᠨ ᠨᠡᠭᠦᠳᠡᠯᠴᠢᠳ ᠦᠨ ᠤᠤᠯᠭ᠎ᠠ ᠳᠣᠪᠲᠣᠯᠭᠠᠨ ᠳᠤ ᠣᠯᠠᠨᠲᠠ ᠥᠷᠲᠥᠵᠦ ᠪᠠᠶ᠋ᠢᠪᠠ᠃ ᠮᠥᠨ ᠡᠮᠦᠨ᠎ᠡ ᠪᠣᠯᠤᠨ ᠳᠣᠷᠣᠨᠠᠲᠤ ᠡᠲᠡᠭᠡᠳ ᠳ᠋ᠡᠬᠢ ᠬᠥᠷᠰᠢ Wei᠂ Qi ᠵᠡᠷᠭᠡ ᠬᠢᠲᠠᠳ ᠤᠯᠤᠰ ᠤᠳ ᠤᠨ ᠬᠣᠭᠣᠷᠣᠨᠳᠣ ᠶ᠋ᠢᠨ ᠥᠷᠢᠰᠦᠯᠳᠦᠭᠡᠨ ᠲᠡᠮᠡᠴᠡᠯ ᠦᠨ ᠳᠤᠮᠳᠠᠬᠢ ᠲᠣᠭᠯᠠᠭᠠᠮ᠂ ᠰᠢᠲᠠᠷ᠎ᠠ ᠶ᠋ᠢᠨ ᠬᠦᠦ ᠪᠣᠯᠵᠤ ᠪᠠᠶ᠋ᠢᠭᠰᠠᠨ ᠠᠵᠢ᠃ ᠬᠠᠷᠢᠨ ᠡᠨᠡᠬᠦ ᠰᠢᠨᠡᠴᠢᠯᠡᠯ ᠦᠨ ᠦᠷ᠎ᠡ ᠳᠦᠩ ᠳᠦ ᠲᠡᠳᠡᠭᠡᠷ ᠲᠡᠢ ᠡᠩ ᠲᠡᠩᠴᠡᠭᠦᠦ ᠥᠷᠢᠰᠦᠯᠳᠡᠬᠦ ᠪᠣᠯᠤᠭᠰᠠᠨ ᠪᠠᠶ᠋ᠢᠨ᠎ᠠ᠃ ᠡᠭᠦᠨ ᠡᠴᠡ ᠡᠮᠦᠨ᠎ᠡ Zhao ᠤᠯᠤᠰ ᠤᠨ ᠴᠡᠷᠢᠭ ᠦᠨ ᠳᠠᠷᠤᠭ᠎ᠠ ᠨᠠᠷ ᠮᠣᠷᠢ ᠤᠨᠤᠬᠠ ᠳᠤ ᠪᠠᠨ ᠣᠷᠳᠣᠨ ᠤ ᠨᠡᠯᠮᠡᠭᠡᠷ ᠬᠤᠪᠴᠠᠰᠤ ᠲᠠᠢ ᠪᠠᠨ ᠤᠨᠤᠳᠠᠭ ᠪᠠᠶ᠋ᠢᠵᠠᠢ᠃ Wuling ᠸᠠᠩ ᠲᠡᠳᠡᠨ ᠢ ᠾᠦ ᠨᠠᠷ ᠯᠤᠭ᠎ᠠ ᠠᠳᠠᠯᠢ ᠥᠮᠥᠳᠥ᠂ ᠭᠤᠲᠤᠯ᠂ ᠦᠰᠦᠯᠢᠭ ᠳᠡᠪᠡᠯ᠂ ᠦᠰᠦᠯᠢᠭ ᠮᠠᠯᠠᠭᠠᠢ ᠡᠮᠦᠰᠴᠦ᠂ ᠪᠥᠰᠡ ᠪᠦᠰᠡᠯᠡᠵᠦ <ref>Ulrich Theobald. King Wuling of Zhao. ChinaKnowledge.de -An Encyclopaedia on Chinese History᠂ Literature and Art 2019/03/09. http://www.chinaknowledge.de/History/Zhou/personszhaowulingwang.html</ref> ᠮᠣᠷᠢ ᠤᠨᠤᠵᠤ ᠪᠠᠶ᠋ᠢᠬᠤ ᠶ᠋ᠢ ᠲᠤᠰᠢᠶᠠᠵᠤ᠂ ᠥᠪᠡᠷ ᠢᠢᠡᠨ ᠴᠤ ᠣᠷᠳᠣᠨ ᠳᠤ ᠾᠦ ᠬᠤᠪᠴᠠᠰᠤ ᠲᠠᠢ ᠰᠠᠭᠤᠳᠠᠭ ᠪᠣᠯᠤᠭᠰᠠᠨ ᠪᠠᠶ᠋ᠢᠨ᠎ᠠ᠃ ᠡᠳᠡᠭᠡᠷ ᠰᠢᠨᠡᠴᠢᠯᠡᠯ ᠢ ᠲᠡᠭᠦᠨ ᠦ ᠨᠣᠶᠠᠳ ᠲᠦᠰᠢᠮᠡᠳ ᠳᠡᠶ᠋ᠢᠯᠦᠩᠬᠢ ᠨᠢ ᠳᠡᠮᠵᠢᠵᠦ ᠪᠠᠶ᠋ᠢᠭᠰᠠᠨ ᠪᠣᠯᠪᠠᠴᠤ ᠵᠠᠷᠢᠮ ᠢᠵᠠᠭᠤᠷᠲᠠᠨ ᠠᠨᠤ “ᠵᠡᠷᠯᠢᠭ ᠦᠳ ᠢ” ᠳᠠᠭᠤᠷᠢᠶᠠᠵᠤ ᠪᠣᠯᠬᠤ ᠦᠭᠡᠢ ᠭᠡᠬᠦᠴᠢᠯᠡᠨ ᠡᠰᠡᠷᠭᠦᠴᠡᠵᠦ ᠪᠠᠶ᠋ᠢᠭᠰᠠᠨ ᠶᠠᠪᠤᠳᠠᠯ ᠪᠤᠢ᠃ ᠳᠠᠶ᠋ᠢᠲᠤᠭᠴᠢ ᠭᠦᠷᠦᠨ ᠨᠦᠭᠦᠳ ᠦᠨ ᠦᠶ᠎ᠡ ᠶ᠋ᠢᠨ Yan ᠤᠯᠤᠰ ᠬᠢᠲᠠᠳ ᠤᠨ ᠤᠮᠠᠷᠠᠳᠤ ᠬᠢᠯᠢ ᠳᠦ ᠣᠷᠣᠰᠢᠳᠠᠭ ᠲᠤᠯᠠ ᠨᠡᠭᠦᠳᠡᠯᠴᠢᠳ ᠦᠨ ᠳᠣᠪᠲᠣᠯᠭᠠᠨ ᠠᠴᠠ ᠰᠡᠷᠭᠡᠶ᠋ᠢᠯᠡᠵᠦ ᠤᠷᠲᠤ ᠬᠡᠷᠡᠮ ᠢ ᠪᠠᠶ᠋ᠢᠭᠤᠯᠵᠤ ᠪᠠᠶ᠋ᠢᠵᠠᠢ᠃ Yan ᠤᠯᠤᠰ Qin Kai ᠭᠡᠭᠴᠢ ᠶ᠋ᠢ ᠳᠣᠷᠣᠨᠠᠲᠤ ᠾᠦ ᠳᠤ ᠪᠠᠷᠢᠴᠠᠭ᠎ᠠ ᠪᠣᠯᠭᠠᠨ ᠢᠯᠡᠭᠡᠵᠦ ᠪᠠᠶ᠋ᠢᠵᠠᠢ᠃ ᠳᠣᠷᠣᠨᠠᠲᠤ ᠾᠦ ᠨᠠᠷ ᠤᠨ ᠠᠬᠤᠢ ᠠᠮᠢᠳᠤᠷᠠᠯ ᠤᠨ ᠤᠬᠠᠭᠠᠨ᠂ ᠳᠠᠶ᠋ᠢᠲᠤᠬᠤ ᠤᠷᠠᠯᠢᠭ ᠢ ᠠᠵᠢᠭᠯᠠᠨ ᠰᠤᠷᠴᠤ ᠮᠡᠳᠡᠭᠰᠡᠨ ᠲᠡᠷᠡ ᠪᠡᠷ ᠪᠠᠷᠢᠴᠠᠭᠠᠨ ᠠᠴᠠ ᠡᠷᠭᠢᠨ ᠢᠷᠡᠵᠦ᠂ Yan ᠤᠯᠤᠰ ᠤᠨ ᠵᠠᠩᠵᠤᠨ ᠪᠣᠯᠤᠭᠰᠠᠨ ᠪᠠᠶ᠋ᠢᠨ᠎ᠠ᠃ Qin Kai ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 300 ᠣᠨ ᠤ ᠦᠶ᠎ᠡ ᠳᠦ ᠳᠣᠷᠣᠨᠠᠲᠤ ᠾᠦ ᠪᠣᠯᠤᠨ ᠰᠣᠯᠣᠩᠭᠣᠰ ᠤᠨ Gojoseon ᠤᠯᠤᠰ ᠤᠨ ᠡᠰᠡᠷᠭᠦ ᠴᠡᠷᠢᠭᠯᠡᠨ ᠳᠣᠪᠲᠣᠯᠵᠤ ᠢᠯᠠᠭᠠᠳ᠂ Yan ᠤᠯᠤᠰ ᠤᠨ ᠨᠤᠲᠤᠭ ᠳᠡᠪᠢᠰᠬᠡᠷ ᠢ ᠵᠡᠭᠦᠨ ᠡᠲᠡᠭᠡᠳ ᠰᠣᠯᠣᠩᠭᠣᠰ ᠤᠨ ᠬᠣᠶ᠋ᠢᠭ ᠬᠦᠷᠲᠡᠯ᠎ᠡ ᠲᠡᠯᠡᠭᠰᠡᠨ ᠪᠠᠶ᠋ᠢᠨ᠎ᠠ᠃ ᠡᠭᠦᠨ ᠦ ᠳᠠᠷᠠᠭ᠎ᠠ Yan ᠤᠯᠤᠰ ᠰᠢᠨ᠎ᠡ ᠪᠡᠷ ᠪᠤᠯᠢᠶᠠᠨ ᠡᠵᠡᠯᠡᠭᠰᠡᠨ ᠬᠢᠯᠢ ᠶ᠋ᠢᠨ ᠳᠠᠭᠠᠤ᠂ ᠡᠳᠦᠭᠡ ᠶ᠋ᠢᠨ ᠵᠠᠩᠴᠠᠬᠦᠦ ᠶ᠋ᠢᠨ ᠬᠣᠶ᠋ᠢᠬᠠᠨᠠ ᠠᠴᠠ ᠵᠡᠭᠦᠨ ᠵᠦᠭ ᠰᠤᠨᠤᠭᠰᠠᠨ ᠤᠷᠲᠤ ᠬᠡᠷᠡᠮ ᠪᠠᠶ᠋ᠢᠭᠤᠯᠵᠤ᠂ ᠳᠣᠷᠣᠨᠠᠲᠤ ᠾᠦ ᠨᠠᠷ ᠢ ᠡᠷᠭᠢᠨ ᠢᠷᠡᠵᠦ ᠨᠤᠲᠤᠭ ᠶ᠋᠋ᠢᠠᠨ ᠴᠢᠯᠦᠭᠡᠯᠡᠵᠦ ᠠᠪᠬᠤ ᠠᠴᠠ ᠰᠡᠷᠭᠡᠶ᠋ᠢᠯᠡᠵᠡᠢ᠃<ref>Adam T. Kessler. Empires Beyond the Great Wall: The Heritage of Genghis Khan. Los Angeles: Natural History Museum of Los Angeles County (1993)᠂ p᠃ 44.</ref>
ᠬᠢᠲᠠᠳ ᠤᠨ ᠲᠡᠦᠬᠡ ᠪᠢᠴᠢᠯᠭᠡ ᠳᠦ ᠡᠨᠡ ᠮᠡᠲᠦᠴᠢᠯᠠᠨ ᠳᠠᠶ᠋ᠢᠨ ᠲᠤᠯᠤᠯᠳᠤᠭᠠᠨ ᠳᠤ ᠬᠢᠲᠠᠳ ᠤᠨ ᠤᠯᠤᠰ ᠤᠳ ᠤᠨ ᠪᠠᠶ᠋ᠢᠭᠤᠯᠤᠭᠰᠠᠨ ᠢᠯᠠᠯᠲᠠ ᠶ᠋ᠢ ᠳᠡᠯᠭᠡᠷᠡᠩᠭᠦᠢ ᠪᠢᠴᠢᠭᠰᠡᠨ ᠪᠠᠶ᠋ᠢᠳᠠᠭ ᠨᠢ ᠳᠠᠩᠳᠠ ᠬᠢᠲᠠᠳ ᠤᠨ ᠲᠠᠯ᠎ᠠ ᠢᠯᠠᠵᠤ ᠪᠠᠶ᠋ᠢᠭᠰᠠᠨ ᠭᠡᠰᠡᠨ ᠦᠭᠡ ᠬᠠᠷᠠᠬᠠᠨ ᠪᠢᠰᠢ᠃ ᠶᠡᠬᠡᠩᠬᠢ ᠲᠣᠬᠢᠶᠠᠯᠳᠤᠯ ᠳᠤ ᠤᠮᠠᠷ᠎ᠠ ᠵᠦᠭ ᠦᠨ ᠨᠡᠭᠦᠳᠡᠯᠴᠢᠳ ᠳᠡᠶ᠋ᠢᠯᠵᠦ ᠪᠠᠶ᠋ᠢᠭᠰᠠᠨ ᠪᠠ ᠴᠥᠭᠡᠨ ᠲᠣᠬᠢᠶᠠᠯᠳᠤᠯ ᠳᠤ ᠬᠢᠲᠠᠳ ᠤᠨ ᠲᠠᠯ᠎ᠠ ᠳᠡᠶ᠋ᠢᠯᠦᠭᠰᠡᠨ ᠨᠢ ᠣᠨᠴᠠᠭᠠᠢ ᠰᠣᠳᠣᠨ ᠦᠢᠯᠡ ᠶᠠᠪᠤᠳᠠᠯ ᠪᠣᠯᠵᠤ᠂ ᠲᠡᠦᠬᠡ ᠪᠢᠴᠢᠯᠭᠡ ᠳᠦ ᠪᠡᠨ ᠪᠠᠶᠠᠷ ᠬᠥᠷᠲᠡᠢ ᠪᠢᠴᠢᠵᠦ ᠲᠡᠮᠳᠡᠭᠯᠡᠭᠰᠡᠨ ᠪᠠᠶ᠋ᠢᠳᠠᠭ ᠪᠤᠢ ᠵᠠ᠃

===ᠳᠣᠷᠣᠨᠠᠲᠤ ᠾᠤ ᠪᠠ ᠾᠢᠶᠣᠩᠨᠦ===
{| class="wikitable" |+ |[[File:Asia 001ad.jpg|align: top|thumb|center]] |style = "height: 100px;"|ᠾᠢᠶᠣᠩᠨᠦ ᠨᠠᠷ ᠳᠣᠷᠤᠨᠠᠳᠤ ᠾᠤ ᠶ᠋᠋ᠢ ᠪᠤᠲᠠ ᠴᠣᠬᠢᠭᠰᠠᠨ ᠶ᠋᠋ᠢᠠᠷ ᠤᠬᠤᠸᠠᠨ ᠪᠠ ᠰᠢᠶᠠᠨᠪᠧᠢ ᠭᠡᠰᠡᠨ ᠬᠣᠶᠠᠷ ᠪᠦᠯᠦᠭ ᠠᠶ᠋᠋ᠢᠮᠠᠭ᠋ ᠤᠳ ᠪᠣᠯᠵᠤ ᠪᠤᠲᠠᠷᠠᠭᠰᠠᠨ |}
ᠾᠢᠶᠣᠩᠨᠦ ᠶ᠋᠋ᠢᠨ ᠲᠦᠮᠡᠨ ᠴᠠᠨ ᠢᠦᠶ ᠶ᠋᠋ᠢᠨ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 220 - 209 ᠣᠨ) ᠦᠶ᠎ᠡ ᠬᠦᠷᠬᠦ ᠳᠦ ᠳᠣᠷᠣᠨᠠᠲᠤ ᠾᠤ ᠨᠡᠩ ᠬᠦᠴᠦᠷᠬᠡᠭ ᠪᠣᠯᠤᠭᠰᠠᠨ ᠪᠠᠶ᠋ᠢᠪᠠ᠃<ref>Watson᠂ Burton᠃ (1993). Records of the Grand Historian by Sima Qian. Translated by Burton Watson. Revised Edition. Columbia University Press.</ref> ᠡᠨᠡ ᠦᠶ᠎ᠡ ᠳᠦ ᠳᠣᠷᠣᠨᠠᠲᠤ ᠾᠤ ᠨᠠᠷ 20 ᠲᠦᠮᠡᠨ ᠮᠣᠷᠢᠲᠤ ᠴᠡᠷᠢᠭ ᠭᠠᠷᠭᠠᠬᠤ ᠬᠦᠴᠦ ᠴᠢᠳᠠᠯ ᠲᠠᠢ ᠪᠠᠶ᠋ᠢᠯ᠎ᠠ᠃ ᠮᠣᠭᠳᠣᠭ 209 ᠣᠨ ᠳᠤ ᠴᠠᠨ ᠢᠦᠶ ᠴᠣᠯᠠ ᠠᠪᠴᠤ᠂ ᠾᠢᠶᠣᠩᠨᠦ ᠶ᠋᠋ᠢ ᠵᠠᠬᠢᠷᠬᠤ ᠪᠣᠯᠬᠤ ᠳᠤ ᠳᠣᠷᠣᠨᠠᠲᠤ ᠾᠤ ᠨᠠᠷ ᠤᠨ ᠠᠶ᠋ᠢᠮᠠᠭ ᠤᠨ ᠬᠣᠯᠪᠣᠭᠠᠨ ᠤ ᠵᠣᠩᠬᠢᠯᠠᠭᠴᠢ ᠨᠠᠷ ᠲᠡᠭᠦᠨ ᠢ ᠳᠣᠷᠣᠨᠠᠲᠤ ᠾᠤ ᠡᠴᠡ ᠠᠶᠤᠳᠠᠭ ᠬᠡᠪ ᠶ᠋᠋ᠢᠡᠷ ᠭᠡᠵᠦ ᠦᠵᠡᠭᠡᠳ᠂ ᠠᠯᠪᠠ ᠪᠠᠷᠢᠬᠤ ᠶ᠋ᠢ ᠱᠠᠭᠠᠷᠳᠠᠪᠠ᠃ ᠲᠡᠭᠦᠨᠴᠢᠯᠡᠨ 209 ᠣᠨ ᠳᠤ ᠮᠣᠭᠳᠣᠭ ᠴᠠᠨ ᠢᠦᠶ ᠡᠴᠡ ᠡᠬᠢᠯᠡᠭᠡᠳ ᠠᠷᠭᠠᠮᠠᠭ ᠬᠦᠯᠢᠭ ᠢ ᠨᠢ᠂ ᠳᠠᠷᠠᠭ᠎ᠠ ᠨᠢ ᠬᠠᠴᠠᠷ ᠭᠤᠤ᠎ᠠ ᠬᠠᠲᠤᠨ ᠢ ᠨᠢ ᠨᠡᠬᠡᠵᠦ᠂ ᠪᠤᠯᠢᠶᠠᠵᠤ ᠠᠪᠤᠪᠠ᠃ ᠡᠭᠦᠨ ᠦ ᠳᠠᠷᠠᠭ᠎ᠠ ᠳᠣᠷᠣᠨᠠᠲᠤ ᠾᠤ ᠪᠠ ᠾᠢᠶᠣᠩᠨᠦ ᠶ᠋᠋ᠢᠨ ᠠᠯᠢ ᠨᠢ ᠴᠦ ᠠᠰᠢᠭᠯᠠᠳᠠᠭ ᠦᠭᠡᠢ᠂ ᠵᠠᠪᠰᠠᠷ ᠤᠨ ᠵᠡᠯᠢᠭᠦᠳ ᠨᠤᠲᠤᠭ ᠢ ᠳᠣᠷᠣᠨᠠᠲᠤ ᠾᠤ ᠠᠪᠤᠶ᠎ᠠ ᠭᠡᠵᠡᠢ᠃ ᠡᠮᠦᠨᠡᠬᠢ ᠬᠣᠶᠠᠷ ᠱᠠᠭᠠᠷᠳᠠᠯᠭ᠎ᠠ ᠶ᠋ᠢ ᠾᠢᠶᠣᠩᠨᠦ ᠨᠠᠷ ᠨᠡᠩ ᠳᠠᠷᠤᠢ ᠪᠡᠶᠡᠯᠡᠭᠦᠯᠵᠦ ᠪᠠᠶ᠋ᠢᠭᠰᠠᠨ ᠳᠤ ᠳᠣᠷᠣᠨᠠᠲᠤ ᠾᠤ ᠨᠠᠷ ᠰᠡᠷᠡᠮᠵᠢ ᠠᠯᠠᠳᠠᠨ ᠲᠠᠶ᠋ᠢᠪᠤᠰᠢᠷᠠᠵᠤ᠂ ᠳᠠᠶ᠋ᠢᠲᠤᠬᠤ ᠪᠡᠯᠡᠳᠬᠡᠯ ᠦᠭᠡᠢ ᠰᠠᠭᠤᠵᠤ ᠪᠠᠶ᠋ᠢᠭᠰᠠᠨ ᠦᠶ᠎ᠡ ᠶ᠋ᠢ ᠮᠣᠭᠳᠣᠭ ᠴᠠᠨ ᠢᠦᠶ ᠤᠷᠠᠨ ᠶ᠋᠋ᠢᠠᠷ ᠠᠰᠢᠭᠯᠠᠨ ᠭᠡᠨᠡᠳᠡᠭᠦᠯᠦᠨ ᠳᠣᠪᠲᠣᠯᠵᠤ ᠪᠤᠲᠠ ᠴᠣᠬᠢᠭᠰᠠᠨ ᠪᠠᠶ᠋ᠢᠨ᠎ᠠ᠃ ᠾᠢᠶᠣᠩᠨᠦ ᠨᠠᠷ ᠳᠣᠷᠣᠨᠠᠲᠤ ᠾᠤ ᠶ᠋᠋ᠢᠨ ᠵᠣᠩᠬᠢᠯᠠᠭᠴᠢ ᠶ᠋ᠢ ᠬᠥᠨᠥᠭᠡᠵᠦ᠂ ᠳᠣᠷᠣᠨᠠᠲᠤ ᠾᠤ ᠶ᠋᠋ᠢᠨ ᠠᠶ᠋ᠢᠮᠠᠭ ᠤᠨ ᠬᠣᠯᠪᠣᠭ᠎ᠠ ᠰᠠᠷᠨᠢᠨ ᠪᠤᠲᠠᠷᠠᠵᠠᠢ᠃ ᠪᠤᠲᠠᠷᠠᠭᠰᠠᠨ ᠠᠶ᠋ᠢᠮᠠᠭ ᠤᠳ ᠾᠢᠶᠣᠩᠨᠦ ᠡᠴᠡ ᠵᠢᠭᠤᠳᠠᠵᠤ ᠳᠣᠷᠣᠨ᠎ᠠ ᠵᠦᠭ ᠳᠦᠷᠪᠡᠭᠰᠡᠨ᠂ ᠵᠠᠷᠢᠮ ᠨᠢ ᠾᠢᠶᠣᠩᠨᠦ ᠳ᠋ᠦ ᠵᠠᠬᠢᠷᠤᠭᠳᠠᠵᠤ ᠠᠯᠪᠠ ᠪᠠᠷᠢᠬᠤ ᠪᠣᠯᠤᠭᠰᠠᠨ ᠪᠠᠶ᠋ᠢᠨ᠎ᠠ᠃ ᠤᠬᠤᠸᠠᠨ ᠠᠶ᠋ᠢᠮᠠᠭ ᠦᠬᠡᠷ᠂ ᠠᠳᠤᠭᠤᠨ ᠤ ᠰᠢᠷᠢ ᠪᠡᠷ ᠠᠯᠪᠠ ᠪᠠᠷᠢᠵᠤ ᠪᠠᠶ᠋ᠢᠭᠰᠠᠨ ᠪᠠ ᠠᠯᠪᠠ ᠠᠯᠳᠠᠭᠤᠯᠤᠭᠰᠠᠨ ᠬᠦᠮᠦᠰ ᠦᠨ ᠡᠬᠡᠨᠡᠷ ᠬᠡᠦᠬᠡᠳ ᠢ ᠾᠢᠶᠣᠩᠨᠦ ᠨᠠᠷ ᠪᠣᠭᠣᠯ ᠪᠣᠯᠭᠠᠨ ᠬᠤᠷᠢᠶᠠᠨ ᠠᠪᠴᠤ ᠪᠠᠶ᠋ᠢᠵᠠᠢ᠃ ᠾᠢᠶᠣᠩᠨᠦ ᠶ᠋᠋ᠢ ᠰᠤᠯᠠᠷᠠᠵᠤ ᠢᠷᠡᠬᠦ ᠳᠦ ᠤᠬᠤᠸᠠᠨ ᠨᠠᠷ ᠬᠢᠲᠠᠳ ᠤᠨ ᠲᠤᠷᠬᠢᠷᠠᠭᠰᠠᠨ ᠶ᠋᠋ᠢᠠᠷ ᠾᠢᠶᠣᠩᠨᠦ ᠶ᠋᠋ᠢᠨ ᠡᠰᠡᠷᠭᠦ ᠳᠣᠪᠲᠣᠯᠵᠤ ᠪᠠᠶ᠋ᠢᠭᠰᠠᠨ ᠪᠠ᠂ ᠬᠣᠵᠢᠮ ᠨᠢ ᠪᠠᠰᠠ ᠾᠢᠶᠣᠩᠨᠦ ᠪᠠ ᠰᠢᠶᠠᠨᠪᠧᠢ ᠲᠠᠢ ᠨᠡᠶ᠋ᠢᠯᠡᠵᠦ ᠬᠢᠲᠠᠳ ᠤᠨ ᠡᠰᠡᠷᠭᠦ ᠳᠣᠪᠲᠣᠯᠵᠤ ᠪᠠᠶ᠋ᠢᠪᠠ᠃ ᠳᠣᠷᠣᠨᠠᠲᠤ ᠾᠤ ᠪᠤᠲᠠᠷᠠᠬᠤ ᠳᠤ ᠳᠦᠷᠪᠡᠵᠦ ᠳᠠᠶ᠋ᠢᠵᠢᠭᠰᠠᠨ ᠠᠶ᠋ᠢᠮᠠᠭ ᠤᠳ ᠤᠨ ᠨᠢᠭᠡ ᠨᠢ ᠰᠢᠶᠠᠨᠪᠧᠢ ᠶᠤᠮ᠃ ᠤᠬᠤᠸᠠᠨ ᠨᠠᠷ ᠪᠠᠶ᠋ᠢᠩᠭᠤ ᠶ᠋ᠢᠨ ᠳᠠᠶ᠋ᠢᠨ ᠪᠠᠶ᠋ᠢᠯᠳᠤᠭᠠᠨ ᠳᠤ ᠥᠷᠲᠥᠵᠦ ᠲᠤᠶ᠋ᠢᠯᠳᠠᠵᠤ ᠪᠠᠶ᠋ᠢᠬᠤ ᠳᠤ ᠰᠢᠶᠠᠨᠪᠧᠢ ᠠᠭᠠᠵᠢᠮ ᠶ᠋᠋ᠢᠠᠷ ᠬᠦᠴᠦᠷᠬᠡᠭᠵᠢᠵᠦ ᠪᠠᠶ᠋ᠢᠯ᠎ᠠ᠃ ᠬᠢᠲᠠᠳ ᠤᠨ ᠠᠩᠬᠠᠨ ᠤ ᠨᠢᠭᠡᠳᠦᠮᠡᠯ ᠭᠦᠷᠦᠨ Qin ᠤᠯᠤᠰ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 221–206 ᠣᠨ) ᠮᠥᠬᠦᠭᠰᠡᠨ ᠦ ᠳᠠᠷᠠᠭᠠᠬᠢ ᠥᠷᠢᠰᠦᠯᠳᠦᠭᠡᠨ ᠲᠡᠮᠡᠴᠡᠯ ᠦᠨ ᠡᠴᠦᠰ ᠲᠦ Han ᠤᠯᠤᠰ (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 202 – 9 ᠣᠨ) ᠪᠠᠶ᠋ᠢᠭᠤᠯᠤᠭᠳᠠᠭᠰᠠᠨ ᠪᠠᠶ᠋ᠢᠳᠠᠭ᠃ Han ᠤᠯᠤᠰ ᠤᠨ ᠲᠦᠰᠢᠮᠡᠭ ᠪᠣᠯᠤᠭᠰᠠᠨ Yan ᠤᠯᠤᠰ ᠤᠨ ᠸᠠᠩ ᠳᠤ Lu Wan ᠭᠡᠭᠴᠢ ᠲᠣᠮᠢᠯᠠᠭᠳᠠᠵᠠᠢ᠃ Lu Wan 195 ᠣᠨ ᠳᠤ Han ᠤᠯᠤᠰ ᠤᠨ ᠡᠰᠡᠷᠭᠦ ᠪᠣᠰᠤᠯᠭ᠎ᠠ ᠭᠠᠷᠭᠠᠭᠰᠠᠨ ᠲᠦᠰᠢᠮᠡᠳ ᠲᠡᠢ ᠬᠤᠤᠪᠢᠯᠳᠤᠵᠤ᠂ ᠾᠢᠶᠣᠩᠨᠦ ᠶ᠋᠋ᠢᠨ ᠮᠣᠭᠳᠣᠭ ᠴᠠᠨ ᠢᠦᠶ ᠳᠦ ᠡᠯᠴᠢ ᠢᠯᠡᠭᠡᠭᠰᠡᠨ ᠬᠡᠮᠡᠨ ᠰᠡᠵᠢᠭᠯᠡᠭᠳᠡᠵᠡᠢ᠃ ᠲᠡᠷᠡ ᠪᠡᠷ ᠡᠵᠡᠨ ᠬᠠᠭᠠᠨ ᠠᠴᠠ ᠪᠠᠨ ᠶᠡᠬᠡᠳᠡ ᠠᠶᠤᠵᠤ᠂ ᠾᠢᠶᠣᠩᠨᠦ ᠳ᠋ᠦ ᠭᠡᠷ ᠪᠦᠯᠢ ᠪᠣᠯᠤᠨ 1000 ᠰᠢᠬᠠᠮ ᠠᠯᠪᠠᠲᠤ ᠶ᠋ᠢᠨ ᠬᠠᠮᠲᠤ ᠵᠢᠭᠤᠳᠠᠵᠤ ᠣᠴᠢᠵᠠᠢ᠃ ᠾᠢᠶᠣᠩᠨᠦ ᠨᠠᠷ ᠲᠡᠭᠦᠨ ᠢ ᠳᠣᠷᠣᠨᠠᠲᠤ ᠾᠦ ᠶ᠋᠋ᠢᠨ ᠸᠠᠩ ᠬᠡᠮᠡᠨ ᠡᠷᠭᠦᠮᠵᠢᠯᠡᠭᠰᠡᠨ ᠭᠡᠬᠦ ᠮᠡᠳᠡᠭᠡ ᠪᠠᠶ᠋ᠢᠳᠠᠭ᠃ <ref>Yan State. Academic Accelerator. ᠬᠠᠨᠳᠤᠭᠰᠠᠨ 2023/10/24 ᠃ https://academic-accelerator.com/encyclopedia/yan-state</ref> ᠡᠷᠲᠡᠨ ᠦ ᠬᠢᠲᠠᠳ ᠤᠨ ᠲᠡᠦᠬᠡᠴᠢ Sima Qian (ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 145 – 86 ᠣᠨ) ᠾᠢᠶᠣᠩᠨᠦ ᠨᠠᠷ ᠲᠡᠭᠦᠨ ᠢ ᠡᠯᠡᠭᠯᠡᠵᠦ ᠸᠠᠩ ᠭᠡᠵᠦ ᠳᠠᠭᠤᠳᠠᠵᠤ ᠪᠠᠶ᠋ᠢᠭᠰᠠᠨ ᠭᠡᠵᠦ ᠲᠡᠮᠳᠡᠭᠯᠡᠭᠰᠡᠨ ᠪᠠᠶ᠋ᠢᠨ᠎ᠠ᠃ <ref>C. Keith Hansley. Lu Wan—A Childhood Friend Of Emperor Gaozu Who Abandoned The Han Dynasty And Became A Nomadic Ruler</ref> Lu Wan ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 194 ᠣᠨ ᠳᠤ ᠨᠠᠰᠤ ᠪᠠᠷᠠᠭᠰᠠᠨ ᠪᠠ ᠳᠣᠷᠣᠨᠠᠲᠤ ᠾᠦ ᠶ᠋᠋ᠢᠨ ᠸᠠᠩ ᠴᠣᠯᠠ ᠶ᠋ᠢ ᠨᠢ ᠲᠡᠭᠦᠨ ᠦ ᠬᠦᠦ Lu Tuozhi ᠵᠠᠯᠭᠠᠮᠵᠢᠯᠠᠵᠠᠢ᠃ ᠬᠠᠷᠢᠨ ᠲᠡᠷᠡ ᠪᠡᠷ ᠨᠡᠶ᠋ᠢᠲᠡ ᠶ᠋᠋ᠢᠨ ᠲᠣᠭᠠᠯᠠᠯ ᠡᠴᠡ ᠡᠮᠦᠨᠡᠬᠢ 144 ᠣᠨ ᠳᠤ Han ᠤᠯᠤᠰ ᠲᠤ ᠣᠴᠢᠭᠠᠳ᠂ ᠤᠭ ᠴᠣᠯᠠ ᠶ᠋ᠢ ᠾᠧᠦ (hóu᠂ ᠨᠣᠶᠠᠨ) ᠬᠡᠷᠭᠡᠮ ᠶ᠋᠋ᠢᠡᠷ ᠰᠣᠯᠢᠭᠤᠯᠤᠭᠰᠠᠨ ᠪᠠᠶ᠋ᠢᠳᠠᠭ᠃ ᠰᠢᠶᠠᠨᠪᠧᠢ ᠨᠠᠷ 45 ᠣᠨ ᠳᠤ ᠾᠢᠶᠣᠩᠨᠦ ᠲᠠᠢ ᠨᠡᠶ᠋ᠢᠯᠡᠵᠦ ᠬᠢᠲᠠᠳ ᠤᠨ Han ᠤᠯᠤᠰ ᠤᠨ ᠬᠠᠷᠢᠶ᠎ᠠ ᠯᠢᠶᠣᠣᠳᠦ᠋ᠩ ᠬᠣᠶ᠋ᠢᠭ ᠲᠤ ᠬᠠᠯᠳᠠᠨ ᠳᠣᠪᠲᠣᠯᠵᠤ ᠪᠠᠶ᠋ᠢᠪᠠ᠃ ᠰᠢᠶᠠᠨᠪᠧᠢ ᠨᠠᠷ ᠨᠢᠭᠡᠨ ᠤᠳᠤᠷᠢᠳᠤᠯᠭ᠎ᠠ ᠳᠤ ᠨᠢᠭᠡᠳᠴᠦ ᠴᠢᠳᠠᠬᠤ ᠦᠭᠡᠢ ᠪᠠᠶ᠋ᠢᠭᠰᠠᠨ ᠪᠠ Han ᠤᠯᠤᠰ ᠤᠨ ᠲᠤᠷᠬᠢᠷᠠᠯᠲᠠ ᠪᠠᠷ ᠾᠢᠶᠣᠩᠨᠦ ᠪᠣᠯᠤᠨ ᠤᠬᠤᠸᠠᠨ ᠨᠠᠷ ᠤᠨ ᠡᠰᠡᠷᠭᠦ ᠤᠳᠠᠭ᠎ᠠ ᠳᠠᠷᠠᠭ᠎ᠠ ᠳᠣᠪᠲᠣᠯᠵᠤ ᠪᠠᠶ᠋ᠢᠵᠠᠢ᠃ ᠰᠢᠶᠠᠨᠪᠧᠢ ᠨᠠᠷ 87 ᠣᠨ ᠳᠤ ᠤᠮᠠᠷᠠᠳᠤ ᠾᠢᠶᠣᠩᠨᠦ ᠶ᠋᠋ᠢ ᠳᠣᠪᠲᠣᠯᠵᠤ᠂ ᠴᠠᠨ ᠢᠶᠦ ᠶ᠋᠋᠋ᠢ ᠬᠥᠨᠥᠭᠡᠵᠦ᠂ ᠳᠣᠷᠪᠢᠲᠠᠢ ᠢᠯᠠᠯᠲᠠ ᠪᠠᠶ᠋ᠢᠭᠤᠯᠤᠭᠰᠠᠨ ᠪᠠᠶ᠋ᠢᠨ᠎ᠠ᠃ ᠰᠢᠶᠠᠨᠪᠧᠢ ᠨᠠᠷ ᠾᠢᠶᠣᠩᠨᠦ ᠶ᠋᠋ᠢᠨ ᠨᠤᠲᠤᠭ ᠲᠤ ᠨᠡᠪᠲᠡᠷᠡᠵᠦ᠂ ᠠᠮᠢᠳᠤᠷᠠᠵᠤ ᠡᠬᠢᠯᠡᠭᠰᠡᠨ ᠪᠠ 93 ᠣᠨ ᠭᠡᠬᠦ ᠳᠦ ᠪᠠᠰᠠ 100000 ᠾᠢᠶᠣᠩᠨᠦ ᠡᠷᠦᠬᠡ ᠥᠪᠡᠷᠰᠡᠳ ᠢ ᠪᠡᠨ ᠰᠢᠶᠠᠨᠪᠧᠢ ᠭᠡᠵᠦ ᠨᠡᠷᠡᠯᠡᠭᠰᠡᠨ ᠪᠠᠶ᠋ᠢᠨ᠎ᠠ.᠃ Han ᠤᠯᠤᠰ ᠨᠢ ᠰᠢᠶᠠᠨᠪᠧᠢ᠂ ᠳ᠋ᠢᠩ ᠯᠢᠩDingling ᠨᠠᠷ ᠲᠠᠢ ᠬᠣᠯᠪᠣᠭ᠎ᠠ ᠲᠣᠭᠲᠠᠭᠠᠵᠤ᠂ ᠠᠯᠲᠠᠢ ᠶ᠋ᠢᠨ ᠨᠢᠷᠤᠭᠤᠨ ᠤ ᠶᠡᠬᠡ ᠪᠠᠶᠠᠨ ᠠᠭᠤᠯᠠ ᠭᠡᠳᠡᠭ ᠭᠠᠵᠠᠷ 95 ᠣᠨ ᠳᠤ ᠤᠮᠠᠷᠠᠳᠤ ᠾᠢᠶᠣᠩᠨᠦ ᠲᠡᠢ ᠲᠤᠯᠤᠯᠳᠤᠵᠤ᠂ ᠶᠡᠬᠡᠬᠡᠨ ᠬᠣᠬᠢᠷᠠᠯ ᠤᠴᠠᠷᠠᠭᠤᠯᠪᠠ᠃<ref>Crespigny᠂ Rafe de (2007)᠂ A Biographical Dictionary of Later Han to the Three Kingdoms᠂ Brill</ref>

===ᠰᠡᠷᠭᠦᠨ ᠮᠠᠨᠳᠤᠭᠰᠠᠨ ᠨᠢ===
{| class="wikitable" |+ |[[File:Map_of_the_Xianbei_Empire_and_other_tribes.jpg|align: top|thumb|center]] |style = "height: 100px;"|ᠳᠣᠷᠤᠨᠠᠳᠤ ᠾᠤ ᠡᠴᠡ ᠰᠠᠯᠪᠤᠷᠢᠯᠠᠭᠰᠠᠨ ᠰᠢᠶᠠᠨᠪᠧᠢ ᠨᠠᠷ ᠮᠣᠩᠭᠤᠯ ᠨᠤᠲᠤᠭ ᠲᠤ ᠾᠢᠶᠣᠩᠨᠤ ᠶ᠋᠋ᠢᠨ ᠣᠷᠤ ᠰᠠᠭᠤᠷᠢ ᠶ᠋᠋ᠢ ᠡᠵᠡᠯᠡᠭᠰᠡᠨ |}
ᠣᠳᠣ ᠶ᠋ᠢᠨ ᠮᠣᠩᠭᠣᠯ ᠤᠯᠤᠰ ᠤᠨ ᠨᠤᠲᠤᠭ ᠳᠡᠪᠢᠰᠬᠡᠷ ᠲᠦ 2 ᠳ᠋ᠤᠭᠠᠷ ᠵᠠᠭᠤᠨ ᠳᠤ ᠰᠢᠶᠠᠨᠪᠧᠢ ᠶ᠋᠋ᠢᠨ 50 ᠭᠠᠷᠤᠢ ᠣᠪᠤᠭ᠂ ᠠᠶ᠋ᠢᠮᠠᠭ᠂ ᠪᠦᠯᠦᠭ ᠦᠳ ᠨᠤᠲᠤᠭᠯᠠᠬᠤ ᠪᠣᠯᠤᠭᠰᠠᠨ ᠪᠠᠶ᠋ᠢᠵᠠᠢ᠃<ref>Таскин В. С. Материалы по истории древних кочевых народов группы дунху / Н. Ц. Мункуев. — Москва: Наука, 1984.</ref>
ᠰᠢᠶᠠᠨᠪᠧᠢ ᠨᠠᠷ 2 ᠳ᠋ᠤᠭᠠᠷ ᠵᠠᠭᠤᠨ ᠤ ᠳᠤᠮᠳᠠ ᠦᠶ᠎ᠡ ᠪᠡᠷ '''ᠲᠠᠨᠰᠢᠬᠤᠸᠠᠢ''' ᠶ᠋᠋᠋ᠢᠨ (Tánshíhuái; 141 - 181 ᠣᠨ) ᠤᠳᠤᠷᠢᠳᠤᠯᠭ᠎ᠠ ᠳᠣᠣᠷ᠎ᠠ ᠨᠢᠭᠡᠳᠴᠦ᠂ ᠬᠦᠴᠦᠷᠬᠡᠭᠵᠢᠭᠰᠡᠨ ᠪᠠᠶ᠋ᠢᠨ᠎ᠠ᠃
ᠲᠠᠨᠰᠢᠬᠤᠸᠠᠢ 155 ᠣᠨ ᠳᠤ ᠤᠮᠠᠷᠠᠳᠤ ᠾᠢᠶᠣᠩᠨᠦ ᠶ᠋᠋ᠢ ᠪᠦᠷᠢᠨ ᠢᠯᠠᠵᠤ᠂ ᠮᠣᠩᠭᠣᠯ ᠨᠤᠲᠤᠭ ᠲᠤ ᠰᠢᠶᠠᠨᠪᠧᠢ ᠭᠦᠷᠦᠨ ᠢ ᠮᠠᠨᠳᠤᠭᠤᠯᠪᠠ᠃ ᠲᠠᠨᠰᠢᠬᠤᠸᠠᠢ 166 ᠣᠨ ᠳᠤ ᠤᠰᠦᠨWusun᠂ ᠳ᠋ᠢᠩ ᠯᠢᠩ ᠨᠠᠷ ᠢ ᠪᠤᠲᠠ ᠴᠣᠬᠢᠭᠰᠠᠨ ᠪᠠ ᠰᠢᠶᠠᠨᠪᠧᠢ ᠭᠦᠷᠦᠨ ᠦ ᠨᠤᠲᠤᠭ ᠳᠡᠪᠢᠰᠬᠡᠷ ᠤᠰᠰᠤᠷᠢ ᠮᠥᠷᠡᠨ ᠡᠴᠡ ᠻᠠᠰᠫᠢ ᠶ᠋᠋ᠢᠨ ᠲᠡᠩᠭᠢᠰ ᠲᠦ ᠲᠤᠯᠵᠤ ᠪᠠᠶ᠋ᠢᠪᠠ᠃ ᠳᠠᠷᠠᠭ᠎ᠠ ᠨᠢ ᠡᠮᠦᠨᠡᠲᠦ ᠾᠢᠶᠣᠩᠨᠦ ᠲᠡᠢ ᠬᠣᠯᠪᠣᠭ᠎ᠠ ᠲᠣᠭᠲᠠᠭᠠᠨ ᠬᠠᠮᠲᠤᠷᠠᠵᠤ Han ᠤᠯᠤᠰ ᠲᠤ ᠳᠣᠪᠲᠣᠯᠪᠠ᠃ ᠲᠡᠭᠦᠨᠴᠢᠯᠡᠨ ᠰᠢᠶᠠᠨᠪᠧᠢ ᠨᠠᠷ ᠶᠠᠫᠣᠨ ᠳᠤ ᠠᠮᠵᠢᠯᠲᠠ ᠲᠠᠢ ᠳᠣᠪᠲᠣᠯᠤᠭᠰᠠᠨ ᠪᠠᠶ᠋ᠢᠵᠤ ᠪᠣᠯᠬᠤ ᠲᠤᠬᠠᠢ ᠮᠡᠳᠡᠭᠡ ᠪᠠᠶ᠋ᠢᠳᠠᠭ᠃<ref>Grousset᠂ Rene (1970). The Empire of the Steppes. Rutgers University Press. pp᠃ 53–54. ISBN 978-0-8135-1304-1. https://archive.org/details/empireofsteppesh00prof/page/52/mode/2up</ref><ref>“Nomads in Central Asia.” N. Ishjamts. In: History of civilizations of Central Asia᠂ Volume II. The development of sedentary and nomadic civilizations: 700 B.C. to A.D᠃ 250. Harmatta᠂ János᠂ ed.᠂ 1994. Paris: UNESCO Publishing᠂ pp᠃ 155–156.</ref>
ᠰᠤᠷᠪᠤᠯᠵᠢ ᠪᠢᠴᠢᠭ ᠲᠦ ᠰᠢᠶᠠᠨᠪᠧᠢ ᠨᠠᠷ ᠤᠷᠢᠳᠤ ᠶ᠋ᠢᠨ ᠾᠢᠶᠣᠩᠨᠦ ᠡᠴᠡ ᠴᠦ ᠬᠦᠴᠦᠷᠬᠡᠭ ᠪᠣᠯᠵᠠᠢ ᠬᠡᠮᠡᠨ ᠲᠡᠮᠳᠡᠭᠯᠡᠭᠰᠡᠨ ᠪᠠᠶ᠋ᠢᠳᠠᠭ᠃ ᠰᠢᠶᠠᠨᠪᠧᠢ ᠭᠦᠷᠦᠨ 235 ᠣᠨ ᠳᠤ ᠵᠠᠳᠠᠷᠠᠵᠤ ᠪᠤᠲᠠᠷᠠᠭᠰᠠᠨ᠃ ᠰᠢᠶᠠᠨᠪᠧᠢ ᠶ᠋᠋ᠢᠨ ᠬᠣᠯᠪᠣᠭᠠᠨ ᠳᠤ ᠪᠠᠶ᠋ᠢᠭᠰᠠᠨ ᠵᠠᠷᠢᠮ ᠠᠶ᠋ᠢᠮᠠᠭ ᠤᠳ ᠡᠮᠦᠨ᠎ᠡ ᠵᠦᠭ ᠲᠦ ᠨᠤᠲᠤᠭ ᠰᠡᠯᠭᠦᠵᠦ᠂ ᠬᠢᠲᠠᠳ ᠤᠨ ᠨᠤᠲᠤᠭ ᠳᠡᠭᠡᠷ᠎ᠡ ᠶᠡᠬᠡ ᠪᠠᠭ᠎ᠠ ᠤᠯᠤᠰ ᠤᠳ ᠢ ᠪᠠᠶ᠋ᠢᠭᠤᠯᠵᠤ ᠪᠠᠶ᠋ᠢᠭᠰᠠᠨ ᠠᠴᠠ ᠲᠣᠮᠣᠬᠠᠨ ᠠᠨᠤ ᠲᠠᠪᠭᠠᠴᠢ ᠠᠶ᠋ᠢᠮᠠᠭ ᠤᠨ ᠪᠠᠶ᠋ᠢᠭᠤᠯᠤᠭᠰᠠᠨ '''ᠤᠮᠠᠷᠠᠳᠤ Wei''' (386–535 ᠣᠨ) ᠤᠯᠤᠰ ᠶᠤᠮ᠃ '''ᠲᠠᠪᠭᠠᠴᠢ''' ᠨᠠᠷ ᠤᠯᠤᠰ ᠶ᠋᠋ᠢᠠᠨ Yuan ᠭᠡᠵᠦ ᠨᠡᠷᠡᠯᠡᠭᠰᠡᠨ ᠪᠠᠶ᠋ᠢᠳᠠᠭ᠃ ᠮᠥᠨ ᠦᠶ᠎ᠡ ᠳᠦ ᠰᠢᠶᠠᠨᠪᠧᠢ ᠶ᠋᠋ᠢᠨ ᠬᠣᠯᠪᠣᠭᠠᠨ ᠤ ᠪᠠᠰᠠ ᠨᠢᠭᠡ ᠠᠶ᠋ᠢᠮᠠᠭ '''ᠨᠢᠷᠤᠨ''' ᠨᠠᠷ (Rouran) ᠡᠬᠡ ᠮᠣᠩᠭᠣᠯ ᠨᠤᠲᠤᠭ ᠲᠤ ᠬᠠᠭᠠᠨᠲᠤ ᠤᠯᠤᠰ ᠢᠢᠠᠨ (330 – 555 ᠣᠨ) ᠪᠠᠶ᠋ᠢᠭᠤᠯᠤᠭᠰᠠᠨ᠃ ᠲᠡᠭᠦᠨᠴᠢᠯᠡᠨ ᠲᠦᠪᠡᠳ ᠦᠨ ᠵᠡᠷᠭᠡᠯᠡᠳᠡᠭᠡ ᠬᠥᠬᠡ ᠨᠠᠭᠤᠷ ᠨᠤᠲᠤᠭ ᠲᠤ ᠰᠢᠶᠠᠨᠪᠧᠢ ᠶ᠋᠋ᠢᠨ ᠪᠠᠰᠠ ᠨᠢᠭᠡ ᠰᠠᠯᠪᠤᠷᠢ '''ᠮᠦᠷᠣᠩ'''Mùróng ᠠᠶ᠋ᠢᠮᠠᠭ '''ᠲᠣᠭᠤᠨ ᠤᠯᠤᠰ''' ᠢ (284–670 ᠣᠨ) ᠪᠠᠶ᠋ᠢᠭᠤᠯᠤᠭᠰᠠᠨ ᠪᠢᠯᠡ᠃ ᠡᠶ᠋ᠢᠨᠬᠦᠦ ᠠᠽᠢᠶ᠎ᠠ ᠲᠢᠪ ᠦᠨ ᠥᠷᠭᠡᠨ ᠠᠭᠤᠳᠠᠮ ᠣᠷᠣᠨ ᠵᠠᠢ ᠳᠤ ᠮᠣᠩᠭᠣᠯ ᠬᠡᠯᠡᠲᠡᠨ 3 ᠬᠦᠴᠦᠷᠬᠡᠭ ᠭᠦᠷᠦᠨ ᠨᠢᠭᠡᠨ ᠵᠡᠷᠭᠡ ᠣᠷᠣᠰᠢᠵᠤ ᠪᠠᠶ᠋ᠢᠪᠠ᠃ ᠰᠢᠶᠠᠨᠪᠧᠢ ᠶ᠋᠋ᠢᠨ ᠰᠠᠯᠪᠤᠷᠢ ᠪᠠᠰᠠ ᠨᠢᠭᠡ ᠠᠶ᠋ᠢᠮᠠᠭ '''ᠬᠢᠲᠠᠨ''' ᠡᠬᠡ ᠮᠣᠩᠭᠣᠯ ᠨᠤᠲᠤᠭ ᠲᠤ ᠤᠷᠢᠳᠤ ᠶ᠋ᠢᠨ ᠲᠦᠷᠦᠭ᠂ ᠤᠶ᠋ᠢᠭᠤᠷ ᠤᠨ ᠰᠠᠭᠤᠷᠢ ᠶ᠋ᠢ ᠡᠵᠡᠯᠡᠵᠦ᠂ ᠤᠮᠠᠷᠠᠳᠤ ᠬᠢᠲᠠᠳ ᠤᠨ ᠨᠤᠲᠤᠭ ᠢ ᠡᠵᠡᠯᠡᠨ ᠬᠦᠴᠦᠷᠬᠡᠭ ᠭᠦᠷᠦᠨ (907 - 1125 ᠣᠨ) ᠪᠠᠶ᠋ᠢᠭᠤᠯᠤᠭᠰᠠᠨ᠃ ᠮᠥᠨ ᠰᠢᠶᠠᠨᠪᠧᠢ ᠶ᠋᠋ᠢᠨ ᠬᠣᠯᠪᠣᠭᠠᠨ ᠳᠤ ᠪᠠᠶ᠋ᠢᠭᠰᠠᠨ ᠮᠣᠩᠭᠤ '''ᠱᠢᠸᠧᠢ''' ᠠᠢᠮᠠᠭ ᠶᠡᠬᠡ [[ᠮᠣᠩᠭᠣᠯ ᠤᠯᠤᠰ]] (1206 ᠣᠨ ᠠᠴᠠ) ᠪᠠᠶ᠋ᠢᠭᠤᠯᠤᠭᠳᠠᠬᠤ ᠳᠤ ᠴᠥᠮ᠎ᠡ ᠨᠢ ᠪᠣᠯᠤᠭᠰᠠᠨ ᠪᠢᠯᠡ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width