Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠷᠢᠨᠴᠡᠨ᠂ ᠶᠦᠩᠰᠢᠶᠡᠪᠤ ᠪᠢᠮᠪᠠ ᠊ᠢᠢᠨ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠨᠠᠮᠲᠠᠷ=
{| class="wikitable" |+ |[[File:Rinchen 1924.jpg|align: top|200px|center]] |style = "height: 100px;"|ᠵᠠᠯᠠᠭᠤ ᠷᠢᠨᠴᠢᠨ᠂ 1924 ᠣᠨ |}
ᠶᠦᠩᠰᠢᠶᠡᠪᠤ ᠷᠢᠨᠴᠢᠨ 1905 ᠣᠨ ᠤ 11 ᠰᠠᠷ ᠠ᠋ ᠢᠢᠨ 21 ᠡ᠋ ᠶᠦᠩᠰᠢᠶᠡᠪᠤ ᠷᠠᠳᠨᠠᠵᠠᠪ ᠤᠨ ᠬᠦᠦ ᠪᠣᠯᠤᠨ ᠮᠡᠨᠳᠦᠯᠠᠵᠦᠬᠦᠢ᠃ ᠲᠥᠷᠦᠭᠰᠠᠨ ᠭᠠᠵᠠᠷ ᠠᠨᠤ ᠪᠤᠯᠰᠠᠷᠠᠢ ᠬᠡᠮᠡᠬᠦ ᠭᠠᠵᠠᠷ ᠠᠭᠠᠳ ᠬᠠᠯᠬ᠎ᠠ ᠶᠢᠨ ᠤᠮᠠᠷᠠᠳᠤ ᠵᠠᠮ ᠤᠨ ᠬᠠᠨ ᠠᠭᠤᠯᠠ ᠶᠢᠨ ᠴᠢᠭᠤᠯᠭᠠᠨ ᠤ ᠳᠤᠮᠳᠠᠳᠤ ᠵᠡᠭᠦᠨ ᠠᠳᠠᠭ ᠤᠨ ᠬᠣᠰᠢᠭᠤᠨ ᠤ<ref>ᠡᠷᠳᠡᠨᠢ ᠸᠠᠩ ᠤᠨ ᠬᠣᠰᠢᠭᠤ (ᠲᠦᠰᠢᠶᠡᠲᠦ ᠬᠠᠨ ᠠᠢᠢᠮᠠᠭ)᠃ ᠮᠣᠩᠭᠤᠯ ᠤᠨ ᠲᠡᠦᠬᠡ ᠢᠢᠨ ᠲᠠᠢᠢᠯᠠᠪᠤᠷᠢ ᠲᠣᠯᠢ᠃ ᠬᠠᠨᠳᠤᠭᠰᠠᠨ 2022/11/13᠃https://mongoltoli.mn/history/h/47</ref> ᠨᠤᠲᠤᠭ ᠳᠡᠪᠢᠰᠬᠡᠷ ᠲᠦ ᠪᠠᠭᠲᠤᠵᠤ ᠪᠠᠢᠢᠪᠠ᠃ ᠲᠤᠰ ᠬᠣᠰᠢᠭᠤ ᠨᠢ ᠪᠣᠭᠳᠠ ᠬᠠᠭᠠᠨᠲᠤ ᠮᠣᠩᠭᠤᠯ ᠤᠯᠤᠰ ᠤᠨ ᠦᠶ ᠠ᠋ ᠳ᠋ᠦ ᠡᠷᠳᠡᠨᠢ ᠸᠠᠩ ᠤᠨ ᠬᠣᠰᠢᠭᠤ ᠨᠡᠷ ᠡ᠋ ᠲᠡᠢ ᠪᠣᠯᠵᠡᠢ᠃<ref>ᠡᠷᠳᠡᠨᠢ ᠸᠠᠩ ᠤᠨ ᠬᠣᠰᠢᠭᠤ ᠬᠢᠭᠡᠳ ᠰᠡᠯᠡᠩᠭᠡᠴᠦᠳᠳ᠃ ᠰᠡᠯᠡᠩᠭᠡ ᠠᠢᠢᠮᠠᠭ ᠤᠨ ᠠᠯᠪᠠᠨ ᠶᠣᠰᠤᠨ ᠤ ᠬᠠᠭᠤᠳᠠᠰᠤ᠃ 2021/02/22᠃ http://selenge.gov.mn/beta/3/item/16</ref>

ᠪᠤᠳ᠋ ᠤᠨ ᠷᠠᠳᠨᠠᠵᠠᠪ (1874-1921) ᠨᠢ ᠰᠠᠶ᠋ᠢᠲᠤᠷ ᠳᠠᠭᠤᠨ ᠬᠥᠷᠪᠡᠭᠦᠯᠦᠭᠴᠢ ᠪᠠᠶ᠋ᠢᠭᠰᠠᠨ ᠲᠡᠳᠦᠢ ᠦᠭᠡᠢ ᠮᠣᠩᠭᠣᠯ᠂ ᠣᠷᠣᠰ ᠬᠣᠶᠠᠷ ᠬᠡᠯᠡᠨ ᠦ ᠲᠣᠯᠢ ᠪᠢᠴᠢᠭ ᠲᠤᠭᠤᠷᠪᠢᠭᠰᠠᠨ ᠬᠡᠮᠡᠨ ᠠᠯᠳᠠᠷᠰᠢᠭᠰᠠᠨ ᠬᠦᠮᠦᠨ ᠪᠠᠶ᠋ᠢᠵᠠᠢ᠃ ᠪ ∙ ᠷᠢᠨᠴᠢᠨ ᠦ ᠡᠵᠢ ᠨᠢ ᠬᠠᠯᠬ᠎ᠠ ᠶᠢᠨ ᠴᠣᠭᠲᠤ ᠬᠤᠩᠲᠠᠶ᠋ᠢᠵᠢ ᠶᠢᠨ ᠤᠳᠤᠮ ᠤᠨ ᠪᠣᠷᠵᠢᠭᠢᠨ ᠣᠪᠣᠭᠲᠤ ᠰᠠᠮᠳᠠᠩ ᠤᠨ ᠳᠤᠯᠮ᠎ᠠ ᠭᠡᠳᠡᠭ ᠪᠦᠰᠡᠭᠦᠢ ᠪᠠᠶ᠋ᠢᠵᠠᠢ᠃<ref>ᠴ᠂ ᠣᠳᠬᠠᠨᠴᠡᠴᠡᠭ᠃ ᠰᠡᠯᠡᠩᠭᠡ᠄ ᠨᠣᠮ ᠤᠨ ᠪᠠᠶᠠᠷ ᠵᠠᠪᠠᠯ ᠤᠩᠰᠢᠵᠤ ᠰᠤᠳᠤᠯᠬᠤ ᠵᠣᠬᠢᠶᠠᠯ ᠪᠦᠲᠦᠭᠡᠯ ᠦᠨ ᠲᠠᠨᠢᠯᠴᠠᠭᠤᠯᠭ᠎ᠠ ᠪᠠᠷ ᠦᠷᠭᠡᠯᠵᠢᠯᠡᠵᠦ ᠪᠠᠢᠢᠨ᠎ᠠ᠃ ᠮᠣᠩ᠊᠂ᠴᠠ᠊᠂ᠮᠡ᠊᠂ 2022/09/19᠃ https://montsame.mn/en/read/304129</ref>

ᠠᠩᠬᠠᠨ ᠷᠢᠨᠴᠢᠨᠳᠥᠷᠵᠢ ᠨᠡᠷ ᠡ᠋ ᠲᠠᠢ ᠪᠠᠢᠢᠭᠰᠠᠨ ᠪᠣᠯᠪᠠᠴᠤ ᠷᠢᠨᠴᠢᠨ ᠬᠡᠮᠡᠨ ᠲᠣᠪᠴᠢᠯᠠᠭᠰᠠᠨ ᠪᠠ ᠡᠯᠦᠨᠴᠡ ᠡᠪᠦᠭᠡ ᠢᠢᠨ ᠢᠢᠡᠨ ᠨᠡᠷ ᠡ᠋ ᠪᠡᠷ ᠪᠢᠮᠪᠠ ᠢᠢᠨ ᠷᠢᠨᠴᠢᠨ ᠬᠡᠨᠮᠡᠨ ᠶᠠᠪᠤᠬᠤ ᠪᠣᠯᠤᠭᠰᠠᠨ ᠪᠠᠢᠢᠳᠠᠭ᠃

ᠪ ∙ ᠷᠢᠨᠴᠢᠨ ᠳᠣᠯᠣᠭᠠᠨ ᠨᠠᠰᠤᠲᠠᠢ ᠳᠤ ᠪᠠᠨ ᠨ ∙ ᠪᠢᠯᠢᠭᠰᠠᠶ᠋ᠢᠬᠠᠨ (1866-1923) ᠭᠦᠩ ᠳ᠋᠋ᠦ ᠱᠠᠪᠢ ᠣᠷᠣᠵᠤ ᠮᠣᠩᠭᠣᠯ᠂ ᠮᠠᠨᠵᠤ ᠪᠢᠴᠢᠭ ᠵᠢᠭᠠᠯᠭᠠᠵᠤ ᠪᠠᠶ᠋ᠢᠴᠠᠢ᠃ ᠲᠡᠨᠳᠡ ᠡᠴᠡ 1914 ᠣᠨ ᠠᠴᠠ ᠳᠡᠭᠡᠳᠦ ᠰᠢᠪᠡᠭᠡ ᠬᠣᠲᠠ ᠶᠢᠨ ᠣᠷᠣᠰ ᠰᠤᠷᠭᠠᠭᠤᠯᠢ ᠶᠢᠨ ᠪᠡᠯᠡᠳᠬᠡᠯ ᠠᠩᠭᠢ ᠳᠤ ᠰᠢᠯᠭᠠᠯᠲᠠ ᠥᠭᠴᠦ ᠡᠯᠡᠰᠦᠨ ᠣᠷᠣᠭᠠᠳ᠂ ᠮᠠᠨᠵᠤ᠂ ᠣᠷᠣᠰ ᠵᠡᠷᠭᠡ ᠭᠠᠳᠠᠭᠠᠳᠤ ᠬᠡᠯᠡᠨ ᠦ ᠪᠣᠯᠪᠠᠰᠤᠷᠠᠯ ᠡᠵᠡᠮᠰᠢᠪᠡ᠃ ᠤᠯᠠᠮ ᠢᠶ᠋ᠠᠷ 1924-1927 ᠣᠨ ᠳᠤ ᠯᠧᠨᠢᠩᠷᠠᠳ᠋ ᠍ ᠤᠨ ᠳᠣᠷᠣᠨ᠎ᠠ ᠳᠠᠬᠢᠨ ᠤ ᠬᠡᠯᠡᠨ ᠦ ᠳᠡᠭᠡᠳᠦ ᠰᠤᠷᠭᠠᠭᠤᠯᠢ ᠳᠤ ᠰᠤᠷᠤᠯᠴᠠᠵᠤ ᠮᠣᠩᠭᠣᠯ ᠰᠤᠳᠤᠯᠤᠯ ᠢᠢᠠᠷ ᠳᠠᠩᠨᠠᠨ ᠮᠡᠷᠭᠡᠰᠢᠵᠡᠢ᠃ 1927-1936 ᠣᠨ ᠳᠤ ᠮᠣᠩᠭᠣᠯ ᠤᠯᠤᠰ ᠤᠨ ᠰᠤᠳᠤᠷ ᠪᠢᠴᠢᠭ ᠦᠨ ᠬᠦᠷᠢᠶᠡᠯᠡᠩ᠂ ᠰᠢᠨᠵᠢᠯᠡᠬᠦ ᠤᠬᠠᠭᠠᠨ ᠤ ᠬᠦᠷᠢᠶᠡᠯᠡᠩ ᠳᠦ ᠡᠷᠳᠡᠮ ᠰᠢᠨᠵᠢᠯᠡᠭᠡᠨ ᠦ ᠠᠵᠢᠯᠲᠠᠨ᠂ ᠳᠠᠭᠤᠨ ᠤᠬᠠᠭᠠᠨ ᠤ ᠲᠠᠰᠤᠭ ᠤᠨ ᠡᠷᠬᠢᠯᠡᠭᠴᠢ ᠶᠢᠨ ᠠᠯᠪᠠ ᠶᠢ ᠬᠠᠰᠢᠵᠤ ᠪᠠᠶ᠋ᠢᠭᠰᠠᠨ᠃ ᠡᠨᠡ ᠦᠶ᠎ᠡ ᠳ᠋ᠦ ᠪᠡᠨ ᠰᠢᠨᠵᠢᠯᠡᠭᠡᠨ ᠦ ᠠᠵᠢᠯ ᠤᠨ ᠮᠠᠲ᠋ᠧᠷᠢᠶᠠᠯᠯᠢᠭ ᠪᠠᠭᠠᠵᠠ ᠪᠦᠷᠢᠳᠦᠭᠦᠯᠬᠦ ᠳᠦ ᠣᠨᠴᠠᠭᠠᠢ ᠠᠩᠬᠠᠷᠵᠤ ᠠᠵᠢᠯᠯᠠᠭᠰᠠᠨ ᠪᠠᠶ᠋ᠢᠨ᠎ᠠ᠃ ᠷᠢᠨᠴᠢᠨ ᠦ ᠬᠤᠷᠢᠶᠠᠵᠤ ᠴᠤᠭᠯᠠᠭᠤᠯᠤᠭᠰᠠᠨ ᠪᠢᠯᠢᠭ ᠣᠶᠤᠨ ᠤ ᠳᠤᠷᠠᠰᠬᠠᠯ ᠤᠳ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠪᠣᠯᠤᠨ ᠪᠤᠰᠤᠳ ᠣᠯᠠᠨ ᠭᠠᠵᠠᠷ ᠤᠨ ᠠᠷᠬᠢᠸ ᠤᠳ ᠲᠤ ᠬᠠᠳᠠᠭᠠᠯᠠᠭᠳᠠᠵᠤ ᠦᠯᠡᠳᠡᠭᠰᠡᠨ᠃ ᠲᠡᠳᠡᠭᠡᠷ ᠡᠴᠡ ᠭᠧᠷᠮᠠᠨ ᠵᠡᠷᠭᠡ ᠪᠤᠰᠤᠳ ᠣᠷᠣᠨ ᠨᠤᠭᠤᠳ ᠲᠤ ᠣᠯᠠᠨ ᠪᠣᠲᠢ ᠪᠠᠷ ᠬᠡᠪᠯᠡᠭᠳᠡᠨ ᠦᠯᠡᠳᠡᠭᠰᠡᠨ ᠪᠠᠶ᠋ᠢᠨ᠎ᠠ᠃

ᠡᠨᠡ ᠦᠶᠡᠰ ᠲᠦ ᠷᠢᠨᠴᠢᠨ ᠦ ᠭᠡᠷ ᠪᠦᠯᠢ ᠢᠢᠨ ᠠᠮᠢᠳᠤᠷᠠᠯ ᠶᠠᠳᠠᠭᠤ ᠲᠠᠷᠴᠢᠭ ᠪᠠᠢᠢᠵᠡᠢ᠃ ᠬᠡᠦᠬᠡᠳ ᠦᠳ ᠲᠦ ᠪᠡᠨ ᠪᠡᠶ ᠡ᠋ ᠬᠠᠮᠠᠭᠠᠯᠬᠤ ᠤᠷᠠᠯᠢᠭ ᠵᠢᠭᠠᠵᠤ ᠰᠤᠷᠭᠠᠳᠠᠭ ᠪᠠᠢᠢᠭᠰᠠᠨ ᠠᠵᠡᠢ᠃<ref name=":0">ᠷᠢ᠊᠂ ᠢᠨᠳᠠᠷ᠎ᠠ᠃ ᠪᠢᠮᠪᠠ ᠢᠢᠨ ᠷᠢᠨᠴᠢᠨ ᠦ ᠠᠮᠢᠳᠤᠷᠠᠯ ᠤᠨ ᠪᠣᠳᠠᠲᠤ ᠲᠡᠦᠬᠡ᠃ Newsfeed 2022/01/15. https://newsfeed.mn/uls-tur/byambyn-rincheniy-amdralyn-bodit-tkh</ref>

ᠪ᠂ ᠷᠢᠨᠴᠢᠨ ᠢ ᠬᠡᠪᠯᠡᠬᠦ ᠦᠢᠯᠡᠳᠪᠦᠷᠢ ᠳ᠋ᠦ ᠠᠵᠢᠯᠯᠠᠵᠤ ᠪᠠᠢᠢᠬᠤ ᠳ᠋ᠤ ᠨᠢ ᠪᠠᠷᠢᠪᠴᠢᠯᠠᠭᠰᠠᠨ ᠪᠠᠢᠢᠨ᠎ᠠ᠃ ᠡᠨᠡ ᠦᠶ ᠡ ᠬᠡᠦᠬᠡᠳ ᠦᠳ ᠨᠢ ᠰᠤᠷᠭᠠᠭᠤᠯᠢ ᠡᠴᠡ ᠬᠥᠭᠡᠭᠳᠡᠵᠦ᠂ ᠳᠤᠮᠳᠠ ᠪᠠᠨ ᠨᠢᠭᠡ ᠭᠤᠲᠤᠯ ᠡᠭᠡᠯᠵᠢᠯᠡᠨ ᠡᠮᠦᠰᠴᠦ᠂ ᠲᠦᠯᠡᠭᠡ ᠭᠤᠶᠤᠬᠤ ᠵᠡᠷᠭᠡ ᠪᠡᠷ ᠠᠮᠢ ᠵᠠᠭᠤᠵᠤ ᠪᠠᠢᠢᠪᠠ᠃<ref name=":0" />

ᠵᠥᠪᠯᠡᠯᠲᠦ ᠬᠣᠯᠪᠣᠭᠠᠲᠤ ᠤᠯᠤᠰ ᠦᠨ ᠳᠣᠲᠣᠭᠠᠳᠤ ᠬᠡᠷᠡᠭ ᠦᠨ ᠣᠷᠣᠯᠠᠭᠴᠢ ᠳᠠᠷᠤᠭ᠎ᠠ ᠫᠧᠷᠨᠤᠹᠰᠻᠢ 1937 ᠣᠨ ᠤ 8 ᠰᠠᠷ᠎ᠠ ᠶᠢᠨ 28 ᠳᠤ ᠳᠠᠷᠤᠢ ᠳᠠᠶ᠋ᠢᠴᠢᠯᠠᠨ ᠪᠠᠷᠢᠪᠴᠢᠯᠠᠬᠤ 115 ᠬᠦᠮᠦᠨ ᠦ ᠨᠡᠷᠡᠰ ᠢ ᠪᠦ᠊᠂ ᠨᠠ᠊᠂ ᠮᠣ᠊᠂ ᠠ᠊᠂ ᠤ᠊᠂ ᠍ ᠦᠨ ᠳᠣᠲᠣᠭᠠᠳᠤ ᠬᠡᠷᠡᠭ ᠦᠨ ᠶᠠᠮᠤᠨ ᠤ ᠰᠠᠶ᠋ᠢᠳ ᠴᠣᠶ᠋ᠢᠪᠠᠯᠰᠠᠩ ᠳᠤ ᠢᠯᠡᠭᠡᠵᠡᠢ᠃ ᠡᠨᠡᠬᠦ ᠬᠠᠷ᠎ᠠ ᠵᠢᠭᠰᠠᠭᠠᠯᠲᠠ ᠶᠢᠨ 77 ᠍ ᠳᠦ ᠷᠢᠨᠴᠢᠨ ᠪᠢᠮᠪᠠ ᠠ᠋ – ᠤᠯᠤᠰ ᠤᠨ ᠬᠡᠪᠯᠡᠯ ᠦᠨ ᠨᠠᠷᠢᠨ ᠪᠢᠴᠢᠭ ᠦᠨ ᠳᠠᠷᠤᠭ᠎ᠠ ᠬᠡᠮᠡᠨ ᠪᠢᠴᠢᠭᠰᠡᠨ ᠤᠴᠢᠷ ᠠᠴᠠ ᠲᠡᠭᠦᠨ ᠢ 1937 ᠣᠨ ᠤ 9 ᠰᠠᠷ᠎ᠠ ᠶᠢᠨ 10 ᠍ ᠤ ᠣᠷᠣᠢ ᠪᠠᠷᠢᠪᠴᠢᠯᠠᠨ ᠬᠣᠷᠢᠵᠤ᠂ "ᠬᠤᠪᠢᠰᠬᠠᠯ ᠤᠨ ᠡᠰᠡᠷᠭᠦᠦ᠂ ᠶᠠᠫᠣᠨ ᠤ ᠲᠠᠩᠨᠠᠭᠤᠯ᠂ ᠵᠥᠪᠯᠡᠯᠲᠦ ᠮᠣᠩᠭᠣᠯ ᠤᠨ ᠨᠠᠶ᠋ᠢᠷᠠᠮᠳᠠᠯ ᠢ ᠬᠢᠯᠠᠶ᠋ᠢᠨ ᠦᠵᠡᠭᠴᠢ" ᠭᠡᠵᠦ ᠪᠤᠷᠤᠭᠤᠳᠬᠠᠨ ᠪᠠᠶ᠋ᠢᠴᠠᠭᠠᠵᠤ ᠡᠬᠢᠯᠡᠵᠡᠢ᠃ ᠷᠢᠨᠴᠢᠨ ᠢ 1937᠂ 1938 ᠣᠨ ᠨᠤᠭᠤᠳ ᠲᠤ ᠲᠠᠰᠤᠷᠠᠯᠲᠠ ᠦᠭᠡᠢ ᠡᠷᠡᠭᠦᠳᠡᠨ ᠪᠠᠶ᠋ᠢᠴᠠᠭᠠᠵᠤ᠂ 1939 ᠣᠨ ᠤ 4 ᠰᠠᠷ᠎ᠠ ᠶᠢᠨ 4 ᠍ ᠳᠦ ᠴᠠᠭᠠᠵᠠ ᠪᠠᠷ ᠠᠪᠬᠤ ᠶᠠᠯ᠎ᠠ ᠣᠨᠣᠭᠳᠠᠭᠤᠯᠤᠭᠰᠠᠨ ᠪᠣᠯᠪᠠᠴᠤ ᠣᠨᠴᠠᠭᠠᠢ ᠻᠣᠮᠢᠰᠰ ᠤᠨ ᠦᠢᠯᠡ ᠠᠵᠢᠯᠯᠠᠭ᠎ᠠ ᠶᠢ ᠵᠣᠭᠰᠣᠭᠠᠬᠤ ᠰᠢᠢᠳᠪᠦᠷᠢ ᠭᠠᠷᠤᠭᠰᠠᠨ ᠢᠢᠠᠷ ᠠᠮᠢᠳᠤ ᠦᠯᠡᠳᠡᠵᠡᠢ᠃<ref name=":1">ᠪᠢᠮᠪᠠ ᠢᠢᠨ ᠷᠢᠨᠴᠢᠨ (1905 – 1977)᠃ ᠬᠦᠷᠢᠶᠡᠯᠡᠩ 2016/07/26.https://hureelen.wordpress.com/2016/07/26/%D0%B1%D1%8F%D0%BC%D0%B1%D1%8B%D0%BD-%D1%80%D0%B8%D0%BD%D1%87%D0%B5%D0%BD-1905-1977/</ref>

1942 ᠣᠨ ᠢ ᠬᠦᠷᠲᠡᠯ᠎ᠡ ᠬᠢᠭᠡᠳᠦᠢ ᠬᠡᠷᠡᠭ ᠦᠨ ᠲᠥᠯᠥᠭᠡ ᠬᠡᠯᠮᠡᠭᠳᠡᠨ ᠱᠣᠷᠣᠩ ᠳᠤ ᠬᠣᠷᠢᠭᠳᠠᠵᠤ ᠪᠠᠶ᠋ᠢᠭᠰᠠᠨ ᠲᠡᠭᠦᠨ ᠢ "ᠦᠨᠡᠨ" ᠰᠣᠨᠢᠨ ᠢ ᠣᠷᠣᠰ ᠬᠡᠯᠡ ᠪᠡᠷ ᠭᠠᠷᠭᠠᠬᠤ ᠠᠵᠢᠯ ᠳᠤ ᠳᠠᠶ᠋ᠢᠴᠢᠯᠠᠬᠤ ᠮᠠᠷᠱᠠᠯ ᠴᠣᠶ᠋ᠢᠪᠠᠯᠰᠠᠩ ᠤᠨ ᠰᠢᠢᠳᠪᠦᠷᠢ ᠪᠡᠷ ᠶᠠᠯ᠎ᠠ ᠶᠢ ᠲᠡᠩᠰᠡᠨ ᠬᠠᠷᠠᠭᠠᠯᠵᠠᠬᠤ ᠶᠠᠯ᠎ᠠ ᠪᠠᠷ ᠰᠤᠯᠢᠵᠤ᠂ ᠬᠠᠲᠠᠭᠤ ᠴᠢᠩᠭ᠎ᠠ ᠬᠢᠨᠠᠯᠲᠠ ᠳᠣᠣᠷ᠎ᠠ ᠠᠵᠢᠯᠯᠠᠬᠤ ᠨᠥᠬᠥᠴᠡᠯ ᠢᠢᠡᠷ ᠴᠢᠯᠦᠭᠡᠯᠡᠨ ᠭᠠᠷᠭᠠᠵᠠᠢ᠃ ᠱᠣᠷᠣᠩ ᠳᠤ ᠥᠩᠭᠡᠷᠡᠭᠡᠭᠰᠡᠨ ᠣᠨ ᠵᠢᠯ ᠦᠳ ᠲᠦ ᠰᠢᠲᠠᠭᠠᠬᠤ ᠭᠡᠵᠦ ᠪᠠᠶ᠋ᠢᠭᠰᠠᠨ ᠨᠣᠮ ᠤᠳ ᠳᠤᠮᠳᠠ ᠠᠴᠠ ᠣᠯᠵᠤ ᠠᠪᠤᠭᠰᠠᠨ ᠹᠷᠠᠨ᠍ᠼ ᠬᠡᠯᠡᠨ ᠦ ᠲᠣᠯᠢ ᠪᠢᠴᠢᠭ ᠢ ᠰᠤᠳᠤᠯᠤᠨ ᠰᠢᠨᠵᠢᠯᠡᠵᠦ᠂ ᠹᠷᠠᠨ᠍ᠼ ᠬᠡᠯᠡ ᠶᠢ ᠭᠠᠷᠭᠠᠭᠤᠳ ᠡᠵᠡᠮᠰᠢᠵᠡᠢ᠃<ref name=":1" /> ᠷᠢᠨᠴᠢᠨ ᠪᠡᠷ ᠣᠷᠣᠰ᠂ ᠴᠧᠬ᠂ ᠫᠣᠯᠱ᠂ ᠹᠷᠠᠨ᠍ᠼ᠂ ᠠᠩᠯᠢ᠂ ᠧᠰᠫᠧᠷᠠᠨ᠍ᠲ᠋ᠣ᠋᠂ ᠭᠧᠷᠮᠠᠨ ᠬᠡᠯᠡ ᠶᠢ ᠭᠠᠷᠭᠠᠭᠤᠳ ᠡᠵᠡᠰᠢᠭᠰᠡᠨ ᠠᠭᠤᠤ ᠡᠷᠳᠡᠮᠲᠡᠨ ᠪᠠᠶ᠋ᠢᠵᠤᠬᠤᠢ᠃<ref name=":1" />

ᠤᠯᠤᠰ ᠲᠥᠷᠦ ᠶᠢᠨ ᠬᠡᠯᠮᠡᠭᠳᠡᠭᠦᠯᠦᠯᠲᠡ ᠳᠦ ᠥᠷᠲᠦᠵᠦ᠂ 10 ᠵᠢᠯ ᠦᠨ ᠶᠠᠯ᠎ᠠ ᠠᠪᠤᠭᠰᠠᠨ ᠪᠣᠯᠪᠠᠴᠤ ᠣᠷᠣᠰ ᠬᠡᠯᠡ ᠶᠢ ᠢᠯᠠᠭᠤᠭᠰᠠᠨ ᠡᠵᠡᠮᠰᠢᠭᠰᠡᠨ ᠦ ᠪᠡᠨ ᠬᠦᠴᠦᠨ ᠳᠦ ᠱᠣᠷᠣᠩ ᠠᠴᠠ ᠭᠠᠷᠴᠤ ᠪᠠᠶ᠋ᠢᠭᠰᠠᠨ ᠲᠡᠦᠬᠡ ᠲᠡᠢ᠃ ᠬᠡᠳᠦᠢ ᠲᠡᠭᠡᠪᠴᠢ ᠠᠮᠢᠳᠤᠷᠠᠯ ᠤᠨ ᠢᠢᠠᠨ ᠲᠤᠷᠰᠢ ᠰᠣᠼᠢᠶᠠᠯᠢᠰᠲ᠋ᠠ ᠨᠡᠶ᠋ᠢᠭᠡᠮ ᠦᠨ ᠳᠠᠷᠤᠮᠲᠠ ᠳ᠋ᠣ ᠪᠠᠶ᠋ᠢᠭᠰᠠᠨ ᠪᠢᠯᠡ᠃<ref name=":2">ᠪᠢᠯᠢᠭᠦᠨ ᠨᠣᠮᠴᠢ ᠪ᠂ ᠷᠢᠨᠴᠢᠨ ᠤ ᠮᠡᠨᠳᠦᠯᠡᠭᠰᠡᠨ ᠡᠳᠦᠷ ᠢ ᠲᠡᠮᠳᠡᠭᠯᠡᠯ ᠡ᠋᠃ Eaglenews 2019/11/22. http://eagle.mn/r/65451</ref>

ᠪᠢᠮᠪᠠ ᠶᠢᠨ ᠷᠢᠨᠴᠢᠨ ᠦ ᠠᠷᠠᠳ ᠤᠨ ᠤᠯᠠᠮᠵᠢᠯᠠᠯᠲᠤ ᠰᠤᠶᠤᠯ᠂ ᠤᠳᠬ᠎ᠠ ᠵᠣᠬᠢᠶᠠᠯ ᠢ ᠪᠠᠬᠠᠷᠬᠠᠨ ᠬᠦᠨᠳᠦᠯᠡᠬᠦ ᠦᠵᠡᠯ ᠢ ᠨᠢ ᠹᠧᠣᠳᠠᠯᠢᠰᠮ ᠤᠨ ᠰᠤᠶᠤᠯ ᠢ ᠪᠠᠬᠠᠷᠬᠠᠭᠴᠢ᠂ ᠦᠨᠳᠦᠰᠦᠷᠬᠡᠭ ᠢᠳᠧᠶᠠᠯᠢᠰᠲ᠋ᠠ ᠦᠵᠡᠯᠲᠡᠨ ᠬᠡᠮᠡᠨ ᠭᠦᠳᠬᠡᠨ ᠵᠣᠬᠢᠶᠠᠨ ᠪᠠᠶ᠋ᠢᠭᠤᠯᠤᠯᠲᠠ ᠲᠠᠢ ᠳᠠᠷᠤᠮᠲᠠᠯᠠᠵᠤ ᠪᠠᠶ᠋ᠢᠵᠠᠢ᠃ ᠲᠡᠷᠡᠴᠢᠯᠡᠨ ᠵᠣᠬᠢᠶᠠᠯᠴᠢ ᠳ᠃ ᠰᠡᠩᠭᠡ ᠲᠡᠭᠦᠨ ᠢ ᠳᠠᠪᠰᠢᠯᠠᠵᠤ "ᠳᠠᠯᠠᠨ ᠨᠠᠰᠤᠲᠠᠨ ᠳᠤ ᠴᠤ ᠳᠠᠷᠤᠭᠤᠯᠭ᠎ᠠ ᠬᠡᠷᠡᠭᠲᠡᠢ" ᠭᠡᠰᠡᠨ ᠳᠠᠭᠠᠷᠢᠯ ᠰᠢᠯᠦᠭ ᠪᠢᠴᠢᠵᠦ ᠪᠠᠶ᠋ᠢᠯ᠎ᠠ᠃<ref name=":2" />

ᠪ ∙ ᠷᠢᠨᠴᠢᠨ 1942-1958 ᠣᠨ ᠳᠤ "ᠦᠨᠡᠨ" ᠰᠣᠨᠢᠨ ᠤ ᠤᠳᠬ᠎ᠠ ᠵᠣᠬᠢᠶᠠᠯ ᠤᠨ ᠷᠧᠳᠠᠻᠲ᠋ᠣᠷ᠂ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠠᠭᠰᠢ᠂ ᠲᠡᠩᠬᠢᠮ ᠦᠨ ᠡᠷᠬᠢᠯᠡᠭᠴᠢ᠂ ᠤᠯᠤᠰ ᠤᠨ ᠬᠡᠪᠯᠡᠬᠦ ᠦᠢᠯᠡᠳᠪᠦᠷᠢ ᠶᠢᠨ ᠳᠠᠷᠤᠭ᠎ᠠ᠂ 1958-1977 ᠣᠨ ᠳᠤ ᠰᠢᠨᠵᠢᠯᠡᠬᠦ ᠤᠬᠠᠭᠠᠨ ᠤ ᠬᠦᠷᠢᠶᠡᠯᠡᠩ ᠦᠨ ᠬᠡᠯᠡ ᠵᠣᠬᠢᠶᠠᠯ ᠰᠤᠳᠤᠯᠬᠤ ᠭᠠᠵᠠᠷ ᠤᠨ ᠵᠠᠬᠢᠷᠤᠯ᠂ ᠰᠢᠨᠵᠢᠯᠡᠬᠦ ᠤᠬᠠᠭᠠᠨ ᠤ ᠠᠻᠠᠳᠧᠮᠢ ᠍ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠡᠷᠳᠡᠮ ᠰᠢᠨᠵᠢᠯᠡᠭᠡᠨ ᠦ ᠠᠬᠠᠯᠠᠬᠤ ᠠᠵᠢᠯᠲᠠᠨ ᠢᠢᠠᠷ ᠠᠵᠢᠯᠯᠠᠵᠤ ᠪᠠᠶ᠋ᠢᠪᠠ᠃ ᠬᠡᠯᠮᠡᠭᠳᠡᠭᠦᠯᠦᠨ ᠬᠣᠷᠢᠭᠰᠠᠨ ᠪᠣᠳᠠᠲᠤ ᠦᠢᠯᠡ ᠶᠠᠪᠤᠳᠠᠯ ᠢ 1956 ᠣᠨ ᠤ 5 ᠍ ᠳᠦᠭᠠᠷ ᠰᠠᠷ᠎ᠠ ᠶᠢᠨ 16 ᠍ ᠳᠦ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠤᠰᠬᠠᠢ ᠻᠣᠮᠢᠰᠰ ᠲᠤ ᠲᠣᠳᠣᠷᠬᠠᠶ᠋ᠢᠯᠠᠨ ᠪᠢᠴᠢᠵᠦ ᠡᠷᠭᠦᠳᠡᠯ ᠭᠠᠷᠭᠠᠭᠰᠠᠨ ᠢᠢᠠᠷ᠂ 1963 ᠣᠨ ᠤ 4 ᠰᠠᠷ᠎ᠠ ᠶᠢᠨ 05 ᠍ ᠳᠦ ᠤᠯᠤᠰ ᠤᠨ ᠳᠡᠭᠡᠳᠦ ᠰᠢᠭᠦᠬᠦ ᠶᠢᠨ ᠪᠦᠭᠦᠳᠡ ᠬᠤᠷᠠᠯ ᠤᠨ 025 ᠲᠣᠭᠲᠠᠭᠠᠯ ᠢᠢᠠᠷ ᠠᠯᠪᠠᠨ ᠶᠣᠰᠣ ᠪᠠᠷ ᠴᠠᠭᠠᠳᠬᠠᠭᠳᠠᠵᠠᠢ᠃<ref name=":1" />

ᠪ ∙ ᠷᠢᠨᠴᠢᠨ 1956 ᠣᠨ ᠳᠤ ᠮᠠᠵᠠᠷ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠍ ᠳ᠋ᠦ "ᠮᠣᠩᠭᠣᠯ ᠪᠢᠴᠢᠭ ᠦᠨ ᠬᠡᠯᠡᠨ ᠦ ᠵᠦᠢ" ᠰᠡᠳᠦᠪ ᠢᠢᠡᠷ ᠬᠡᠯᠡ ᠰᠢᠨᠵᠢᠯᠡᠯ ᠦᠨ ᠤᠬᠠᠭᠠᠨ ᠤ ᠳ᠋ᠣᠻᠲ᠋ᠣᠷ (Sc.D) ᠵᠡᠷᠭᠡ ᠬᠠᠮᠠᠭᠠᠯᠠᠵᠤ᠂ 1965 ᠣᠨ ᠳᠤ ᠣᠯᠠᠨ ᠤᠯᠤᠰ ᠤᠨ ᠠᠯᠲᠠᠢ ᠰᠤᠳᠤᠯᠤᠯ ᠤᠨ ᠪᠠᠶ᠋ᠢᠩᠭᠤ ᠶᠢᠨ ᠪᠠᠭ᠎ᠠ ᠬᠤᠷᠠᠯ ᠤᠨ "ᠠᠯᠲᠠᠨ ᠮᠧᠳᠠᠯ" ᠬᠦᠷᠲᠡᠵᠦ᠂ 1970 ᠣᠨ ᠳᠤ ᠮᠠᠵᠠᠷ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠢᠢᠨ "ᠬᠦᠨᠳᠦᠲᠦ ᠭᠡᠰᠢᠭᠦᠨ" ᠍ ᠪᠡᠷ ᠡᠷᠭᠦᠮᠵᠢᠯᠡᠭᠳᠡᠵᠡᠢ᠃ ᠪ᠂ ᠷᠢᠨᠴᠢᠨ ᠪᠡᠶ ᠡ᠋ ᠨᠢ ᠢᠯᠠᠷᠢ ᠪᠤᠰᠤ᠂ ᠨᠠᠰᠤ ᠪᠠᠷᠠᠬᠤ ᠠᠴᠠ ᠪᠠᠨ ᠬᠡᠳᠦᠬᠡᠨ ᠬᠣᠨᠣᠭ ᠤᠨ ᠡᠮᠦᠨ᠎ᠡ ᠬᠡᠦᠬᠡᠳ ᠦᠳ ᠳ᠋ᠦ ᠪᠡᠨ "ᠠᠪᠤ ᠨᠢ ᠮᠣᠩᠭᠣᠯ ᠢᠢᠠᠨ ᠭᠡᠰᠡᠭᠡᠷ ᠶᠠᠪᠤᠭᠠᠳ ᠡᠶ᠋ᠢᠮᠦ ᠪᠣᠯᠤᠯ᠎ᠠ ᠳ᠋ᠠ" ᠭᠡᠵᠦ ᠨᠢᠭᠡ ᠬᠡᠯᠡᠭᠰᠡᠨ ᠭᠡᠳᠡᠭ᠃<ref name=":0" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width