Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠻᠸᠠᠨ᠍ᠲ ᠰᠦᠯᠡᠯᠳᠦᠭᠡᠨ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠮᠡᠳᠡᠭᠡᠯᠡᠯ ᠳᠠᠮᠵᠢᠬᠤ ᠬᠤᠷᠳᠤ=
{| class="wikitable" |+ |[[File:Teleportation (3704324649).jpg|thumb]] |style = "height: 150px;"|ᠰᠦᠯᠡᠯᠳᠦᠭᠰᠡᠨ ᠠᠲ᠋ᠣᠮ ᠤᠳ ᠤᠨ ᠬᠣᠭᠣᠷᠣᠨᠳᠣ ᠮᠡᠳᠡᠭᠡᠯᠡᠯ ᠳᠠᠮᠵᠢᠬᠤ᠃ ᠠᠲ᠋ᠣᠮ A ᠍ ᠢᠢᠨ ᠲᠥᠯᠥᠪ ᠢᠢᠡᠷ ᠢᠯᠡᠷᠡᠵᠦ ᠪᠠᠶᠢᠭ᠎ᠠ ᠮᠡᠳᠡᠭᠡᠯᠡᠯ ᠨᠢᠭᠡ ᠮᠧᠲ᠋ᠷ ᠵᠠᠢ ᠳᠤ ᠪᠤᠢ ᠠᠲ᠋ᠣᠮ B ᠍ ᠳᠦ ᠳᠠᠮᠵᠢᠨ᠎ᠠ᠃ |}
ᠧᠶ᠋᠋ᠢᠨ᠍ᠱᠲᠠᠶ᠋᠋ᠢᠨEinstein᠂ ᠱᠷᠥᠳᠢᠩᠭᠧᠷ ᠦᠨSchrödinger ᠠᠯᠢ ᠠᠯᠢ ᠨᠢ ᠻᠸᠠᠨ᠍ᠲ ᠰᠦᠯᠡᠯᠳᠦᠭᠡᠨ ᠦ ᠦᠵᠡᠯ ᠣᠶ᠋᠋ᠢᠯᠠᠭᠠᠯᠲᠠ ᠨᠢ [[ᠬᠠᠷᠢᠴᠠᠩᠭᠤᠢ ᠶ᠋ᠢᠨ ᠣᠨᠤᠯ|ᠬᠠᠷᠢᠴᠠᠩᠭᠤᠢ ᠶ᠋᠋ᠢᠨ ᠣᠨᠤᠯ ᠤᠨ]] ᠭᠦᠨ ᠳ᠋ᠦ ᠣᠷᠤᠰᠢᠬᠤ ᠮᠡᠳᠡᠭᠡᠯᠡᠯ ᠳᠠᠮᠵᠢᠬᠤ ᠬᠤᠷᠳᠤ ᠶ᠋᠋ᠢᠨ ᠬᠢᠵᠠᠭᠠᠷ ᠢ ᠵᠥᠷᠴᠢᠵᠦ ᠪᠠᠶ᠋᠋ᠢᠨ᠎ᠠ ᠭᠡᠵᠦ ᠬᠠᠷᠠᠵᠤ ᠪᠠᠶ᠋᠋ᠢᠪᠠ᠃<ref>Alisa Bokulich, Gregg Jaeger, Philosophy of Quantum Information and Entanglement, Cambridge University Press, 2010, p. xv.</ref> ᠲᠡᠶ᠋᠋ᠢᠮᠦ ᠡᠴᠡ ᠲᠡᠳᠡ ᠻᠸᠠᠨ᠍ᠲ ᠰᠦᠯᠡᠯᠳᠦᠭᠡᠨ ᠦ ᠲᠤᠬᠠᠢ ᠣᠶ᠋᠋ᠢᠯᠠᠭᠠᠯᠲᠠ ᠳᠤ ᠲᠡᠳᠦᠶ᠋᠋ᠢᠯᠡᠨ ᠬᠠᠨᠠᠮᠵᠢᠲᠠᠢ ᠪᠤᠰᠤ ᠪᠠᠶ᠋᠋ᠢᠯᠠ᠃ ᠧᠶ᠋᠋ᠢᠨ᠍ᠱᠲᠠᠶ᠋᠋ᠢᠨ ᠻᠸᠠᠨ᠍ᠲ ᠰᠦᠯᠡᠯᠳᠦᠭᠡᠨ ᠢ “ᠠᠯᠤᠰ ᠤᠨ ᠵᠠᠢ ᠶ᠋᠋ᠢᠨ ᠬᠢᠷᠲᠬᠢᠮᠡ ᠦᠢᠯᠡᠴᠢᠯᠡᠯ” (spukhafte Fernwirkung)<ref>Letter from Einstein to Max Born, 3 March 1947; The Born-Einstein Letters; Correspondence between Albert Einstein and Max and Hedwig Born from 1916 to 1955, Walker, New York, 1971. Cited in Hobson, M. P.; et al. (1998). "Quantum Entanglement and Communication Complexity". SIAM J. Comput. 30 (6): 1829–1841.</ref> ᠬᠡᠮᠡᠨ ᠶᠣᠵᠤᠯᠠᠭᠰᠠᠨ ᠭᠡᠵᠦ ᠠᠯᠳᠠᠷᠰᠢᠭᠰᠠᠨ᠃

ᠪᠦᠬᠢ ᠲᠠᠶ᠋᠋ᠢᠯᠠᠪᠦᠷᠢ ᠶ᠋᠋ᠢᠨ ᠳᠠᠭᠠᠭᠤ ᠻᠸᠠᠨ᠍ᠲ ᠰᠦᠯᠡᠯᠳᠦᠭᠡᠨ ᠬᠡᠮᠵᠢᠯᠲᠡ ᠨᠤᠭᠦᠳ ᠦᠨ ᠬᠣᠭᠤᠷᠤᠨᠳᠤ ᠤᠶᠠᠯᠭᠤᠭᠠ ᠬᠠᠮᠢᠶᠠᠷᠤᠯ (correlation) ᠡᠭᠦᠰᠬᠡᠳᠡᠭ ᠠᠭᠠᠳ ᠰᠦᠯᠡᠯᠳᠦᠭᠰᠡᠨ ᠪᠥᠭᠡᠮᠰ ᠦᠨ ᠬᠠᠷᠢᠯᠴᠠᠨ ᠮᠡᠳᠡᠭᠡᠯᠡᠯ ᠬᠡᠷᠡᠭ ᠲᠤᠰᠲᠠᠢ ᠪᠠᠶ᠋᠋ᠢᠵᠤ ᠪᠣᠯᠬᠤ ᠬᠡᠳᠦᠢ ᠴᠦ ᠭᠡᠷᠡᠯ ᠦᠨ ᠬᠤᠷᠳᠤ ᠡᠴᠡ ᠥᠨᠳᠦᠷ ᠬᠤᠷᠳᠤ ᠪᠠᠷ ᠮᠡᠳᠡᠭᠡᠯᠡᠯ ᠳᠠᠮᠵᠢᠭᠤᠯᠬᠤ ᠨᠢ ᠣᠭᠤᠭᠠᠲᠠ ᠪᠣᠯᠤᠮᠵᠢ ᠦᠭᠡᠢ ᠪᠢᠯᠡ᠃<ref>Roger Penrose, The Road to Reality: A Complete Guide to the Laws of the Universe, London, 2004, p. 603.</ref><ref>Griffiths, David J. (2004), Introduction to Quantum Mechanics (2nd ed.), Prentice Hall, <nowiki>ISBN 978-0-13-111892-8</nowiki>.</ref> ᠥᠭᠡᠷ᠎ᠡ ᠪᠡᠷ ᠬᠡᠯᠡᠪᠡᠯ᠂ ᠻᠸᠠᠨ᠍ᠲ ᠰᠦᠯᠡᠯᠳᠦᠭᠡᠨ ᠢ ᠠᠰᠢᠭᠯᠠᠨ ᠭᠡᠷᠡᠯ ᠡᠴᠡ ᠥᠨᠳᠦᠷ ᠬᠤᠷᠳᠤ ᠲᠠᠢ ᠬᠣᠯᠪᠤᠭ᠎ᠠ ᠬᠠᠷᠢᠯᠴᠠᠭ᠎ᠠ ᠦᠢᠯᠡᠳᠬᠦ ᠪᠣᠯᠤᠮᠵᠢ ᠦᠭᠡᠢ ᠪᠥᠭᠡᠳ᠂ ᠬᠠᠷᠢᠨ ᠡᠭᠦᠨ ᠢ ᠪᠣᠯᠤᠮᠵᠢ ᠲᠠᠢ ᠭᠡᠵᠦ ᠢᠲᠡᠭᠡᠬᠦ ᠲᠠᠰᠢᠶ᠎ᠠ ᠣᠶ᠋᠋ᠢᠯᠠᠭᠠᠯᠲᠠ ᠣᠯᠠᠨ ᠨᠡᠶ᠋᠋ᠢᠲᠡ ᠳ᠋ᠦ ᠳᠡᠯᠭᠡᠷᠡᠭᠰᠡᠨ ᠪᠠᠶ᠋᠋ᠢᠳᠠᠭ ᠠᠵᠡᠢ᠃<ref>Siegel, Ethan. "No, We Still Can't Use Quantum Entanglement To Communicate Faster Than Light". Forbes. Retrieved 6 January 2023. <nowiki>https://www.forbes.com/sites/startswithabang/2020/01/02/no-we-still-cant-use-quantum-entanglement-to-communicate-faster-than-light/?sh=4377eb9e4d5d</nowiki></ref>

ᠻᠸᠠᠨ᠍ᠲ ᠰᠦᠯᠡᠯᠳᠦᠭᠡᠨ ᠦ ᠲᠤᠷᠰᠢᠯᠲᠠ ᠬᠢᠬᠦ ᠳ᠋ᠦ ᠪᠡᠨ ᠰᠡᠭᠦᠯ ᠦᠨ ᠦᠶ᠎ᠡ ᠳ᠋ᠦ ᠫᠾᠣᠲ᠋ᠣᠨphoton ᠬᠣᠭᠤᠷᠤᠨᠳᠤ ᠶ᠋᠋ᠢᠨ ᠵᠠᠢ ᠶ᠋᠋ᠢ ᠠᠪᠬᠤ ᠳ᠋ᠤ ᠪᠠᠨ ᠰᠢᠨᠵᠢᠯᠡᠬᠦ ᠤᠬᠠᠭᠠᠨ ᠳᠤ ᠮᠡᠳᠡᠭᠳᠡᠵᠦ ᠪᠠᠶ᠋᠋ᠢᠭ᠎ᠠ ᠬᠠᠷᠢᠯᠴᠠᠨ ᠦᠢᠯᠡᠴᠢᠯᠡᠯ ᠦᠳ ᠦᠨ ᠠᠯᠢ ᠨᠢ ᠴᠦ ᠦᠭᠡᠢ ᠣᠷᠤᠨ ᠵᠠᠢ᠂ ᠴᠠᠭ ᠬᠤᠭᠤᠴᠠᠭ᠎ᠠ ᠢᠢ ᠰᠣᠩᠭᠤᠵᠤ ᠪᠠᠶ᠋᠋ᠢᠨ᠎ᠠ᠃ ᠮᠢᠴᠢᠭᠠᠨMichigan ᠶᠡᠬᠡ ᠰᠤᠷᠭᠠᠭᠤᠯᠢ ᠶ᠋᠋ᠢᠨ ᠰᠤᠳᠤᠯᠠᠭᠠᠴᠢᠳ 2007ᠣᠨ ᠳ᠋ᠤ ᠰᠦᠯᠡᠯᠳᠦᠭᠰᠡᠨ ᠫᠾᠣᠲ᠋ᠣᠨ ᠨᠤᠭᠤᠳ ᠢ ᠬᠣᠭᠤᠷᠤᠨᠳᠤ ᠨᠢ 1 m ᠵᠠᠢ ᠳ᠋ᠤ ᠪᠠᠶ᠋᠋ᠢᠷᠢᠰᠢᠭᠤᠯᠵᠤ ᠬᠡᠮᠵᠢᠯᠲᠡ ᠬᠢᠭᠰᠡᠨ ᠪᠠᠶ᠋᠋ᠢᠨ᠎ᠠ᠃<ref>Moehring D. L., et al. Entanglement of single-atom quantum bits at a distance // Nature : journal. — 2007. — No. 449. <nowiki>https://www.nature.com/articles/nature06118</nowiki></ref><ref>Физики „запутали“ два атома на расстоянии метра друг от друга. Лента.Ру. ᠬᠠᠨᠳᠤᠭᠰᠠᠨ 2011/09/13. <nowiki>https://lenta.ru/news/2007/09/07/entanglement</nowiki></ref> ᠵᠢᠨᠢᠸᠠ (ᠰᠸᠢᠴᠧᠷᠯᠠᠨ᠍ᠳ᠋)Geneva (Switzerland) ᠶᠡᠬᠡ ᠰᠤᠷᠭᠠᠭᠤᠯᠢ ᠶ᠋᠋ᠢᠨ ᠰᠤᠳᠤᠯᠤᠭᠠᠴᠢᠳ 2008 ᠣᠨ ᠳ᠋ᠤ ᠰᠦᠯᠡᠯᠳᠦᠭᠰᠡᠨ ᠫᠾᠣᠲ᠋ᠣᠨ ᠨᠤᠭᠤᠳ ᠢ ᠬᠣᠭᠤᠷᠤᠨᠳᠤ ᠨᠢ 18 km ᠬᠣᠯᠳᠠᠭᠤᠯᠵᠤ ᠬᠡᠮᠵᠢᠯᠲᠡ ᠬᠢᠵᠦ ᠴᠢᠳᠠᠭᠰᠠᠨ ᠪᠠᠶ᠋᠋ᠢᠨ᠎ᠠ᠃ ᠢᠩᠭᠢᠭᠰᠡᠨ ᠶ᠋᠋ᠢᠡᠷ ᠤᠷᠢᠳᠤ ᠡᠮᠦᠨ᠎ᠡ ᠪᠣᠯᠤᠮᠵᠢ ᠦᠭᠡᠢ ᠪᠠᠶ᠋᠋ᠢᠭᠰᠠᠨ ᠴᠠᠭ ᠬᠤᠭᠤᠴᠠᠭᠠᠨ ᠤ ᠬᠮᠵᠢᠯᠲᠡ ᠬᠢᠵᠦ ᠪᠠᠰᠠ ᠴᠢᠳᠠᠪᠠ᠃ ᠬᠡᠷᠪᠡ ᠡᠳᠡᠭᠡᠷ ᠪᠥᠭᠡᠮᠰ ᠦᠨ ᠬᠣᠭᠤᠷᠤᠨᠳᠤ ᠦᠯᠦ ᠮᠡᠳᠡᠭᠳᠡᠬᠦ ᠬᠠᠷᠢᠯᠴᠠᠨ ᠦᠢᠯᠡᠴᠢᠯᠡᠯ ᠶᠠᠪᠤᠭᠳᠠᠵᠤ ᠪᠠᠶ᠋᠋ᠢᠭ᠎ᠠ ᠪᠣᠯ ᠲᠡᠷᠡᠬᠦᠦ ᠬᠠᠷᠢᠯᠴᠠᠨ ᠦᠢᠯᠡᠴᠢᠯᠡᠯ ᠦᠨ ᠲᠠᠷᠬᠠᠬᠤ ᠬᠤᠷᠳᠤ ᠨᠢ ᠸᠠᠻᠦᠦᠮ ᠳᠠᠬᠢ ᠭᠡᠷᠡᠯ ᠦᠨ ᠬᠤᠷᠳᠤ ᠡᠴᠡ 100000 ᠳᠠᠬᠢᠨ ᠥᠨᠳᠦᠷ ᠪᠠᠶ᠋᠋ᠢᠬᠤ ᠰᠠᠭᠠᠷᠳᠠᠯᠭ᠎ᠠ ᠲᠠᠢ᠃ ᠲᠡᠭᠦᠨ ᠡᠴᠡ ᠪᠠᠭ᠎ᠠ ᠬᠤᠷᠳᠤ ᠲᠠᠢ ᠪᠣᠯ ᠴᠠᠭ ᠬᠤᠭᠤᠴᠠᠭᠠᠨ ᠤ ᠰᠠᠭᠠᠲᠠᠯ ᠠᠵᠢᠭᠯᠠᠭᠳᠠᠬᠤ ᠪᠠᠶ᠋᠋ᠢᠭᠰᠠᠨ<ref>Salart D., et al. Testing the speed of „spooky action at a distance“// Nature : journal. — 2008. — No. 454.</ref><ref>Коняев А. Коты в ящиках и квантовые скорости. Лента.Ру. ᠬᠠᠨᠳᠤᠭᠰᠠᠨ 2011/09/13.</ref>᠃ ᠳᠠᠷᠠᠭ᠎ᠠ ᠵᠢᠯ ᠨᠢ ᠠᠦᠰᠲᠷᠢᠶᠠAustria ᠤᠯᠤᠰ ᠤᠨ ᠻᠸᠠᠨ᠍ᠲ ᠭᠡᠷᠡᠯ ᠵᠦᠢ (Optics)᠂ ᠻᠸᠠᠨ᠍ᠲ ᠮᠡᠳᠡᠭᠡᠯᠡᠯ ᠵᠦᠢ ᠶ᠋᠋ᠢᠨ ᠬᠦᠷᠢᠶᠡᠯᠡᠩ ᠦᠨ ᠰᠤᠳᠤᠯᠤᠭᠠᠴᠢᠳ ᠰᠦᠯᠡᠯᠳᠦᠭᠰᠡᠨ ᠫᠾᠣᠲ᠋ᠣᠨ ᠤ ᠤᠷᠤᠰᠬᠠᠯ ᠤᠳ ᠢ 144 km ᠵᠠᠢ ᠲᠠᠢ ᠪᠠᠶ᠋᠋ᠢᠷᠢᠯᠠᠭᠤᠯᠵᠤ ᠬᠡᠮᠵᠢᠯᠲᠡ ᠬᠢᠵᠦ ᠴᠢᠳᠠᠭᠰᠠᠨ ᠪᠠᠶ᠋᠋ᠢᠨ᠎ᠠ᠃ ᠻᠸᠠᠨ᠍ᠲ ᠰᠦᠯᠡᠯᠳᠦᠭᠡᠨ ᠡᠴᠡ ᠡᠭᠦᠳᠡᠭᠰᠡᠨ ᠬᠠᠮᠢᠶᠠᠷᠤᠯ ᠨᠢ ᠬᠠᠷᠢᠴᠠᠩᠭᠤᠢ ᠶ᠋᠋ᠢᠨ ᠣᠨᠤᠯ ᠲᠠᠢ ᠵᠥᠷᠴᠢᠯᠳᠠᠬᠦ ᠦᠭᠡᠢ᠃ ᠰᠦᠯᠡᠯᠳᠦᠭᠰᠡᠨ ᠳᠡᠳ᠋ ᠰᠢᠰᠲᠧᠮ ᠬᠣᠭᠤᠷᠤᠨᠳᠤ ᠶ᠋᠋ᠢᠨ ᠬᠠᠮᠢᠶᠠᠷᠤᠯ ᠭᠡᠷᠡᠯ ᠡᠴᠡ ᠬᠤᠷᠳᠤᠨ ᠬᠠᠷᠢᠯᠴᠠᠨ ᠦᠢᠯᠡᠴᠢᠯᠡᠯ ᠶ᠋᠋ᠢᠡᠷ ᠳᠠᠮᠵᠢᠵᠤ ᠪᠠᠶ᠋᠋ᠢᠨ᠎ᠠ ᠭᠡᠵᠦ ᠲᠠᠰᠢᠶ᠎ᠠ ᠲᠠᠶ᠋ᠢᠯᠠᠪᠤᠷᠢᠯᠠᠬᠤ ᠶᠠᠪᠤᠳᠠᠯ ᠬᠡᠵᠢᠶ᠎ᠡ ᠴᠦ ᠭᠠᠷᠴᠤ ᠪᠣᠯᠵᠠᠰᠢ ᠦᠭᠡᠢ᠃ ᠭᠡᠲᠡᠯ ᠣᠭᠲᠠ ᠡᠴᠡ ᠮᠡᠳᠡᠭᠡᠯᠡᠯ ᠳᠠᠮᠵᠢᠭᠤᠯᠤᠭᠳᠠᠵᠤ ᠪᠠᠶ᠋᠋ᠢᠭ᠎ᠠ ᠪᠢᠰᠢ ᠤᠴᠢᠷ ᠡᠴᠡ ᠬᠠᠷᠢᠯᠴᠠᠨ ᠦᠢᠯᠡᠴᠢᠯᠡᠯ ᠶᠠᠪᠤᠭᠳᠬᠤ ᠦᠭᠡᠢ ᠪᠠᠶ᠋ᠢᠭ᠎ᠠ᠃ ᠲᠡᠶ᠋᠋ᠢᠮᠦ ᠡᠴᠡ ᠰᠢᠯᠲᠠᠭᠠᠨ ᠪᠠ ᠦᠷ᠎ᠡ ᠳᠠᠭᠠᠪᠤᠷᠢ ᠶ᠋᠋ᠢᠨ ᠬᠡᠯᠬᠢᠶ᠎ᠡ ᠵᠥᠷᠴᠢᠭᠳᠡᠬᠦ ᠦᠭᠡᠢ᠃ ᠡᠨᠡ ᠨᠢ ᠳᠠᠷᠠᠭᠠᠬᠢ ᠰᠢᠯᠲᠠᠭᠠᠨ ᠨᠤᠭᠤᠳ ᠲᠠᠢ: · ᠻᠸᠠᠨ᠍ᠲ ᠮᠧᠻᠠᠨᠢᠭ ᠳ᠋ᠠᠬᠢ ᠬᠡᠮᠵᠢᠯᠲᠡ ᠨᠤᠭᠦᠳ ᠮᠠᠭᠠᠳᠯᠠᠯ ᠤᠨ ᠰᠢᠨᠵᠢ ᠲᠠᠢ ᠲᠤᠯᠠ ᠶᠠᠭᠰᠢᠮᠠᠯ ᠰᠢᠯᠲᠠᠭᠠᠨ ᠦᠷ᠎ᠡ ᠳᠠᠭᠠᠪᠤᠷᠢ ᠶ᠋᠋ᠢᠨ ᠰᠢᠨᠵᠢᠲᠠᠢ ᠪᠤᠰᠤ᠃ · ᠦᠯᠦ ᠻ᠊ᠯᠥᠨ᠍ᠳᠠᠬᠤ ᠲᠤᠬᠠᠢ ᠰᠢᠯᠭᠠᠳᠠᠭ ᠦᠨᠡᠨ ᠢᠨᠦ (no-cloning theorem) ᠰᠦᠯᠡᠯᠳᠦᠭᠰᠡᠨ ᠻᠸᠠᠨ᠍ᠲ ᠲᠥᠯᠦᠪ ᠦᠳ ᠢ ᠥᠭᠡᠷᠴᠢᠯᠡᠯ ᠦᠭᠡᠢ ᠪᠡᠷ ᠰᠲ᠋ᠠᠲ᠋ᠢᠰᠲᠢᠻ ᠰᠢᠨᠵᠢᠯᠡᠭᠡ ᠬᠢᠬᠦ ᠶ᠋᠋ᠢ ᠬᠣᠷᠢᠭᠯᠠᠳᠠᠭ᠃ · ᠦᠯᠦ ᠬᠠᠷᠢᠯᠴᠠᠬᠤ ᠲᠤᠬᠠᠢ ᠰᠢᠯᠭᠠᠳᠠᠭ ᠦᠨᠡᠨ ᠢᠨᠦ (no-communication theorem) ᠻᠸᠠᠨ᠍ᠲ ᠮᠧᠻᠠᠨᠢᠭ ᠦᠨ ᠳᠡᠳ᠋ ᠰᠢᠰᠲ᠋ᠧᠮ ᠳ᠋ᠦ ᠮᠡᠳᠡᠭᠡᠯᠡᠯ ᠳᠠᠮᠵᠢᠭᠤᠯᠬᠤ ᠵᠣᠷᠢᠯᠭ᠎ᠠ ᠪᠠᠷ ᠨᠥᠭᠦᠭᠡ ᠳᠡᠳ᠋ ᠰᠢᠰᠲ᠋ᠡᠮ ᠳᠦ ᠬᠡᠮᠵᠢᠯᠲᠡ ᠬᠢᠬᠦ ᠪᠣᠯᠤᠮᠵᠢ ᠦᠭᠡᠢ ᠭᠡᠵᠦ ᠥᠭᠦᠯᠡᠳᠡᠭ᠃ ᠳᠠᠩ ᠰᠦᠯᠡᠯᠳᠦᠭᠡᠨ ᠢ ᠠᠰᠢᠭᠯᠠᠨ ᠮᠡᠳᠡᠭᠡᠯᠡᠯ ᠳᠠᠮᠵᠢᠭᠤᠯᠬᠤ ᠪᠣᠯᠤᠮᠵᠢ ᠦᠭᠡᠢ ᠬᠡᠳᠦᠢ ᠴᠦ ᠰᠦᠯᠡᠯᠳᠦᠭᠰᠡᠨ ᠬᠡᠳᠦ ᠬᠡᠳᠦᠨ ᠰᠢᠰᠲ᠋ᠧᠮ ᠢ ᠮᠡᠳᠡᠭᠡᠯᠡᠯ ᠦᠨ ᠰᠣᠩᠭᠤᠳᠠᠭ (classical) ᠰᠤᠪᠠᠭ ᠲᠠᠢ ᠬᠠᠮᠲᠤᠷᠠᠭᠤᠯᠤᠨ ᠡᠭᠦᠨ ᠢ ᠭᠦᠢᠴᠡᠳᠭᠡᠬᠦ ᠪᠣᠯᠤᠮᠵᠢ ᠲᠠᠢ᠃ ᠮᠡᠳᠡᠭᠡᠯᠡᠯ ᠦᠨ ᠰᠣᠩᠭᠤᠳᠠᠭ (classical) ᠰᠤᠪᠠᠭ ᠱᠠᠭᠠᠷᠳᠠᠭᠳᠠᠬᠤ ᠲᠤᠯᠠ ᠮᠡᠳᠡᠭᠡᠯᠡᠯ ᠭᠡᠷᠡᠯ ᠡᠴᠡ ᠬᠤᠷᠳᠤᠨ ᠳᠠᠮᠢᠵᠭᠤᠯᠬᠤ ᠪᠣᠯᠤᠮᠵᠢ ᠦᠭᠡᠢ᠃ ᠻᠸᠠᠨ᠍ᠲ ᠰᠦᠯᠡᠯᠳᠦᠭᠡᠨ ᠳ᠋ᠦ ᠣᠷᠤᠰᠢᠬᠤ ᠬᠣᠶᠠᠷ ᠪᠥᠭᠡᠮ ᠦᠨ ᠨᠢᠭᠡ ᠶ᠋᠋ᠢᠨ ᠨᠢ ᠲᠥᠯᠦᠪ ᠢ ᠬᠡᠮᠵᠢᠬᠦ ᠳ᠋ᠦ᠂ ᠨᠥᠭᠦᠭᠡ ᠪᠥᠭᠡᠮ ᠦᠨ ᠲᠥᠯᠦᠪ ᠭᠱᠠᠨ ᠵᠠᠭᠤᠷ᠎ᠠ ᠥᠭᠡᠷᠡᠴᠢᠯᠡᠭᠳᠡᠵᠦ ᠪᠣᠯᠬᠤ ᠴᠤ ᠲᠡᠷᠡ ᠪᠥᠭᠡᠮ ᠦᠨ ᠥᠭᠭᠦᠭᠳᠡᠯ ᠢ ᠰᠢᠯᠭᠠᠭᠰᠠᠨ ᠪᠠᠶ᠋᠋ᠢᠷᠢᠰᠢᠯ ᠡᠴᠡ ᠡᠬᠢᠨ ᠦ ᠪᠥᠭᠡᠮ ᠦᠨ ᠪᠠᠶ᠋᠋ᠢᠷᠢᠰᠢᠯ ᠳ᠋ᠤ ᠳᠠᠮᠵᠢᠭᠤᠯᠬᠤ ᠶ᠋᠋ᠢᠨ ᠲᠤᠯᠠᠳᠠ [[Цахилгаан соронзон долгионы хуваарь|ᠷᠠᠳᠢᠣ᠋]] ᠬᠣᠯᠪᠤᠭ᠎ᠠ ᠭᠡᠬᠦᠴᠢᠯᠡᠨ ᠭᠠᠷᠴᠠᠭ᠎ᠠ ᠦᠭᠡᠢ ᠭᠡᠷᠡᠯ ᠦᠨ ᠬᠤᠷᠳᠤ ᠲᠠᠢ ᠪᠤᠶᠤ ᠲᠡᠭᠦᠨ ᠡᠴᠡ ᠪᠠᠭ᠎ᠠ ᠬᠤᠷᠳᠤ ᠲᠠᠢ ᠮᠡᠳᠡᠭᠡᠯᠡᠯ ᠳᠠᠮᠵᠢᠭᠤᠯᠬᠤ ᠠᠷᠭ᠎ᠠ ᠶ᠋᠋ᠢ ᠬᠡᠷᠡᠭᠯᠡᠬᠦ ᠪᠣᠯᠤᠨ᠎ᠠ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width