Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠰᠲ᠋ᠠᠷᠯᠢᠨ᠍ᠻ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠰᠥᠷᠭᠦ ᠨᠥᠯᠦᠭᠡ= <br> {| class="wikitable" |+ |[[File:Astro.jpg|align: top|thumb|center]] |style = "height: 100px;"|ᠣᠳᠤᠨ ᠣᠷᠤᠨ ᠤ ᠠᠵᠢᠭᠯᠠᠯᠲᠠ ᠢᠢᠨ 4 ᠮᠧᠲ᠋ᠧᠷ ᠦᠨ ᠳᠤᠷᠠᠨ ᠠᠪᠠᠢ ᠢᠢᠨᠷ ᠠᠪᠤᠭᠰᠠᠨ ᠵᠢᠷᠤᠭ ᠲᠤ ᠰᠲ᠋ᠠᠷᠯᠢᠨ᠍ᠻ ᠦᠨ ᠬᠢᠮᠡᠯ ᠳᠠᠭᠠᠭᠤᠯᠢ ᠨᠤᠭᠤᠳ ᠤᠨ ᠭᠡᠷᠡᠯ ᠦᠨ ᠮᠥᠷ ᠠᠪᠤᠭᠳᠠᠭᠰᠠᠨ ᠪᠠᠢᠢᠳᠠᠯ |} <br> ᠡᠮᠦᠨᠡᠲᠦ ᠠᠹᠷᠢᠻᠠ ᠳᠤ Square Kilometer Area (SKA) ᠢᠢ ᠪᠦᠷᠢᠳᠦᠭᠦᠯᠬᠦ 197 ᠷᠠᠳᠢᠣ᠋<sup>radio</sup> ᠣᠳᠤᠨ ᠣᠷᠣᠨ ᠰᠤᠳᠤᠯᠤᠯ ᠤᠨ ᠲᠠᠪᠠᠭ ᠨᠢ ᠣᠭᠲᠠᠷᠭᠤᠢ ᠶᠢ ᠰᠠᠭᠠᠳ ᠦᠭᠡᠢ ᠠᠵᠢᠭᠯᠠᠬᠤ ᠪᠣᠯᠤᠮᠵᠢ ᠶᠢ ᠦᠯᠦ ᠠᠯᠳᠠᠭᠳᠠᠭᠤᠯᠬᠤ ᠶᠢᠨ ᠲᠤᠯᠠᠳᠠ ᠭᠠᠷ ᠤᠲᠠᠰᠤ ᠴᠤ ᠠᠰᠢᠭᠯᠠᠬᠤ ᠶᠢ ᠬᠣᠷᠢᠭᠯᠠᠳᠠᠭ ᠷᠠᠳᠢᠣ᠋ ᠴᠢᠮᠡᠭᠡ ᠦᠭᠡᠢ ᠪᠦᠰᠡ ᠳᠦ ᠠᠵᠢᠯᠯᠠᠨ᠎ᠠ᠃ ᠭᠡᠰᠡᠨ ᠬᠡᠳᠦᠢ ᠴᠤ 2020 ᠣᠨ ᠤ ᠰᠡᠭᠦᠯ ᠢᠢᠡᠷ ᠠᠰᠢᠭᠯᠠᠯᠲᠠ ᠳᠤ ᠤᠷᠤᠬᠤ ᠡᠨᠡᠬᠦ ᠷᠠᠳᠢᠣ᠋ ᠳᠤᠷᠠᠨ ᠠᠪᠠᠢ ᠶᠢᠨ ᠠᠵᠢᠯᠯᠠᠭᠠᠨ ᠳᠤ ᠲᠩᠷᠢ ᠡᠴᠡ ᠰᠢᠭᠤᠳ ᠷᠠᠳᠢᠣ᠋ ᠳᠣᠬᠢᠶ᠎ᠠ ᠰᠠᠴᠤᠬᠤ ᠣᠯᠠᠨ ᠮᠢᠩᠭᠠᠨ ᠢᠨ᠍ᠲ᠋ᠧᠷᠨᠧᠲ ᠬᠣᠯᠪᠣᠭᠠᠨ ᠤ ᠬᠢᠮᠡᠯ ᠳᠠᠭᠠᠭᠤᠯᠢ ᠰᠠᠭᠠᠳ ᠲᠣᠳᠬᠠᠷ ᠤᠴᠠᠷᠠᠭᠤᠯᠵᠤ ᠪᠣᠯᠵᠣᠰᠢ ᠦᠭᠡᠢ ᠭᠡᠰᠡᠨ ᠠᠰᠠᠭᠤᠳᠠᠯ ᠲᠠᠯᠪᠢᠭᠳᠠᠵᠤ ᠪᠠᠶ᠋ᠢᠨ᠎ᠠ᠃<ref>Daniel Clery. Starlink already threatens optical astronomy. Now, radio astronomers are worried. Science. 2020/10/09. https://www.science.org/content/article/starlink-already-threatens-optical-astronomy-now-radio-astronomers-are-worried#:~:text=This%20week%2C%20SKA%20released%20an,a%20key%20marker%20in%20cosmology.</ref> ᠲᠡᠭᠦᠨᠴᠢᠯᠡᠨ ᠰᠥᠨᠢ ᠢᠢᠨ ᠲᠩᠷᠢ ᠳ᠋ᠦ ᠭᠡᠷᠡᠯᠲᠡᠬᠦ ᠬᠢᠮᠡᠯ ᠳᠠᠭᠠᠭᠤᠯᠢ ᠨᠤᠭᠤᠳ ᠦᠵᠡᠭᠳᠡᠬᠦ ᠣᠳᠤ ᠡᠷᠬᠢᠰ ᠦᠨ ᠲᠣᠭᠠᠨ ᠡᠴᠡ ᠴᠦ ᠣᠯᠠᠨ ᠪᠣᠯᠵᠤ ᠣᠫᠲ᠋ᠢᠻ<sup>optic</sup> ᠳᠤᠷᠠᠨ ᠠᠪᠠᠢ ᠢᠢᠨ ᠠᠵᠢᠭᠯᠠᠯᠲᠠ᠂ ᠰᠤᠳᠤᠯᠭ᠎ᠠ ᠰᠢᠨᠵᠢᠯᠡᠭᠡᠨ ᠳᠦ ᠲᠣᠳᠬᠠᠷ ᠤᠴᠢᠷᠠᠭᠤᠯᠤᠨᠠ ᠭᠡᠵᠦ ᠦᠵᠡᠵᠦ ᠪᠠᠢᠢᠨ᠎ᠠ᠃ 2020 ᠣᠨ ᠤ 4 ᠍ ᠳᠤᠭᠡᠷ ᠰᠠᠷ᠎ᠠ ᠶᠢᠨ 27 ᠍ ᠳᠤ ᠧᠯᠣᠨ ᠮᠦᠰᠻ ᠰᠲ᠋ᠠᠷᠯᠢᠨ᠍ᠻ ᠦᠨ ᠬᠢᠮᠡᠯ ᠳᠠᠭᠠᠭᠤᠯᠢ ᠨᠤᠭᠤᠳ ᠲᠤ ᠰᠢᠨ᠎ᠡ ᠨᠠᠷᠠᠨ ᠤ ᠬᠠᠯᠬᠠᠪᠴᠢ ᠠᠰᠢᠭᠯᠠᠨ ᠲᠡᠳᠡᠭᠡᠷ ᠤᠨ ᠭᠡᠷᠡᠯᠲᠡᠯᠲᠡ ᠪᠠᠭᠤᠷᠠᠭᠤᠯᠬᠤ ᠠᠷᠭ᠎ᠠ ᠬᠡᠮᠵᠢᠶ ᠡ᠋ ᠠᠪᠤᠨ᠎ᠠ ᠭᠡᠵᠦ ᠮᠡᠳᠡᠭᠳᠡᠪᠡ᠃<ref>Stephen Clerk. SpaceX to debut satellite-dimming sunshade on Starlink launch next month. Spaceflight Now. 2020/04/28. https://spaceflightnow.com/2020/04/28/spacex-to-debut-satellite-dimming-sunshade-on-starlink-launch-next-month/</ref> 2020 ᠣᠨ ᠤ 10 ᠍ ᠳᠦᠭᠡᠷ ᠰᠠᠷ᠎ᠠ ᠶᠢᠨ 15 ᠍ ᠤ ᠪᠠᠶ᠋ᠢᠳᠠᠯ ᠢᠶ᠋ᠠᠷ Starlink ᠍ ᠦᠨ 200 ᠭᠠᠷᠤᠢ ᠬᠢᠮᠡᠯ ᠳᠠᠭᠠᠭᠤᠯᠢ ᠨᠠᠷᠠᠨ ᠤ ᠬᠠᠯᠬᠠᠪᠴᠢ ᠲᠠᠢ ᠪᠣᠯᠵᠠᠢ᠃ 2021 ᠣᠨ ᠤ 1 ᠍ ᠳᠤᠭᠠᠷ ᠰᠠᠷ᠎ᠠ ᠳᠤ ᠬᠢᠭᠰᠡᠨ ᠰᠤᠳᠤᠯᠭ᠎ᠠ ᠪᠠᠷ ᠨᠠᠷᠠᠨ ᠤ ᠬᠠᠯᠬᠠᠪᠴᠢ ᠨᠢ ᠭᠡᠷᠡᠯᠲᠦᠯᠲᠡ ᠶᠢ 31% ᠪᠠᠭᠤᠷᠠᠭᠤᠯᠵᠤ ᠪᠠᠶ᠋ᠢᠨ᠎ᠠ ᠭᠡᠵᠦ ᠲᠣᠭᠲᠠᠭᠠᠵᠠᠢ᠃ ᠣᠯᠠᠨ ᠤᠯᠤᠰ ᠤᠨ ᠣᠳᠣᠨ ᠣᠷᠣᠨ ᠤ ᠬᠣᠯᠪᠣᠭ᠎ᠠ (IAU) 2022 ᠣᠨ ᠤ 2 ᠍ ᠳᠦᠭᠠᠷ ᠰᠠᠷ᠎ᠠ ᠳᠤ ᠣᠳᠣᠨ ᠣᠷᠣᠨᠴᠢᠳ ᠲᠤ Starlink ᠵᠡᠷᠭᠡ ᠬᠢᠮᠡᠯ ᠳᠠᠭᠠᠭᠤᠯᠢ ᠶᠢᠨ ᠰᠥᠷᠭᠦ ᠨᠥᠯᠥᠭᠡ ᠶᠢ ᠳᠠᠪᠠᠨ ᠲᠤᠭᠤᠯᠬᠤ ᠳᠤ ᠲᠤᠰᠠᠯᠠᠬᠤ ᠲᠥᠪ ᠢ ᠪᠠᠶ᠋ᠢᠭᠤᠯᠵᠠᠢ᠃ ᠲᠤᠰ ᠲᠥᠪ ᠨᠢ ᠣᠳᠣᠨ ᠣᠷᠣᠨᠴᠢᠳ ᠲᠤ ᠵᠣᠷᠢᠭᠤᠯᠤᠭᠰᠠᠨ ᠫᠷᠣᠭ᠌ᠷᠠᠮ ᠬᠠᠩᠭᠠᠮᠵᠢ ᠬᠥᠭᠵᠢᠭᠦᠯᠬᠦ᠂ ᠦᠨᠳᠦᠰᠦᠨ ᠦ ᠪᠣᠯᠤᠨ ᠣᠯᠠᠨ ᠤᠯᠤᠰ ᠤᠨ ᠪᠣᠳᠣᠯᠭ᠎ᠠ᠂ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ᠂ ᠣᠯᠠᠨ ᠨᠡᠶ᠋ᠢᠲᠡ ᠳᠦ ᠬᠦᠷᠴᠦ ᠠᠵᠢᠯᠯᠠᠬᠤ᠂ ᠬᠣᠯᠪᠣᠭᠳᠠᠬᠤ ᠲᠧᠻᠨᠣᠯᠣᠭᠢ ᠨᠤᠭᠤᠳ ᠪᠣᠯᠪᠠᠰᠤᠷᠠᠭᠤᠯᠬᠤ ᠴᠢᠭᠯᠡᠯ ᠢᠶ᠋ᠡᠷ ᠦᠢᠯᠡᠳᠪᠦᠷᠢᠯᠡᠭᠴᠢᠳ ᠲᠡᠢ ᠬᠠᠮᠲᠤᠷᠠᠨ ᠠᠵᠢᠯᠯᠠᠬᠤ ᠵᠣᠷᠢᠯᠭ᠎ᠠ ᠲᠠᠢ᠃<ref>Jeff Foust. New center to coordinate work to mitigate effect of satellite constellations on astronomy. Spacenews 2022/02/05. https://spacenews.com/new-center-to-coordinate-work-to-mitigate-effect-of-satellite-constellations-on-astronomy/</ref> IAU 2022 ᠣᠨ ᠤ 6 ᠍ ᠳᠦᠭᠠᠷ ᠰᠠᠷ᠎ᠠ ᠳᠤ ᠣᠳᠣᠨ ᠣᠷᠣᠨᠴᠢᠳ ᠲᠤ ᠵᠣᠷᠢᠭᠤᠯᠵᠤ ᠬᠢᠮᠡᠯ ᠳᠠᠭᠠᠭᠤᠯᠢ ᠶᠢᠨ ᠲᠤᠰᠠᠯᠠᠮᠵᠢ ᠲᠠᠢ ᠪᠠᠷ ᠵᠠᠷᠢᠮ ᠰᠥᠷᠭᠦ ᠨᠥᠯᠥᠭᠡᠯᠡᠯ ᠡᠴᠡ ᠵᠠᠶ᠋ᠢᠯᠠᠰᠬᠢᠬᠤ ᠵᠣᠷᠢᠭᠤᠯᠤᠯᠲᠠ ᠲᠠᠢ ᠸᠧᠪᠰᠠᠢᠢᠲ᠋<sup>website</sup> ᠭᠠᠷᠭᠠᠭᠰᠠᠨ᠃ ᠡᠨᠡ ᠨᠢ ᠣᠳᠣᠨ ᠣᠷᠣᠨᠴᠢᠳ ᠲᠤ ᠬᠢᠮᠡᠯ ᠳᠠᠭᠠᠭᠤᠯᠢ ᠶᠢ ᠬᠢᠨᠠᠬᠤ᠂ ᠰᠥᠷᠭᠦ ᠨᠥᠯᠥᠭᠡ ᠬᠠᠮᠤᠭ ᠤᠨ ᠪᠠᠭ᠎ᠠ ᠪᠠᠶ᠋ᠢᠬᠤ ᠴᠠᠭ ᠢ ᠰᠣᠩᠭᠣᠬᠤ ᠳᠤ ᠲᠤᠰᠠᠯᠠᠨ᠎ᠠ᠃<ref>Alexandra Witze. ‘Unsustainable’: how satellite swarms pose a rising threat to astronomy. Nature 2022/05/26. https://www.nature.com/articles/d41586-022-01420-9</ref> NASA ᠪᠣᠯᠤᠨ ᠬᠢᠲᠠᠳ ᠤᠯᠤᠰ ᠰᠡᠭᠦᠯ ᠦᠨ ᠦᠶ᠎ᠡ ᠳᠦ ᠰᠲ᠋ᠠᠷᠯᠢᠨ᠍ᠻ ᠦᠨ ᠬᠢᠮᠡᠯ ᠳᠠᠭᠠᠭᠤᠯᠢ ᠶᠢᠨ ᠴᠢᠭᠤᠯᠭᠠᠨ ᠣᠭᠲᠠᠷᠭᠤᠢ ᠶᠢᠨ ᠬᠥᠯᠥᠭ᠂ ᠬᠢᠮᠡᠯ ᠳᠠᠭᠠᠭᠤᠯᠢ ᠨᠤᠭᠤᠳ ᠲᠠᠢ ᠮᠥᠷᠭᠦᠯᠳᠦᠬᠦ ᠡᠷᠦᠰᠳᠡᠯ ᠶᠡᠬᠡᠰᠴᠦ ᠪᠠᠢᠢᠭ᠎ᠠ ᠲᠠᠯ᠎ᠠ ᠪᠠᠷ ᠠᠰᠠᠭᠤᠳᠠᠯ ᠳᠡᠪᠰᠢᠭᠦᠯᠬᠦ ᠪᠣᠯᠵᠠᠢ᠃ SpaceX ᠻᠣᠮᠫᠠᠨᠢ ᠮᠡᠳᠡᠭᠡᠯᠡᠬᠦ ᠳᠦ ᠪᠡᠨ ᠰᠲ᠋ᠠᠷᠯᠢᠨ᠍ᠻ ᠦᠨ ᠬᠢᠮᠡᠯ ᠳᠠᠭᠠᠭᠤᠯᠢ ᠨᠤᠭᠤᠳ ᠰᠠᠨᠰᠠᠷ ᠤᠨ ᠰᠲ᠋ᠠᠨ᠍ᠼᠢ ᠲᠠᠢ ᠮᠥᠷᠭᠥᠯᠳᠦᠬᠦ ᠦᠭᠡᠢ ᠪᠠᠶ᠋ᠢᠬᠤ ᠨᠢᠭᠡ ᠨᠥᠬᠥᠴᠡᠯ ᠨᠢ ᠰᠢᠰᠲ᠋ᠧᠮ ᠦᠨ ᠠᠩᠬᠠᠳᠠᠭᠴᠢ ᠰᠢᠯᠭᠠᠯᠲᠠ ᠬᠢᠬᠦ ᠶᠢᠨ ᠲᠤᠯᠠᠳᠠ ᠮᠠᠰᠢ ᠨᠠᠮ᠂ 210 ᠻᠢᠯᠣᠮᠧᠲ᠋ᠧᠷ ᠤᠨ ᠥᠨᠳᠥᠷ ᠳ᠋ᠡᠬᠢ ᠲᠣᠭᠣᠷᠢᠭ ᠵᠠᠮ ᠳᠤ ᠬᠥᠭᠡᠷᠭᠡᠳᠡᠭ ᠶᠠᠪᠤᠳᠠᠯ ᠬᠡᠮᠡᠭᠰᠡᠨ᠃ ᠬᠠᠷᠢᠨ ᠣᠯᠠᠨ ᠤᠯᠤᠰ ᠤᠨ ᠰᠠᠨᠰᠠᠷ ᠤᠨ ᠰᠲ᠋ᠠᠨ᠍ᠼ ᠪᠣᠯᠤᠨ ᠬᠢᠲᠠᠳ ᠤᠨ ᠲᠢᠶᠠᠨᠭᠣᠩ ᠰᠲ᠋ᠠᠨ᠍ᠼ 400 ᠻᠢᠯᠣᠮᠧᠲ᠋ᠧᠷ ᠡᠴᠡ ᠳᠡᠭᠡᠭᠰᠢ ᠲᠣᠭᠣᠷᠢᠭ ᠵᠠᠮ ᠳᠤ ᠠᠵᠢᠯᠯᠠᠳᠠᠭ ᠪᠠᠶ᠋ᠢᠨ᠎ᠠ᠃ ᠮᠥᠨ SpaceX ᠮᠡᠳᠡᠭᠡᠯᠡᠭᠰᠡᠨ ᠢᠶ᠋ᠡᠷ ᠬᠡᠷᠪᠡ Starlink ᠬᠢᠮᠡᠯ ᠳᠠᠭᠠᠭᠤᠯᠢ ᠥᠭᠡᠷ᠎ᠡ ᠬᠥᠯᠭᠡ ᠲᠡᠢ ᠮᠥᠷᠭᠦᠯᠳᠦᠬᠦ ᠮᠠᠭᠠᠳᠯᠠᠯ 100000 ᠍ ᠳᠦ 1 ᠪᠠᠶ᠋ᠢᠨ᠎ᠠ ᠭᠡᠵᠦ ᠣᠯᠠᠨ ᠨᠡᠶ᠋ᠢᠲᠡ ᠳᠦ ᠮᠡᠳᠡᠭᠡᠯᠡᠭᠰᠡᠨ ᠲᠣᠬᠢᠶᠠᠯᠳᠤᠯ ᠳᠤ ᠠᠦ᠋ᠲ᠋ᠣᠮᠠᠲ ᠢᠢᠠᠷ ᠮᠥᠷᠭᠥᠯᠳᠦᠭᠡᠨ ᠡᠴᠡ ᠵᠠᠶ᠋ᠢᠯᠠᠵᠤ ᠵᠥᠷᠢᠵᠦ ᠥᠩᠭᠡᠷᠡᠬᠦ ᠦᠢᠯᠡᠳᠦᠯ ᠭᠦᠢᠴᠡᠳᠭᠡᠳᠡᠭ ᠪᠠᠶ᠋ᠢᠨ᠎ᠠ᠃ ᠥᠭᠡᠷ᠎ᠡ ᠪᠠᠶ᠋ᠢᠭᠤᠯᠤᠯᠭ᠎ᠠ ᠶᠢᠨ ᠠᠵᠢᠯᠯᠠᠭᠤᠯᠳᠠᠭ ᠬᠢᠮᠡᠯ ᠳᠠᠭᠠᠭᠤᠯᠢ ᠲᠠᠢ ᠣᠶ᠋ᠢᠷᠠᠳᠬᠤ ᠲᠣᠬᠢᠶᠠᠯᠳᠤᠯ ᠳᠤ ᠰᠲ᠋ᠠᠷᠯᠢᠨ᠍ᠻ ᠦᠨ ᠬᠢᠮᠡᠯ ᠳᠠᠭᠠᠭᠤᠯᠢ ᠨᠢ ᠮᠥᠷᠭᠥᠯᠳᠦᠭᠡᠨ ᠡᠴᠡ ᠵᠠᠶ᠋ᠢᠯᠠᠬᠤ ᠠᠷᠭ᠎ᠠ ᠬᠡᠮᠵᠢᠶ᠎ᠡ ᠠᠪᠬᠤ ᠡᠭᠦᠷᠭᠡ ᠶᠢ ᠨᠥᠭᠥᠭᠡ ᠬᠥᠯᠭᠡ ᠳᠦ ᠬᠡᠵᠢᠶ᠎ᠡ ᠦᠯᠡᠳᠡᠭᠡᠳᠡᠭ ᠦᠭᠡᠢ᠂ ᠢᠮᠠᠭᠲᠠ ᠥᠪᠡᠷ ᠢᠢᠡᠨ ᠰᠠᠨᠠᠭᠠᠴᠢᠯᠠᠨ ᠭᠦᠢᠴᠡᠳᠭᠡᠳᠡᠭ᠃ ᠮᠥᠷᠭᠥᠯᠳᠦᠭᠡᠨ ᠡᠴᠡ ᠵᠠᠶᠢᠯᠠᠵᠤ ᠵᠥᠷᠢᠬᠦ ᠴᠢᠳᠠᠪᠤᠷᠢ ᠲᠠᠢ ᠥᠭᠡᠷ᠎ᠡ ᠬᠢᠮᠡᠯ ᠳᠠᠭᠠᠭᠤᠯᠢ ᠲᠠᠢ ᠣᠢᠢᠷᠠᠳᠬᠤ ᠮᠠᠭᠠᠳᠯᠠᠯ ᠲᠠᠢ ᠦᠶ᠎ᠡ ᠳᠦ SpaceX ᠠᠯᠢᠪᠠ ᠬᠥᠳᠡᠯᠭᠡᠭᠡᠨ ᠢ ᠲᠤᠬᠠᠢ ᠶᠢᠨ ᠬᠢᠮᠡᠯ ᠳᠠᠭᠠᠭᠤᠯᠢ ᠶᠢ ᠠᠵᠢᠯᠯᠠᠭᠤᠯᠵᠤ ᠪᠤᠢ ᠪᠠᠶ᠋ᠢᠭᠤᠯᠤᠯᠭ᠎ᠠ ᠲᠠᠢ ᠵᠣᠬᠢᠴᠠᠳᠠᠭ ᠭᠡᠵᠡᠢ᠃ SpaceX ᠪᠠᠰᠠ ᠮᠡᠳᠡᠭᠳᠡᠬᠦ ᠳᠦ ᠪᠡᠨ ᠰᠲ᠋ᠠᠷᠯᠢᠨ᠍ᠻ ᠦᠨ ᠬᠢᠮᠡᠯ ᠳᠠᠭᠠᠭᠤᠯᠢ ᠥᠭᠡᠷ᠎ᠡ ᠨᠢᠰᠬᠦ ᠲᠥᠬᠥᠭᠡᠷᠦᠮᠵᠢ ᠶᠢᠨ ᠳᠡᠷᠭᠡᠳᠡᠭᠦᠷ ᠥᠩᠭᠡᠷᠡᠬᠦ ᠳᠦ ᠪᠡᠨ ᠲᠤᠯᠤᠮ ᠵᠢᠭᠠᠰᠤᠨ ᠤ ᠰᠡᠷᠪᠡᠭᠡ ᠯᠦᠭᠡ ᠠᠳᠠᠯᠢ ᠪᠣᠰᠤᠭ᠎ᠠ ᠨᠠᠷᠠᠨ ᠤ ᠬᠠᠪᠲᠠᠩ ᠢ ᠪᠠᠨ ᠪᠠᠭᠤᠯᠭᠠᠵᠤ᠂ ᠥᠪᠡᠷ ᠦᠨ ᠬᠡᠮᠵᠢᠶ᠎ᠡ ᠶᠢ ᠪᠠᠭᠠᠰᠬᠠᠭᠰᠠᠨ ᠢᠢᠠᠷ ᠮᠥᠷᠭᠥᠯᠳᠦᠬᠦ ᠮᠠᠭᠠᠳᠯᠠᠯ ᠢ ᠪᠠᠭᠤᠷᠠᠭᠤᠯᠳᠠᠭ ᠬᠡᠮᠡᠵᠡᠢ᠃ ᠰᠲ᠋ᠠᠷᠯᠢᠨ᠍ᠻ ᠦᠨ ᠬᠢᠮᠡᠯ ᠳᠠᠭᠠᠭᠤᠯᠢ ᠶᠢᠨ ᠨᠠᠷᠠᠨ ᠤ ᠬᠠᠪᠲᠠᠩ ᠤᠨ ᠡᠩᠨᠡᠭᠡ ᠨᠢ ᠥᠨᠳᠥᠷ ᠪᠣᠰᠤᠭ᠎ᠠ ᠪᠠᠶ᠋ᠢᠷᠢᠯᠠᠯ ᠲᠠᠢ ᠪᠠᠶ᠋ᠢᠳᠠᠭ᠃ ᠥᠭᠡᠷ᠎ᠡ ᠨᠢᠰᠬᠦ ᠲᠥᠬᠦᠭᠡᠷᠦᠮᠵᠢ ᠶᠢᠨ ᠳᠡᠷᠭᠡᠳᠡᠭᠦᠷ ᠥᠩᠭᠡᠷᠡᠬᠦ ᠦᠶ᠎ᠡ ᠳᠦ ᠮᠥᠷᠭᠦᠯᠳᠦᠬᠦ ᠮᠠᠭᠠᠳᠯᠠᠯ ᠢ ᠪᠠᠭᠠᠰᠬᠠᠬᠤ ᠶᠢᠨ ᠲᠤᠯᠠᠳᠠ ᠨᠠᠷᠠᠨ ᠤ ᠬᠠᠪᠲᠠᠩ ᠤᠨ ᠡᠩᠨᠡᠭᠡ ᠪᠡᠨ ᠠᠭᠰᠢᠭᠠᠬᠤ ᠪᠣᠯᠤᠮᠵᠢ ᠲᠠᠢ ᠠᠵᠤᠭᠤ᠃<ref>Mark Zastrow. SpaceX defends Starlink over collision concerns. Astronomy 2022/02/25. https://astronomy.com/news/2022/02/spacex-defends-starlink-over-collision-concerns</ref> ᠬᠢᠮᠡᠯ ᠳᠠᠭᠠᠭᠤᠯᠢ ᠨᠤᠭᠤᠳ ᠬᠡᠷᠡᠭᠯᠡᠭᠡᠨ ᠡᠴᠡ ᠭᠠᠷᠴᠤ᠂ ᠠᠭᠠᠷ ᠮᠠᠨᠳᠠᠯ ᠳ᠋ᠤ ᠰᠢᠲᠠᠬᠤ ᠋ᠳ᠋ᠤ ᠪᠠᠨ ᠣᠽᠣᠨ<sup>ozone</sup> ᠳᠠᠪᠬᠤᠷᠭ᠎ᠠ ᠢᠢ ᠭᠡᠮᠲᠡᠭᠡᠬᠦ ᠪᠣᠳᠠᠰ ᠦᠯᠳᠡᠭᠡᠬᠦ ᠤᠷᠰᠢᠭᠲᠠᠢ᠃ ᠮᠥᠨ ᠠᠭᠠᠷ ᠮᠠᠨᠳᠠᠯ ᠤᠨ ᠳᠡᠭᠡᠳᠦ ᠳᠠᠪᠬᠤᠷᠭ᠎ᠠ ᠢᠢᠨ ᠬᠢᠮᠢ ᠢᠢᠨ ᠨᠠᠢᠢᠷᠠᠯᠭ᠎ᠠ ᠢᠢ ᠥᠭᠡᠷᠡᠴᠢᠯᠡᠬᠦ ᠦᠷ ᠡ᠋ ᠳᠠᠭᠠᠪᠤᠷᠢ ᠲᠠᠢ ᠪᠠᠢᠢᠵᠤ ᠪᠣᠯᠤᠨ᠎ᠠ᠃ ᠬᠥᠩᠭᠡᠨ ᠴᠠᠭᠠᠨ ᠠᠭᠠᠷ ᠲᠤ ᠰᠢᠲᠠᠬᠤ ᠳ᠋ᠤ ᠪᠠᠨ ᠬᠥᠩᠭᠡᠨ ᠴᠠᠭᠠᠨ ᠤ ᠢᠰᠦᠯ ᠡᠭᠦᠰᠬᠡᠳᠡᠭ᠃ ᠬᠥᠩᠭᠡᠨ ᠴᠠᠭᠠᠨ ᠤ ᠢᠰᠦᠯ ᠭᠡᠷᠡᠯ ᠦᠨ ᠵᠠᠷᠢᠮ ᠳᠣᠯᠭᠢᠶᠠᠨ ᠤ ᠤᠷᠲᠤ ᠢᠢ ᠣᠶ᠋ᠢᠯᠭᠠᠬᠤ ᠴᠢᠨᠠᠷ ᠲᠠᠢ᠃ ᠢᠢᠨ ᠬᠦ ᠳᠡᠯᠡᠬᠡᠢ ᠳ᠋ᠦ ᠨᠡᠪᠲᠡᠷᠡᠬᠦ ᠭᠡᠷᠡᠯ ᠦᠨ ᠬᠡᠮᠵᠢᠶ ᠡ᠋ ᠢᠢ ᠪᠠᠭᠤᠷᠠᠭᠤᠯᠬᠤ ᠦᠷ᠎ᠡ ᠳᠠᠭᠠᠪᠤᠷᠢ ᠲᠠᠢ ᠪᠠᠢᠢᠵᠤ ᠪᠣᠯᠵᠠᠰᠢ ᠦᠭᠡᠢ᠃<ref>Tereza Pultarova. Air pollution from reentering megaconstellation satellites could cause ozone hole 2.0. Space 2021/06/07. https://www.space.com/starlink-satellite-reentry-ozone-depletion-atmosphere</ref> <br><br>
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width