Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠬᠢᠮᠡᠯ ᠣᠶᠤᠨ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
==ᠲᠥᠷᠦᠯ== === ᠬᠠᠷᠢᠭᠤ ᠦᠢᠯᠡᠳᠦᠭᠴᠢ ᠲᠥᠬᠥᠭᠡᠷᠦᠮᠵᠢ === ᠬᠠᠷᠢᠭᠤ ᠦᠢᠯᠡᠳᠦᠭᠴᠢ ᠲᠥᠬᠥᠭᠡᠷᠦᠮᠵᠢ ᠨᠦᠭᠦᠳ (Reactive Machine) ᠰᠠᠭᠤᠷᠢ ᠦᠢᠯᠡᠳᠦᠯ ᠦᠳ ᠢ ᠭᠦᠢᠴᠡᠳᠭᠡᠳᠡᠭ᠃ ᠡᠨᠡ ᠲᠦᠪᠰᠢᠨ ᠦ ᠬᠢᠮᠡᠯ ᠣᠶᠤᠨ ᠬᠠᠮᠤᠭ ᠤᠨ ᠡᠩ ᠦᠨ ᠨᠢ ᠶᠤᠮ᠃ ᠬᠠᠷᠢᠭᠤ ᠦᠢᠯᠡᠳᠦᠭᠴᠢ ᠲᠥᠬᠥᠭᠡᠷᠦᠮᠵᠢ ᠨᠢ ᠲᠣᠳᠣᠷᠬᠠᠢ ᠣᠷᠴᠠ ᠨᠤᠭᠣᠳ ᠳᠤ ᠲᠣᠳᠣᠷᠬᠠᠢ ᠭᠠᠷᠴᠠ ᠪᠠᠷ ᠬᠠᠷᠢᠭᠤᠯᠳᠠᠭ᠃ ᠰᠤᠷᠤᠯᠴᠠᠬᠤ ᠠᠵᠢᠯᠯᠠᠭ᠎ᠠ ᠶᠠᠪᠤᠭᠳᠠᠬᠤ ᠦᠭᠡᠢ᠃ ᠡᠨᠡ ᠪᠣᠯ ᠬᠢᠮᠡᠯ ᠣᠶᠤᠨ ᠤ ᠠᠩᠬᠠᠳᠠᠭᠴᠢ ᠱᠠᠲᠤ ᠶᠤᠮ᠃ ᠬᠦᠮᠦᠨ ᠦ ᠨᠢᠭᠤᠷ ᠤᠨ ᠳᠦᠷᠰᠦ ᠶᠢ ᠣᠷᠣᠴᠠ ᠪᠣᠯᠭᠠᠨ ᠠᠪᠴᠤ ᠨᠢᠭᠤᠷ ᠢ ᠲᠣᠭᠣᠷᠢᠭᠤᠯᠤᠨ ᠳᠥᠷᠪᠡᠯᠵᠢᠨ ᠳᠦᠷᠰᠦ ᠡᠭᠦᠰᠬᠡᠨ ᠲᠣᠳᠣᠷᠬᠠᠶ᠋ᠢᠯᠠᠬᠤ ᠬᠡᠷᠡᠭᠰᠡᠯ ᠨᠢ ᠡᠩ ᠦᠨ᠂ ᠬᠠᠷᠢᠭᠤ ᠦᠢᠯᠡᠳᠦᠭᠴᠢ ᠲᠥᠬᠥᠭᠡᠷᠦᠮᠵᠢ ᠶᠤᠮ᠃ ᠬᠢᠮᠡᠯ ᠣᠶᠤᠨ ᠤ ᠡᠨᠡ ᠲᠥᠷᠥᠯ ᠨᠢ ᠶᠠᠮᠪᠠᠷ ᠴᠤ ᠣᠷᠣᠴᠠ ᠶᠢ ᠬᠠᠳᠠᠭᠠᠯᠠᠬᠤ ᠦᠭᠡᠢ᠂ ᠶᠠᠮᠠᠷ ᠴᠤ ᠰᠤᠷᠤᠯᠴᠠᠬᠤ ᠦᠢᠯᠡᠳᠦᠯ ᠭᠦᠢᠴᠡᠳᠭᠡᠬᠦ ᠦᠭᠡᠢ᠃ ᠮᠠᠱᠢᠨ ᠤ ᠰᠤᠷᠤᠯᠴᠠᠬᠤᠢ ᠶᠢᠨ ᠰᠲ᠋ᠠᠲ᠋ᠢᠻ ᠵᠠᠭᠪᠤᠷ ᠤᠳ ᠨᠢ ᠮᠥᠨ ᠬᠠᠷᠢᠭᠤ ᠦᠢᠯᠡᠳᠦᠭᠴᠢ ᠲᠥᠬᠥᠭᠡᠷᠦᠮᠵᠢ ᠶᠤᠮ᠃ ᠲᠡᠳᠡᠭᠡᠷ ᠦᠨ ᠠᠷᠻᠢᠲ᠋ᠧᠻᠲ᠋ᠦ᠋ᠷ ᠨᠢ ᠬᠠᠮᠤᠭ ᠤᠨ ᠡᠩ ᠦᠨ ᠪᠥᠭᠡᠳ ᠲᠡᠳᠡᠭᠡᠷ ᠢ ᠸᠧᠪ ᠳᠡᠭᠡᠷᠡᠬᠢ GitHub ᠰᠠᠩ ᠠᠴᠠ ᠣᠯᠵᠤ ᠪᠣᠯᠤᠨ᠎ᠠ᠃ ᠡᠳᠡᠭᠡᠷ ᠵᠠᠭᠪᠤᠷ ᠤᠳ ᠢ ᠬᠢᠯᠪᠠᠷᠬᠠᠨ ᠲᠠᠲᠠᠵᠤ ᠠᠪᠴᠤ᠂ ᠨᠠᠶ᠋ᠢᠮᠠᠭᠠᠯᠴᠠᠵᠤ᠂ ᠳᠠᠮᠵᠢᠭᠤᠯᠵᠤ᠂ ᠬᠥᠭᠵᠢᠭᠦᠯᠦᠭᠴᠢ ᠶᠢᠨ ᠬᠡᠷᠡᠭᠰᠡᠯ ᠦᠨ ᠬᠥᠮᠥᠷᠭᠡ ᠳᠦ ᠠᠴᠢᠶᠠᠯᠠᠵᠤ ᠪᠣᠯᠤᠨ᠎ᠠ᠃<ref>Jonathan Johnson. 4 Types of Artificial Intelligence. 2020/06/08. BMC. https://www.bmc.com/blogs/artificial-intelligence-types/#:~:text=These%20three%20types%20are%3A,Artificial%20Super%20Intelligence</ref>

=== ᠬᠡᠮᠵᠢᠶᠡᠲᠦ ᠣᠢ ᠲᠠᠢ ===
{| class="wikitable" |+ |[[File:Autonomous-driving-Barcelona.jpg|align: top|thumb|center]] |style = "height: 100px;"|ᠥᠪᠡᠷ ᠢᠢᠡᠨ ᠵᠢᠯᠤᠭᠤᠳᠤᠯᠭᠠᠲᠤ ᠲᠡᠭᠡᠭᠡᠪᠦᠷᠢ ᠢᠢᠨ ᠬᠡᠷᠡᠭᠰᠡᠯ |}
ᠬᠡᠮᠵᠢᠶᠡᠲᠦ ᠣᠢ ᠲᠠᠢ (Limited Memory) ᠬᠢᠮᠡᠯ ᠣᠶᠤᠨ ᠨᠢ ᠥᠩᠭᠡᠷᠡᠭᠰᠡᠨ ᠡᠴᠡ ᠰᠤᠷᠤᠯᠴᠠᠵᠤ᠂ ᠦᠢᠯᠡᠳᠦᠯ᠂ ᠥᠭᠭᠥᠭᠳᠡᠯ ᠦᠳ ᠢ ᠠᠵᠢᠭᠯᠠᠬᠤ ᠵᠠᠮ ᠢᠢᠠᠷ ᠲᠤᠷᠰᠢᠯᠭ᠎ᠠ ᠶᠢᠨ ᠮᠡᠳᠡᠯᠭᠡ ᠬᠤᠷᠠᠮᠲᠤᠯᠠᠭᠤᠯᠳᠠᠭ᠃ ᠡᠨᠡ ᠲᠥᠷᠥᠯ ᠦᠨ ᠬᠢᠮᠡᠯ ᠣᠶᠤᠨ ᠤᠷᠢᠳᠴᠢᠯᠠᠵᠤ ᠫᠷᠣ᠌ᠭ᠌ᠷᠠᠮᠴᠢᠯᠠᠭᠳᠠᠭᠰᠠᠨ ᠮᠡᠳᠡᠭᠡᠯᠡᠯ ᠢ ᠠᠵᠢᠭᠯᠠᠯᠲᠠ ᠶᠢᠨ ᠲᠡᠦᠬᠡᠨ ᠥᠭᠭᠥᠭᠳᠡᠯ ᠲᠡᠢ ᠬᠣᠣᠰᠯᠠᠭᠤᠯᠤᠨ ᠠᠰᠢᠭᠯᠠᠵᠤ ᠤᠷᠢᠳᠴᠢᠯᠠᠭᠰᠠᠨ ᠲᠠᠭᠠᠮᠠᠭᠯᠠᠯ ᠳᠡᠪᠰᠢᠭᠦᠯᠵᠦ᠂ ᠠᠩᠭᠢᠯᠠᠯ ᠤᠨ ᠨᠠᠷᠢᠨ ᠲᠥᠪᠡᠭᠲᠡᠢ ᠠᠵᠢᠯᠯᠠᠪᠤᠷᠢ ᠢᠢ ᠭᠦᠢᠴᠡᠳᠭᠡᠳᠡᠭ᠃ ᠬᠡᠮᠵᠢᠶᠡᠲᠦ ᠣᠢ ᠲᠠᠢ ᠬᠢᠮᠡᠯ ᠣᠶᠤᠨ ᠪᠣᠯ ᠥᠨᠥ ᠴᠠᠭ ᠲᠤ ᠬᠠᠮᠤᠭ ᠤᠨ ᠲᠦᠭᠡᠮᠡᠯ ᠬᠡᠷᠡᠭᠯᠡᠭᠳᠡᠵᠦ ᠪᠤᠢ ᠬᠢᠮᠡᠯ ᠣᠶᠤᠨ ᠤ ᠲᠥᠷᠥᠯ ᠪᠢᠯᠡ᠃ ᠵᠢᠱᠢᠶᠡᠯᠡᠪᠡᠯ᠂ ᠪᠡᠶ᠎ᠡ ᠳᠠᠭᠠᠭᠰᠠᠨ ᠲᠡᠭᠡᠭᠡᠪᠦᠷᠢ ᠶᠢᠨ ᠬᠡᠷᠡᠭᠰᠡᠯ ᠨᠢ ᠬᠡᠮᠵᠢᠶᠡᠲᠦ ᠣᠢ ᠲᠠᠢ ᠬᠢᠮᠡᠯ ᠣᠶᠤᠨ ᠤ ᠲᠤᠰᠠᠯᠠᠮᠵᠢ ᠲᠠᠢ ᠪᠠᠷ ᠪᠤᠰᠤᠳ ᠮᠠᠱᠢᠨ ᠤ ᠬᠤᠷᠳᠤ᠂ ᠴᠢᠭᠯᠡᠯ ᠢ ᠠᠵᠢᠭᠯᠠᠵᠤ᠂ ᠵᠠᠮ ᠤᠨ ᠪᠠᠶ᠋ᠢᠳᠠᠯ ᠢ ᠲᠠᠩᠳᠠᠵᠤ᠂ ᠵᠣᠬᠢᠴᠠᠨ ᠶᠠᠪᠤᠳᠠᠭ᠃ ᠢᠷᠡᠵᠦ ᠪᠤᠢ ᠥᠭᠭᠥᠭᠳᠡᠯ ᠢ ᠰᠢᠨᠵᠢᠯᠡᠨ ᠤᠶ᠋ᠢᠯᠠᠭᠠᠬᠤ ᠡᠨᠡᠬᠦ ᠠᠵᠢᠯᠯᠠᠭ᠎ᠠ ᠠᠶᠤᠯ ᠦᠭᠡᠢ ᠵᠣᠷᠴᠢᠬᠤ ᠨᠥᠬᠥᠴᠡᠯ ᠢ ᠪᠦᠷᠢᠳᠦᠭᠦᠯᠵᠦ ᠪᠠᠶ᠋ᠢᠨ᠎ᠠ᠃ ᠭᠡᠬᠦ ᠳᠦ ᠪᠡᠨ ᠬᠡᠮᠵᠢᠶ᠎ᠡ ᠳᠦ ᠣᠢ ᠳᠤ ᠬᠢᠮᠡᠯ ᠣᠶᠤᠨ ᠨᠢ ᠪᠠᠰᠠ ᠯᠠ ᠬᠢᠵᠠᠭᠠᠷᠯᠠᠭᠳᠠᠮᠠᠯ ᠭᠡᠳᠡᠭ ᠢ ᠨᠡᠷ᠎ᠡ ᠨᠢ ᠴᠤ ᠥᠪᠡᠷ ᠢᠢᠡᠨ ᠬᠡᠯᠡᠵᠦ ᠪᠠᠶ᠋ᠢᠨ᠎ᠠ᠃ ᠥᠪᠡᠷ ᠢᠢᠡᠨ ᠵᠢᠯᠣᠭᠣᠳᠤᠯᠭᠠᠳᠤ ᠲᠡᠭᠡᠭᠡᠪᠦᠷᠢ ᠶᠢᠨ ᠬᠡᠷᠡᠭᠰᠡᠯ ᠦᠨ ᠠᠰᠢᠭᠯᠠᠵᠤ ᠪᠠᠶ᠋ᠢᠭ᠎ᠠ ᠮᠡᠳᠡᠭᠡᠯᠡᠯ ᠨᠢ ᠲᠦᠷ ᠪᠥᠭᠡᠳ ᠮᠠᠱᠢᠨ ᠤ ᠤᠷᠲᠤ ᠬᠤᠭᠤᠴᠠᠭᠠᠨ ᠤ ᠰᠠᠨᠠᠬᠤ ᠣᠢ ᠳᠤ ᠬᠠᠳᠠᠭᠠᠯᠠᠭᠳᠠᠳᠠᠭ ᠦᠭᠡᠢ᠃<ref name=":4">Bernard Marr. Understanding the 4 Types of Artificial Intelligence (AI). 2021/05/09. Linked In. https://www.linkedin.com/pulse/understanding-4-types-artificial-intelligence-ai-bernard-marr</ref>

=== ᠰᠡᠳᠬᠢᠯ ᠦᠨ ᠣᠨᠣᠯ === ᠰᠡᠳᠬᠢᠯ ᠦᠨ ᠣᠨᠣᠯ (Theory of Mind) ᠣᠳᠣᠬᠠᠨ ᠳᠤ ᠪᠠᠨ ᠵᠥᠪᠬᠡᠨ ᠣᠨᠣᠯ ᠤᠨ ᠱᠠᠲᠤᠨ ᠳᠤ ᠪᠠᠢᠢᠨ᠎ᠠ᠃ ᠪᠢᠳᠡ ᠬᠢᠮᠡᠯ ᠣᠶᠤᠨ ᠤ ᠡᠨᠡᠬᠦ ᠳᠠᠷᠤᠭ᠎ᠠ ᠶᠢᠨ ᠲᠦᠪᠰᠢᠨ ᠳᠦ ᠬᠦᠷᠬᠦ ᠳᠦ ᠱᠠᠭᠠᠷᠳᠠᠯᠭ᠎ᠠ ᠲᠠᠢ ᠲᠧᠻᠨᠣᠯᠣᠭᠢ᠂ ᠰᠢᠨᠵᠢᠯᠡᠬᠦ ᠤᠬᠠᠭᠠᠨ ᠤ ᠴᠢᠳᠠᠪᠬᠢ ᠳᠤ ᠬᠠᠷᠠᠬᠠᠨ ᠬᠦᠷᠦᠭᠡᠳᠦᠢ ᠪᠠᠶ᠋ᠢᠭ᠎ᠠ᠃ ᠡᠨᠡᠬᠦ ᠦᠵᠡᠯ ᠪᠠᠷᠢᠮᠲᠠᠯᠠᠯ ᠨᠢ ᠪᠤᠰᠤᠳ ᠠᠮᠢᠳᠤ ᠪᠡᠶᠡᠲᠦ ᠨᠤᠭᠦᠳ ᠴᠤ ᠪᠣᠳᠣᠯ ᠰᠠᠨᠠᠭ᠎ᠠ᠂ ᠰᠡᠳᠬᠢᠯ ᠬᠥᠳᠡᠯᠦᠯ ᠲᠡᠢ ᠪᠠᠶ᠋ᠢᠳᠠᠭ᠂ ᠲᠡᠷᠡ ᠨᠢ ᠦᠢᠯᠡ ᠪᠠᠶ᠋ᠢᠳᠠᠯ ᠳᠤ ᠨᠢ ᠨᠥᠯᠦᠭᠡᠯᠡᠵᠦ ᠪᠠᠶ᠋ᠢᠳᠠᠭ ᠭᠡᠰᠡᠨ ᠰᠡᠳᠬᠢᠯ ᠵᠦᠢ ᠶᠢᠨ ᠦᠨᠳᠦᠰᠦᠯᠡᠯ ᠳᠦ ᠰᠠᠭᠤᠷᠢᠯᠠᠳᠠᠭ᠃ ᠡᠨᠡ ᠨᠢ ᠬᠢᠮᠡᠯ ᠣᠶᠤᠨ ᠳᠤ ᠲᠥᠬᠥᠭᠡᠷᠦᠮᠵᠢ ᠶᠢᠨ ᠬᠤᠪᠢ ᠳᠤ ᠬᠦᠮᠦᠨ᠂ ᠠᠳᠤᠭᠤᠰᠤ᠂ ᠪᠤᠰᠤᠳ ᠲᠥᠬᠥᠭᠡᠷᠦᠮᠵᠢ ᠨᠤᠭᠦᠳ ᠲᠦ ᠶᠠᠮᠠᠷ ᠮᠡᠳᠡᠷᠡᠮᠵᠢ᠂ ᠰᠡᠳᠬᠢᠭᠳᠡᠯ ᠲᠥᠷᠦᠵᠦ ᠪᠠᠶ᠋ᠢᠭ᠎ᠠ ᠶᠢ ᠤᠬᠠᠭᠠᠷᠠᠵᠤ᠂ ᠥᠪᠡᠷ ᠲᠡᠢ ᠪᠡᠨ ᠵᠢᠱᠢᠨ ᠡᠷᠭᠢᠴᠡᠭᠦᠯᠦᠨ ᠲᠣᠳᠣᠷᠬᠠᠶ᠋ᠢᠯᠠᠵᠤ᠂ ᠲᠡᠷᠬᠦᠦ ᠮᠡᠳᠡᠭᠡᠯᠡᠯ ᠳᠦ ᠪᠡᠨ ᠲᠦᠰᠢᠭᠯᠡᠨ ᠪᠡᠶ᠎ᠡ ᠳᠠᠭᠠᠭᠰᠠᠨ ᠰᠢᠢᠳᠪᠦᠷᠢ ᠭᠠᠷᠤᠭᠠᠨᠠ ᠭᠡᠰᠡᠨ ᠦᠭᠡ᠃ ᠴᠤᠬᠤᠮ ᠳᠠᠭᠠᠨ ᠮᠠᠱᠢᠨ ᠨᠤᠭᠤᠳ 《ᠰᠡᠳᠬᠢᠯ》 ᠭᠡᠰᠡᠨ ᠣᠶ᠋ᠢᠯᠠᠭᠠᠯᠲᠠ᠂ ᠰᠢᠢᠳᠪᠦᠷᠢ ᠭᠠᠷᠭᠠᠬᠤ ᠦᠶ᠎ᠡ ᠶᠢᠨ ᠰᠡᠳᠬᠢᠯ ᠬᠥᠳᠡᠯᠦᠯ ᠦᠨ ᠬᠡᠯᠪᠡᠯᠵᠡᠯ᠂ ᠪᠤᠰᠤᠳ ᠰᠡᠳᠬᠢᠯ ᠵᠦᠢ ᠶᠢᠨ ᠪᠠᠷᠢᠮᠲᠠᠯᠠᠯ ᠤᠳ ᠤᠨ ᠴᠣᠭᠴᠠ ᠶᠢ ᠣᠶ᠋ᠢᠯᠠᠭᠠᠵᠤ᠂ ᠪᠣᠯᠪᠠᠰᠤᠷᠠᠭᠤᠯᠵᠤ᠂ ᠬᠦᠮᠦᠨ ᠪᠠ ᠬᠢᠮᠡᠯ ᠣᠶᠤᠨ ᠤ ᠬᠣᠭᠣᠷᠣᠨᠳᠣ ᠬᠣᠶᠠᠷ ᠴᠢᠭ ᠲᠦ ᠬᠠᠷᠢᠯᠴᠠᠭ᠎ᠠ ᠶᠢ ᠪᠤᠢ ᠪᠣᠯᠭᠠᠬᠤ ᠶᠣᠰᠣᠲᠠᠢ᠃<ref name=":3" />

=== ᠥᠪᠡᠷ ᠢ ᠪᠡᠨ ᠮᠡᠳᠡᠮᠰᠡᠷᠯᠡᠭᠴᠢ === ᠬᠢᠮᠡᠯ ᠣᠶᠤᠨ ᠤ ᠬᠠᠮᠤᠭ ᠤᠨ ᠳᠡᠪᠰᠢᠯᠲᠡᠲᠦ ᠲᠥᠷᠥᠯ ᠪᠣᠯ ᠥᠪᠡᠷ ᠢ ᠪᠡᠨ [[Мэдэмсэр|ᠮᠡᠳᠡᠮᠰᠡᠷᠯᠡᠭᠴᠢ]] (Self Aware) ᠬᠢᠮᠡᠯ ᠣᠶᠤᠨ ᠶᠤᠮ᠃ ᠲᠥᠬᠥᠭᠡᠷᠦᠮᠵᠢ ᠨᠤᠭᠦᠳ ᠥᠪᠡᠷᠰᠡᠳ ᠦᠨ ᠰᠡᠳᠬᠢᠯ ᠳᠣᠭᠳᠣᠯᠤᠯ ᠪᠣᠯᠤᠨ ᠣᠷᠴᠢᠨ ᠤ ᠪᠠᠨ ᠪᠣᠳᠠᠭᠠᠯᠢ ᠨᠤᠭᠤᠳ ᠤᠨ ᠰᠡᠳᠬᠢᠯ ᠬᠥᠳᠡᠯᠦᠯ ᠢ ᠮᠡᠳᠡᠷᠡᠳᠡᠭ ᠪᠣᠯᠤᠭᠰᠠᠨ ᠢᠢᠠᠷ ᠬᠦᠮᠦᠨ ᠲᠡᠢ ᠲᠥᠰ ᠲᠡᠢ ᠤᠬᠠᠮᠰᠠᠷ᠂ ᠣᠶᠤᠨ ᠤᠬᠠᠭᠠᠨ ᠲᠠᠢ ᠪᠣᠯᠤᠨ᠎ᠠ᠃ ᠡᠨᠡ ᠲᠥᠷᠥᠯ ᠦᠨ ᠬᠢᠮᠡᠯ ᠣᠶᠤᠨ ᠨᠢ ᠬᠦᠰᠡᠯ᠂ ᠬᠡᠷᠡᠭᠴᠡᠭᠡ᠂ ᠰᠡᠳᠬᠢᠯ ᠬᠥᠳᠡᠯᠦᠯ ᠲᠡᠢ ᠪᠠᠢᠢᠬᠤ ᠪᠣᠯᠤᠨ᠎ᠠ᠃ ᠡᠨᠡ ᠲᠥᠷᠥᠯ ᠦᠨ ᠬᠢᠮᠡᠯ ᠣᠶᠤᠨ ᠲᠠᠢ ᠲᠥᠬᠥᠭᠡᠷᠦᠮᠵᠢ ᠨᠢ ᠥᠪᠡᠷ ᠦᠨ ᠳᠣᠲᠣᠭᠠᠳᠤ ᠰᠡᠳᠬᠢᠯ ᠬᠥᠳᠡᠯᠦᠯ᠂ ᠰᠡᠳᠬᠢᠴᠡ ᠶᠢᠨ ᠲᠥᠯᠥᠪ ᠪᠠᠶ᠋ᠢᠳᠠᠯ ᠢ ᠤᠬᠠᠮᠰᠠᠷᠯᠠᠳᠠᠭ ᠪᠠᠶ᠋ᠢᠬᠤ ᠪᠣᠯᠤᠨ᠎ᠠ᠃ ᠥᠪᠡᠷ ᠢ ᠪᠡᠨ ᠮᠡᠳᠡᠮᠰᠡᠷᠯᠡᠬᠦ ᠬᠢᠮᠡᠯ ᠣᠶᠤᠨ ᠨᠢ ᠪᠤᠰᠤᠳ ᠲᠥᠷᠥᠯ ᠦᠨ ᠬᠢᠮᠡᠯ ᠣᠶᠤᠨ ᠤ ᠬᠤᠪᠢ ᠳᠤ ᠪᠣᠯᠤᠮᠵᠢ ᠦᠭᠡᠢ ᠰᠡᠳᠬᠢᠯᠭᠡ ᠲᠡᠢ ᠪᠠᠶ᠋ᠢᠨ᠎ᠠ ("ᠨᠢᠭᠡ ᠡᠲᠡᠭᠡᠳ ᠮᠢᠨᠦ ᠵᠠᠮ ᠢ ᠬᠥᠨᠳᠡᠯᠢᠰᠴᠦ ᠤᠷᠳᠤᠭᠤᠷ ᠳᠠᠭᠠᠷᠢᠭᠰᠠᠨ ᠳᠤ ᠮᠢᠨᠦ ᠠᠭᠤᠷ ᠬᠦᠷᠦᠭᠡᠳ ᠪᠠᠢᠢᠨ᠎ᠠ" ᠭᠡᠬᠦ ᠮᠡᠲᠦ)᠃ ᠪᠢᠳᠡ ᠡᠶ᠋ᠢᠮᠦ ᠲᠥᠷᠥᠯ ᠦᠨ ᠪᠣᠯᠪᠠᠰᠤᠷᠠᠩᠭᠤᠢ ᠬᠢᠮᠡᠯ ᠣᠶᠤᠨ ᠢ ᠬᠠᠷᠠᠬᠠᠨ ᠬᠥᠭᠵᠢᠭᠦᠯᠦᠭᠡᠳᠦᠢ᠂ ᠲᠡᠶ᠋ᠢᠮᠦ ᠲᠦᠪᠰᠢᠨ ᠦ ᠬᠢᠮᠡᠯ ᠣᠶᠤᠨ ᠢ ᠳᠡᠮᠵᠢᠬᠦ ᠲᠧᠻᠨᠢᠭ ᠬᠠᠩᠭᠠᠮᠵᠢ᠂ ᠠᠯᠭ᠌ᠣᠷᠢᠲ᠋ᠮ ᠣᠳᠣ ᠪᠠᠷ ᠪᠦᠲᠦᠭᠡᠭᠳᠡᠭᠡᠳᠦᠢ ᠪᠠᠶ᠋ᠢᠨ᠎ᠠ᠃<ref name=":4" />

ᠲᠡᠭᠦᠨᠴᠢᠯᠡᠨ ᠬᠢᠮᠡᠯ ᠣᠶᠤᠨ ᠢ ''ᠨᠠᠷᠢᠨ ᠬᠢᠮᠡᠯ ᠣᠶᠤᠨ'' (Artificial Narrow Intelligence)᠂ ''ᠶᠡᠷᠦᠩᠬᠡᠢ ᠬᠢᠮᠡᠯ ᠣᠶᠤᠨ'' (Artificial General Intelligence)᠂ ''ᠳᠡᠭᠡᠳᠦ ᠬᠢᠮᠡᠯ ᠣᠶᠤᠨ'' (Artificial Super Intelligence) ᠭᠡᠵᠦ ᠠᠩᠭᠢᠯᠠᠳᠠᠭ ᠪᠠᠶ᠋ᠢᠨ᠎ᠠ᠃

=== ᠨᠠᠷᠢᠨ ᠬᠢᠮᠡᠯ ᠣᠶᠤᠨ === ᠨᠠᠷᠢᠨ ᠬᠢᠮᠡᠯ ᠣᠶᠤᠨ ᠭᠡᠳᠡᠭ ᠦᠨ "ᠨᠠᠷᠢᠨ" ᠭᠡᠳᠡᠭ ᠨᠢ ᠢᠪᠴᠤᠤ ᠭᠡᠰᠡᠨ ᠤᠳᠬ᠎ᠠ ᠪᠠᠷ ᠬᠡᠷᠡᠭᠯᠡᠭᠳᠡᠵᠦ ᠪᠠᠶ᠋ᠢᠨ᠎ᠠ᠃ ᠥᠭᠡᠷ᠎ᠡ ᠪᠡᠷ ᠬᠡᠯᠡᠪᠡᠯ ᠲᠣᠳᠣᠷᠬᠠᠢ ᠴᠢᠭᠯᠡᠯ ᠦᠨ ᠠᠵᠢᠯ ᠡᠭᠦᠷᠭᠡ ᠶᠢ ᠯᠠ ᠭᠦᠢᠴᠡᠳᠭᠡᠨ᠎ᠡ᠃ ᠵᠣᠷᠢᠭᠤᠯᠤᠯᠲᠠ ᠪᠤᠰᠤ ᠶᠢᠨ ᠠᠵᠢᠯ ᠡᠭᠦᠷᠭᠡ ᠭᠦᠢᠴᠡᠳᠭᠡᠬᠦ ᠪᠣᠯᠤᠮᠵᠢ ᠦᠭᠡᠢ᠃ ᠲᠡᠭᠦᠨᠴᠢᠯᠡᠨ ᠰᠤᠯᠠ ᠬᠢᠮᠡᠯ (Weak Artificial Intelligence) ᠣᠶᠤᠨ ᠭᠡᠳᠡᠭ᠃ ᠮᠠᠱᠢᠨ ᠤ ᠬᠠᠷᠠᠭ᠎ᠠ᠂ ᠬᠡᠯᠡ ᠪᠢᠴᠢᠭ ᠪᠣᠯᠪᠠᠰᠤᠷᠠᠭᠤᠯᠬᠤ᠂ ᠶᠠᠷᠢᠶ᠎ᠠ ᠲᠠᠨᠢᠬᠤ᠂ ᠴᠢᠷᠠᠢ ᠲᠠᠨᠢᠬᠤ ᠨᠢ ᠪᠦᠭᠦᠳᠡ ᠨᠠᠷᠢᠨ ᠬᠢᠮᠡᠯ ᠣᠶᠤᠨ᠃ ᠥᠪᠡᠷ ᠢᠢᠡᠨ ᠵᠢᠯᠣᠭᠣᠳᠤᠯᠭᠠᠳᠤ ᠲᠡᠭᠡᠭᠡᠪᠦᠷᠢ ᠶᠢᠨ ᠬᠡᠷᠡᠭᠰᠡᠯ ᠴᠤ ᠡᠨᠡ ᠠᠩᠭᠢᠯᠠᠯ ᠳᠤ ᠪᠠᠭᠳᠠᠨ᠎ᠠ᠃ ᠢᠯᠡᠭᠦᠦ ᠲᠣᠳᠣᠷᠬᠠᠢ ᠬᠡᠯᠡᠪᠡᠯ ᠥᠪᠡᠷ ᠢᠢᠡᠨ ᠵᠢᠯᠣᠭᠣᠳᠤᠯᠭᠠᠳᠤ ᠲᠡᠭᠡᠭᠡᠪᠦᠷᠢ ᠶᠢᠨ ᠬᠡᠷᠡᠭᠰᠡᠯ ᠨᠢ ᠬᠡᠳᠦ ᠬᠡᠳᠦᠨ ᠨᠠᠷᠢᠨ ᠬᠢᠮᠡᠯ ᠣᠶᠤᠨ ᠤ ᠵᠣᠬᠢᠴᠠᠯᠳᠤᠨ ᠬᠠᠮᠲᠤᠷᠠᠭᠰᠠᠨ ᠠᠵᠢᠯᠯᠠᠭᠠᠨ ᠳᠤ ᠰᠠᠭᠤᠷᠢᠯᠠᠳᠠᠭ᠃<ref name=":1">Ben Dickson. What is Narrow, General and Super Artificial Intelligence. TechTalks. 2017/05/12. https᠄//bdtechtalks.com/2017/05/12/what-is-narrow-general-and-super-artificial-intelligence</ref> ᠣᠳᠣ ᠪᠠᠷ ᠬᠦᠮᠦᠨ ᠲᠥᠷᠦᠯᠬᠢᠲᠡᠨ ᠡᠨᠡ ᠲᠥᠷᠦᠯ ᠦᠨ ᠬᠢᠮᠡᠯ ᠣᠶᠤᠨ ᠪᠦᠲᠦᠭᠡᠵᠦ ᠠᠰᠢᠭᠯᠠᠵᠤ ᠪᠠᠶ᠋ᠢᠭ᠎ᠠ᠃

=== ᠶᠡᠷᠦᠩᠬᠡᠢ ᠬᠢᠮᠡᠯ ᠣᠶᠤᠨ === ᠶᠡᠷᠦᠩᠬᠡᠢ ᠬᠢᠮᠡᠯ ᠣᠶᠤᠨ ᠪᠠ ᠳᠡᠭᠡᠳᠦ ᠬᠢᠮᠡᠯ ᠣᠶᠤᠨ ᠢ ᠮᠥᠨ ᠬᠦᠴᠦᠲᠡᠢ ᠬᠢᠮᠡᠯ ᠣᠶᠤᠨ (Strong Artificial Intelligence)᠂ ᠭᠦᠨ ᠬᠢᠮᠡᠯ ᠣᠶᠤᠨ (Deep Artificial Intelligence) ᠭᠡᠵᠦ ᠨᠡᠷᠡᠶ᠋ᠢᠳᠳᠡᠭ᠃ ᠶᠡᠷᠦᠩᠬᠡᠢ ᠬᠢᠮᠡᠯ ᠣᠶᠤᠨ ᠨᠢ ᠬᠦᠮᠦᠨ ᠦ ᠣᠶᠤᠨ ᠤ ᠴᠢᠳᠠᠪᠤᠷᠢ ᠲᠠᠢ ᠳᠦᠢᠴᠡᠬᠦᠶ᠋ᠢᠴᠡ ᠪᠠᠶ᠋ᠢᠨ᠎ᠠ᠃ ᠡᠨᠡ ᠲᠦᠪᠰᠢᠨ ᠦ ᠬᠢᠮᠡᠯ ᠣᠶᠤᠨ ᠬᠦᠮᠦᠨ ᠦ ᠣᠶᠤᠨ ᠤᠬᠠᠭᠠᠨ᠂ ᠵᠠᠩ ᠪᠠᠶ᠋ᠢᠳᠠᠯ᠂ ᠰᠤᠷᠤᠯᠴᠠᠬᠤᠢ᠂ ᠰᠡᠳᠬᠢᠨ ᠪᠣᠳᠣᠵᠤ ᠠᠰᠠᠭᠤᠳᠠᠯ ᠰᠢᠢᠳᠪᠦᠷᠢᠯᠡᠬᠦ ᠴᠢᠳᠠᠪᠤᠷᠢ ᠶᠢ ᠲᠥᠰᠥᠭᠡᠯᠡᠨ ᠠᠭᠤᠯᠠᠭᠰᠠᠨ ᠪᠠᠶ᠋ᠢᠨ᠎ᠠ᠃ ᠲᠤᠬᠠᠢ ᠶᠢᠨ ᠣᠷᠴᠢᠨ ᠨᠥᠬᠥᠴᠡᠯ ᠳᠤ ᠬᠦᠮᠦᠨ ᠡᠴᠡ ᠢᠯᠭᠠᠰᠢ ᠦᠭᠡᠢ ᠪᠠᠶ᠋ᠢᠳᠠᠯ ᠢᠢᠠᠷ ᠰᠡᠳᠬᠢᠵᠦ᠂ ᠣᠶ᠋ᠢᠯᠠᠭᠠᠵᠤ᠂ ᠦᠢᠯᠡᠳᠦᠨ᠎ᠡ᠃<ref name=":2">Eban Escott. What are the 3 types of AI? A guide to narrow, general, and super artificial intelligence. 2017/10/24. CodeBots. https://codebots.com/artificial-intelligence/the-3-types-of-ai-is-the-third-even-possible</ref> ᠰᠢᠨᠵᠢᠯᠡᠬᠦ ᠤᠬᠠᠭᠠᠨ ᠣᠳᠣ ᠪᠠᠷ ᠡᠶ᠋ᠢᠮᠦ ᠲᠦᠪᠰᠢᠨ ᠦ ᠬᠢᠮᠡᠯ ᠣᠶᠤᠨ ᠪᠦᠲᠦᠭᠡᠭᠡᠳᠦᠢ ᠪᠠᠶ᠋ᠢᠨ᠎ᠠ᠃

=== ᠳᠡᠭᠡᠳᠦ ᠬᠢᠮᠡᠯ ᠣᠶᠤᠨ === ᠳᠡᠭᠡᠳᠦ ᠬᠢᠮᠡᠯ ᠣᠶᠤᠨ ᠨᠢ ᠬᠦᠮᠦᠨ ᠦ ᠬᠢ ᠡᠴᠡ ᠢᠯᠡᠭᠦᠦ ᠴᠢᠳᠠᠪᠬᠢ᠂ ᠴᠢᠳᠠᠮᠵᠢ ᠲᠠᠢ ᠪᠠᠶ᠋ᠢᠨ᠎ᠠ᠃<ref name=":2" /> ᠣᠻᠰᠹᠣᠷᠳ᠋ ᠍ ᠤᠨ ᠶᠡᠬᠡ ᠰᠤᠷᠭᠠᠭᠤᠯᠢ ᠶᠢᠨ ᠡᠷᠳᠡᠮᠲᠡᠨ᠂ ᠬᠢᠮᠡᠯ ᠣᠶᠤᠨ ᠤ ᠮᠡᠷᠭᠡᠵᠢᠯᠲᠡᠨ ᠨᠢᠻᠻ ᠪᠣᠰᠲ᠋ᠷᠣᠮNick Bostrom ᠍ ᠤᠨ ᠬᠡᠯᠡᠭᠰᠡᠨ ᠢᠢᠡᠷ ᠬᠢᠮᠡᠯ ᠣᠶᠤᠨ ᠰᠢᠨᠵᠢᠯᠡᠬᠦ ᠤᠬᠠᠭᠠᠨ ᠰᠡᠳᠬᠢᠯᠭᠡ᠂ ᠶᠡᠷᠦᠩᠬᠡᠢ ᠪᠢᠯᠢᠭ ᠪᠢᠯᠢᠭᠦᠨ᠂ ᠨᠡᠶ᠋ᠢᠭᠡᠮᠰᠢᠬᠦᠢ ᠶᠢᠨ ᠴᠢᠳᠠᠪᠤᠷᠢ ᠵᠡᠷᠭᠡ ᠪᠦᠬᠦ ᠰᠠᠯᠪᠤᠷᠢ ᠳᠤ ᠬᠦᠮᠦᠨ ᠦ ᠬᠠᠮᠤᠭ ᠤᠨ ᠰᠢᠯᠢᠳᠡᠭ ᠣᠶᠤᠨ ᠤᠬᠠᠭᠠᠨ ᠠᠴᠠ ᠴᠤ ᠢᠯᠡᠭᠦᠦ ᠳᠠᠪᠠᠭᠤ ᠪᠣᠯᠤᠭᠰᠠᠨ ᠦᠶ᠎ᠡ ᠳᠦ ᠬᠦᠮᠦᠨ ᠲᠥᠷᠥᠯᠬᠢᠲᠡᠨ ᠬᠢᠮᠡᠯ ᠳᠡᠭᠡᠳᠦ ᠣᠶᠤᠨ ᠢ ᠪᠦᠲᠦᠭᠡᠭᠰᠡᠨ ᠭᠡᠵᠦ ᠦᠵᠡᠬᠦ ᠠᠵᠤ᠃ ᠵᠠᠷᠢᠮ ᠲᠣᠭᠠᠴᠠᠭ᠎ᠠ ᠪᠠᠷ ᠶᠡᠷᠦᠩᠬᠡᠢ ᠬᠢᠮᠡᠯ ᠣᠶᠤᠨ ᠡᠴᠡ ᠳᠡᠭᠡᠳᠦ ᠬᠢᠮᠡᠯ ᠣᠶᠤᠨ ᠳᠤ ᠬᠦᠷᠬᠦ ᠬᠤᠭᠤᠴᠠᠭ᠎ᠠ ᠮᠠᠰᠢ ᠠᠬᠠᠷ ᠪᠠᠶ᠋ᠢᠬᠤ ᠭᠡᠨ᠎ᠡ᠃ ᠬᠡᠳᠦᠬᠡᠨ ᠰᠠᠷ᠎ᠠ᠂ ᠳᠣᠯᠣᠭ᠎ᠠ ᠬᠣᠨᠣᠭ᠂ ᠡᠰᠡᠪᠡᠯ ᠨᠢᠳᠦ ᠢᠷᠮᠡᠬᠦ ᠶᠢᠨ ᠵᠠᠭᠤᠷ᠎ᠠ ᠲᠣᠬᠢᠶᠠᠯᠳᠣᠬᠤ ᠪᠥᠭᠡᠳ ᠴᠢᠨᠠᠭᠰᠢᠳᠠ ᠭᠡᠷᠡᠯ ᠦᠨ ᠬᠤᠷᠳᠤ ᠪᠠᠷ ᠬᠤᠪᠢᠰᠤᠨᠡ᠃ ᠴᠢᠨᠠᠭᠰᠢ ᠶᠠᠭᠤ ᠪᠣᠯᠬᠤ ᠶᠢ ᠬᠡᠨ ᠴᠤ ᠬᠡᠯᠡᠵᠦ ᠮᠡᠳᠡᠰᠢ ᠦᠭᠡᠢ᠃ ᠰᠲ᠋ᠧᠹᠧᠨ ᠾᠣᠻᠢᠩStephen Hawking ᠵᠡᠷᠭᠡ ᠵᠠᠷᠢᠮ ᠡᠷᠳᠡᠮᠲᠡᠳ ᠬᠢᠮᠡᠯ ᠣᠶᠤᠨ ᠤᠬᠠᠭᠠᠨ ᠢ ᠪᠥᠷᠢᠨ ᠬᠥᠭᠵᠢᠭᠦᠯᠦᠭᠰᠡᠨ ᠢᠢᠡᠷ ᠬᠦᠮᠦᠨ ᠲᠥᠷᠦᠯᠬᠢᠲᠡᠨ ᠦ ᠲᠡᠭᠦᠰᠬᠡᠯ ᠢᠷᠡᠵᠦ ᠪᠣᠯᠵᠣᠰᠢ ᠦᠭᠡᠢ ᠭᠡᠵᠦ ᠦᠵᠡᠭᠰᠡᠨ ᠪᠠᠶ᠋ᠢᠨ᠎ᠠ᠃ Google ᠍ ᠤᠨ ᠳ᠋ᠧᠮᠢᠰ ᠾᠠᠰᠰᠠᠪᠢᠰDemis Hassabis ᠲᠡᠷᠢᠭᠦᠲᠡᠨ ᠪᠤᠰᠤᠳ ᠬᠦᠮᠦᠰ ᠬᠢᠮᠡᠯ ᠣᠶᠤᠨ ᠬᠡᠳᠦᠢ ᠤᠬᠠᠭᠠᠯᠢᠭ ᠪᠣᠯᠬᠤ ᠲᠤᠰᠤᠮ ᠬᠦᠮᠦᠰ ᠪᠠᠶ᠋ᠢᠭᠠᠯᠢ ᠣᠷᠴᠢᠨ ᠢᠢᠠᠨ ᠠᠪᠤᠷᠠᠬᠤ᠂ ᠡᠪᠡᠳᠴᠢᠨ ᠡᠮᠭᠡᠭ ᠢ ᠠᠨᠠᠭᠠᠬᠤ᠂ ᠣᠭᠲᠠᠷᠭᠤᠢ ᠶᠢᠷᠲᠢᠨᠴᠦ ᠶᠢ ᠰᠤᠳᠤᠯᠬᠤ᠂ ᠥᠪᠡᠷ ᠢ ᠪᠡᠨ ᠲᠠᠨᠢᠨ ᠮᠡᠳᠡᠬᠦ ᠳᠦ ᠴᠠᠭᠯᠠᠰᠢ ᠦᠭᠡᠢ ᠲᠤᠰᠠᠲᠠᠢ ᠪᠠᠶ᠋ᠢᠬᠤ ᠪᠣᠯᠤᠨ᠎ᠠ ᠭᠡᠵᠦ ᠢᠲᠡᠭᠡᠳᠡᠭ ᠪᠠᠶ᠋ᠢᠨ᠎ᠠ᠃<ref name=":1" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width