Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳᠠᠮᠪᠠᠢᠢᠨᠣᠸᠠ᠂ ᠰᠸᠧᠲ᠋ᠯᠠᠨᠠ ᠠᠯᠧᠻᠰᠠᠨ᠍ᠲᠷᠣᠸᠨᠠ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠦᠢᠯᠡ ᠬᠡᠷᠡᠭ == ᠣᠷᠤᠰ ᠦ᠋ᠨ ᠬᠣᠯᠪᠤᠭᠠᠨ ᠤ ᠤᠯᠤᠰ ᠬᠢᠭᠡᠳ ᠳᠡᠯᠡᠬᠡᠢ ᠶ᠋ᠢᠨ ᠠᠯᠳᠠᠷ ᠨᠡᠷ ᠡ᠋ ᠲᠡᠢ ᠡᠷᠳᠡᠮᠲᠡᠨ᠂ ᠫᠷᠣᠹᠧᠰᠰᠣᠷ᠂ ᠪᠢᠣᠯᠥᠭᠢ ᠶ᠋ᠢᠨ ᠤᠬᠠᠭᠠᠨ ᠤ ᠳ᠋ᠣᠻᠲ᠋ᠣᠷ᠂ ᠨᠧᠦᠷᠣᠬᠢᠮᠢᠴᠢ ᠰᠸᠧᠲ᠋ᠯᠠᠨᠠ ᠠᠯᠧᠻᠰᠠᠨ᠍ᠲᠷᠣᠸᠨᠠ ᠳᠠᠮᠪᠠᠢᠢᠨᠣᠸᠠ ᠭᠯᠦ᠋ᠲ᠋ᠠᠮᠠᠲ ᠷᠧᠼᠧᠫᠲ᠋ᠣᠷ ᠤᠨ ᠰᠤᠳᠤᠯᠭ ᠠ᠋ ᠰᠢᠨᠵᠢᠯᠭᠡ ᠬᠢᠳᠡᠭ᠃<ref>https://sch627.mskobr.ru/med-class/medicinskij_klass_v_moskovskoj_shkole/posewenie_lekcii/ Посещение лекции. ᠬᠠᠨᠳᠤᠭᠰᠠᠨ 2020/11/16</ref> ᠯᠧᠨᠢᠨ᠍ᠭᠷᠠᠳ᠋ ᠳ᠋ᠠᠬᠢ ᠲᠤᠷᠰᠢᠯᠲᠠ ᠶ᠋ᠢᠨ ᠠᠨᠠᠭᠠᠬᠤ ᠤᠬᠠᠭᠠᠨ ᠤ ᠬᠦᠷᠢᠶᠡᠯᠡᠩ ᠳ᠋ᠤ 1980 ᠣᠨ ᠳ᠋ᠤ ᠹᠦᠨ᠍ᠻᠼᠢᠶᠣᠨᠠᠯ<sup>functional</sup> ᠨᠧᠦᠷᠣ᠋-ᠬᠢᠮᠢ ᠶ᠋ᠢᠨ ᠯᠠᠪᠣᠷᠠᠲ᠋ᠣᠷᠢ ᠪᠠᠢᠢᠭᠤᠯᠤᠨ᠂ ᠠᠬᠠᠯᠠᠵᠤ ᠠᠵᠢᠯᠯᠠᠭᠰᠠᠨ᠃ ᠣᠷᠤᠰ ᠦ᠋ᠨ ᠰᠢᠨᠵᠢᠯᠡᠬᠦ ᠤᠬᠠᠭᠠᠨ ᠤ ᠠᠻᠠᠳᠧᠮᠢ ᠶ᠋ᠢᠨ ᠬᠦᠮᠦᠨ ᠦ ᠲᠠᠷᠢᠬᠢ ᠰᠤᠳᠤᠯᠭᠠᠨ ᠤ ᠬᠦᠷᠢᠶᠡᠯᠡᠩ ᠳ᠋ᠦ 1990 ᠣᠨ ᠡᠴᠡ ᠮᠣᠯᠧᠻᠦ᠋ᠯᠠᠷ ᠨᠧᠦᠷᠣ᠋-ᠪᠢᠣᠯᠣᠭᠢ ᠶ᠋ᠢᠨ ᠯᠠᠪᠣᠷᠠᠲ᠋ᠣᠷᠢ ᠶ᠋ᠢ ᠠᠬᠠᠯᠠᠵᠤ᠂ ᠳ᠋ᠣᠻᠲ᠋ᠣᠷ ᠪᠧᠻᠲ᠋ᠧᠷᠧᠸᠠ ᠶ᠋ᠢᠨ ᠬᠠᠮᠲᠤ ᠭᠠᠪᠠᠯᠠ ᠢᠢᠨ ᠭᠦᠨ ᠦ ᠴᠠᠬᠢᠯᠭᠠᠨ ᠡᠳᠦᠭᠡᠯᠲᠡ ᠶ᠋ᠢᠨ ᠲᠠᠷᠢᠬᠢᠨ ᠳ᠋ᠠᠬᠢ ᠬᠡᠪ ᠦ᠋ᠨ ᠪᠣᠯᠤᠨ ᠡᠮᠭᠡᠭ ᠦᠢᠯᠡ ᠶᠠᠪᠤᠴᠠ ᠨᠤᠭᠤᠳ ᠲᠤ ᠨᠥᠯᠦᠭᠡᠯᠡᠬᠦ ᠪᠠᠢᠢᠳᠠᠯ ᠳ᠋ᠤ ᠰᠤᠳᠤᠯᠭ ᠠ᠋ ᠬᠢᠭᠰᠡᠨ᠃ ᠳ᠋ᠣᠻᠲ᠋ᠣᠷ ᠳᠠᠮᠪᠠᠢᠢᠨᠣᠸᠠ 1989-1990 ᠣᠨ ᠳ᠋ᠤ ᠠᠮᠧᠷᠢᠻ ᠦ᠋ᠨ ᠨᠢᠭᠡᠳᠦᠭᠰᠡᠨ ᠤᠯᠤᠰ ᠤᠨ ᠡᠷᠡᠭᠦᠯ ᠮᠡᠨᠳᠦ ᠶ᠋ᠢᠨ ᠦᠨᠳᠦᠰᠦᠨ ᠦ ᠲᠥᠪ ᠦ᠋ᠨ ᠮᠡᠳᠡᠷᠡᠯ ᠦ᠋ᠨ ᠰᠢᠨᠵᠢᠯᠡᠬᠦ ᠤᠬᠠᠭᠠᠨ ᠤ ᠬᠥᠲᠦᠯᠪᠦᠷᠢ ᠶ᠋ᠢᠨ ᠵᠠᠬᠢᠷᠤᠯ ᠳᠣᠻᠲ᠋ᠣᠷ ᠧ᠊᠂ ᠹᠷᠢᠢᠽ ᠦ᠋ᠨ<sup>E.Freeze</sup> ᠤᠷᠢᠯᠭ ᠠ᠋ ᠪᠠᠷ ᠭᠯᠦ᠋ᠲ᠋ᠠᠮᠠᠲ ᠷᠧᠼᠧᠫᠲ᠋ᠣᠷ ᠦ᠋ᠨ ᠤᠳᠠᠮ ᠵᠦᠢ ᠶ᠋ᠢᠨ ᠰᠤᠳᠤᠯᠭᠠᠨ ᠤ ᠲᠥᠰᠦᠯ ᠳ᠋ᠦ ᠠᠵᠢᠯᠯᠠᠭᠰᠠᠨ᠃ ᠰᠸᠧᠲ᠋ᠯᠠᠨᠠ ᠶ᠋ᠢᠨ ᠰᠤᠳᠤᠯᠭᠠᠨ ᠳ᠋ᠤ ᠧᠫᠢᠯᠧᠫᠰᠶ<ref>Dambinova, SA; Granstrem, OK (2001). "The role of glutamate receptors in the mechanisms of formation of epilepsy". Neurochemistry</ref>᠂ ᠴᠢᠰᠤ ᠬᠠᠷᠪᠤᠯᠲᠠ᠂ ᠲᠠᠷᠢᠬᠢᠨ ᠤ ᠭᠡᠮᠲᠦᠯ᠂ ᠮᠠᠩᠰᠢᠭᠤᠷᠠᠭᠤᠯᠬᠤ ᠪᠣᠳᠠᠰ ᠬᠡᠷᠡᠭᠡᠯᠡᠭᠦ ᠦᠶ ᠡ᠋ ᠶ᠋ᠢᠨ ᠢᠣᠨᠣᠲ᠋ᠷᠣᠫᠢᠻ ᠭ᠋ᠯᠦ᠋ᠲ᠋ᠠᠮᠠᠲ ᠦ᠋ᠨ ᠡᠭᠦᠷᠭᠡ ᠶ᠋ᠢ ᠰᠤᠳᠤᠯᠤᠭᠳᠠᠭᠰᠠᠨ᠃<ref>Dambinova SA, 1988, Glutamate Neuroreceptors, Leningrad, Nauka</ref> ᠫᠷᠥᠹᠧᠰᠰᠣᠷ ᠰᠸᠧᠲ᠋ᠯᠠᠨᠠ ᠳᠠᠮᠪᠠᠢᠢᠨᠣᠸᠠ 1992-2000 ᠣᠨ ᠤ ᠰᠤᠳᠤᠯᠭᠠᠨ ᠤ ᠪᠠᠨ ᠬᠦᠷᠢᠶᠡᠨ ᠳ᠋ᠦ ᠫᠠᠷᠻᠢᠨ᠍ᠰᠣᠨ ᠤ ᠡᠪᠡᠳᠴᠢᠨ<ref>http://old.petrsu.ru/Structure/MAJ/2009_4/16.html Skoromets AA, Dambinova, SA, etc. The fundamental importance of new biomarkers. Medical academic journal. Volume number 9. 4. 2009</ref>᠂ ᠲᠠᠷᠢᠬᠢᠨ ᠤ ᠢᠱᠧᠮᠢ<ref>https://academic.oup.com/clinchem/article/49/10/1752/5642162 Clinical Chemistry. Svetlana A Dambinova, Guerman A Khounteev, Galina A Izykenova, Igor G Zavolokov, Anna Y Ilyukhina, Alexander A Skoromets. Blood Test Detecting Autoantibodies to N-Methyl-d-aspartate Neuroreceptors for Evaluation of Patients with Transient Ischemic Attack and Stroke. ᠬᠠᠨᠳᠤᠭᠰᠠᠨ 2020/11/19</ref>᠂ ᠳᠣᠲᠤᠭᠠᠳᠤ ᠭᠠᠷᠠᠯ ᠲᠠᠢ ᠵᠢᠵᠢᠭ ᠫᠧᠫᠲ᠋ᠢᠳ᠋ ᠢ ᠡᠪᠡᠳᠦᠯᠲᠡ ᠨᠠᠮᠳᠠᠭᠠᠬᠤ ᠳ᠋ᠤ ᠬᠡᠷᠡᠭᠯᠡᠬᠦ ᠠᠰᠠᠭᠤᠳᠠᠯ ᠤᠳ ᠤᠨ ᠰᠤᠳᠤᠯᠭ ᠠ᠋ ᠰᠢᠨᠵᠢᠯᠭᠡᠨ ᠳ᠋ᠦ ᠬᠤᠪᠢ ᠨᠡᠮᠡᠷᠢ ᠣᠷᠤᠭᠤᠯᠵᠤ᠂ ᠬᠠᠷ ᠠ᠋ ᠲᠠᠮᠠᠬᠢᠨ ᠤ ᠷᠧᠼᠧᠫᠲ᠋ᠣᠷ ᠦ᠋ᠨ ᠫᠧᠫᠲᠢᠳ᠋ ᠬᠡᠯᠲᠡᠷᠬᠡᠢ ᠳ᠋ᠦ ᠦᠢᠯᠡᠴᠢᠯᠡᠬᠦ [[ᠡᠰᠡᠷᠬᠦ ᠪᠢᠢ ᠡ᠋|ᠠᠦ᠋ᠲ᠋ᠣ-ᠡᠰᠡᠷᠭᠦ ᠪᠡᠶ ᠡ᠋ ᠢᠢ]] ᠢᠯᠡᠷᠡᠭᠦᠯᠬᠦ ᠵᠠᠮ ᠶ᠋ᠢᠠᠷ ᠠᠷᠬᠠᠭ ᠡᠪᠡᠳᠦᠯᠲᠡ᠂ ᠳᠣᠩᠲᠤᠯᠲᠠ ᠶ ᠡᠷᠲᠡ ᠣᠨᠤᠰᠢᠯᠠᠬᠤ ᠰᠢᠨ ᠡ᠋ ᠠᠷᠭᠠᠴᠢᠯᠠᠯ ᠪᠣᠯᠪᠠᠰᠤᠷᠠᠭᠤᠯᠰᠠᠨ ᠪᠠᠢᠢᠨ ᠠ᠋᠃ ᠰᠸᠧᠲ᠋ᠯᠠᠨᠠ ᠠᠯᠧᠻᠰᠠᠨ᠍ᠲᠷᠣᠸᠨᠠ ᠶ᠋ᠢᠨ ᠤᠳᠤᠷᠢᠳᠵᠤ ᠴᠤᠭᠯᠠᠭᠤᠯᠤᠭᠰᠠᠨ ᠥᠭᠦᠭᠳᠡᠯ ᠨᠢ ᠬᠠᠷ ᠠ᠋ ᠲᠠᠮᠠᠬᠢᠨ ᠤ ᠷᠧᠼᠧᠫᠲ᠋ᠣᠷ ᠤᠨ ᠮᠣᠯᠧᠻᠦ᠋ᠯ ᠪᠦᠲᠡᠴᠡ᠂ ᠳᠣᠩᠲᠤᠯᠲᠠ ᠳ᠋ᠤ ᠨᠥᠯᠦᠭᠡᠯᠬᠦ ᠪᠠᠢᠢᠳᠠᠯ ᠤᠨ ᠰᠤᠳᠤᠯᠭᠠᠨ ᠳ᠋ᠤ ᠴᠢᠭᠯᠡᠭᠳᠡᠭᠰᠡᠨ ᠪᠠᠢᠢᠨ ᠠ᠋᠃ <ref>https://nyaspubs.onlinelibrary.wiley.com/doi/abs/10.1111/j.1749-6632.2002.tb04191.x The New York Academy of Sciences. Svetlana A. Dambinova, Galina A. Izykenova. Recombinant μ‐δ Receptor as a Marker of Opiate Abuse</ref> ᠳ᠋ᠣᠻᠲ᠋ᠣᠷ ᠳᠠᠮᠪᠠᠢᠢᠨᠣᠸᠠ ᠶ᠋ᠢ 1995-2000 ᠣᠨ ᠳ᠋ᠤ ᠢᠲ᠋ᠠᠯᠢ᠂ ᠭᠧᠷᠮᠠᠨ᠂ ᠫᠣᠯᠱᠠ᠂ ᠠᠮᠧᠷᠢᠻ ᠦ᠋ᠨ ᠨᠢᠭᠡᠳᠦᠭᠰᠡᠨ ᠤᠯᠤᠰ᠂ ᠱᠸᠧᠳ᠂ ᠢᠷᠧᠯᠠᠨ᠍ᠳ᠋ ᠳ᠋ᠠᠬᠢ ᠠᠰᠢᠭ ᠦ᠋ᠨ ᠪᠤᠰᠤ᠂ ᠬᠤᠪᠢ ᠶ᠋ᠢᠨ ᠪᠣᠯᠤᠨ ᠤᠯᠤᠰ ᠦ᠋ᠨ ᠡᠷᠳᠡᠮ ᠰᠢᠨᠵᠢᠯᠡᠭᠡᠨ ᠦ ᠪᠠᠢᠢᠭᠤᠯᠤᠯᠭ ᠠ᠋ ᠨᠤᠭᠤᠳ ᠵᠣᠴᠢᠨ ᠫᠷᠣᠹᠧᠰᠰᠣᠷ ᠶ᠋ᠢᠡᠷ ᠤᠷᠢᠵᠤ ᠵᠠᠯᠠᠵᠤ ᠪᠠᠠᠢᠢᠪᠠ᠃ ᠳᠠᠮᠪᠠᠢᠢᠨᠣᠸᠠ ᠰᠢᠼᠢᠯᠢ ᠶ᠋ᠢᠨ ᠲᠷᠣᠢᠢᠨᠠ<sup>Troina</sup> ᠳ᠋ᠡᠬᠢ ᠣᠶᠤᠨ ᠤ ᠬᠥᠭᠵᠢᠯ ᠦ᠋ᠨ ᠬᠣᠴᠤᠷᠤᠯ ᠪᠠ ᠨᠠᠰᠤᠵᠢᠯᠲᠠ ᠶ᠋ᠢᠨ ᠰᠤᠳᠤᠯᠭᠠᠨ ᠤ ᠣᠠᠰᠢ ᠮᠠᠷᠢᠢ ᠠ᠋<sup>Oasi Maria</sup> ᠬᠦᠷᠢᠶᠡᠯᠡᠩ ᠬᠡᠮᠡᠬᠦ ᠠᠰᠢᠭ ᠤᠨ ᠪᠤᠰᠤ ᠪᠥᠭᠡᠳ ᠬᠤᠪᠢ ᠶ᠋ᠢᠨ ᠡᠷᠡᠭᠦᠯ ᠮᠡᠨᠳᠦ ᠶ᠋ᠢᠨ ᠲᠥᠪ ᠳ᠋ᠦ ᠨᠧᠦᠷᠣ-ᠬᠢᠮᠢ ᠶ᠋ᠢᠨ ᠯᠠᠪᠣᠷᠠᠲ᠋ᠣᠷᠢ ᠪᠠᠢᠢᠭᠤᠯᠤᠭᠰᠠᠨ᠃ <ref>https://onlinelibrary.wiley.com/doi/pdf/10.1046/j.1471-4159.1998.71052088.x Svetlana A. Dambinova, Oleg K. Granstrem, *Alexandre Tourov, tRoberto Salluzzo, tiFilippa Castello, and Galina A. Izykenova. Monitoring of Brain Spiking Activity and Autoantibodies to N-Terminus Domain of G1uR1 Subunit of AMPA Receptors in Blood Serum of Rats with Cobalt-Induced Epilepsy. ᠬᠠᠨᠳᠤᠭᠰᠠᠨ 2020/11/27</ref> ᠲᠡᠷᠡ ᠪᠡᠷ ᠬᠡᠦᠬᠡᠳ ᠦ᠋ᠨ ᠣᠶᠤᠨ ᠤ ᠬᠣᠴᠤᠷᠤᠭᠳᠠᠯ ᠡᠭᠦᠰᠬᠡᠭᠴᠢ ᠧᠫᠢᠯᠧᠫᠰᠢ ᠳ᠋ᠦ ᠭᠯᠦ᠋ᠲ᠋ᠠᠮᠠᠲ ᠷᠧᠼᠧᠲ᠋ᠣᠷ ᠦ᠋ᠨ ᠨᠥᠯᠦᠭᠡᠯᠡᠯ ᠦᠨ ᠲᠠᠯ ᠠ᠋ ᠪᠠᠷ ᠬᠢ ᠰᠤᠳᠤᠯᠭ ᠠ᠋ ᠢᠢ ᠤᠳᠤᠷᠢᠳᠤᠭᠰᠠᠨ᠃<ref>https://www.jns-journal.com/article/S0022-510X(97)00150-0/fulltext Svetlana A Dambinova, Galina A. Izykenova, Sergei V Burov, Elena V Grigorenko, Sergei A Gromov. The presence of autoantibodies to N-terminus domain of GluR1 subunit of AMPA receptor in the blood serum of patients with epilepsy. ᠬᠠᠨᠳᠤᠭᠰᠠᠨ 2020/11/27</ref> ᠳᠠᠮᠪᠠᠢᠢᠨᠣᠸᠠ ᠶ᠋ᠢᠨ ᠰᠤᠳᠤᠯᠭ ᠠ᠋ 2002 ᠣᠨ ᠡᠴᠡ ᠰᠠᠨ᠍ᠻᠲ ᠫᠧᠲ᠋ᠧᠷᠪᠦ᠋ᠷᠭ ᠬᠣᠲᠠ ᠳ᠋ᠠᠬᠢ ᠫᠠᠸᠯᠣᠸ ᠦ᠋ᠨ ᠨᠡᠷᠡᠮᠵᠢᠲᠦ ᠠᠨᠠᠭᠠᠬᠤ ᠤᠬᠠᠭᠠᠨ ᠤ ᠶᠡᠬᠡ ᠰᠤᠷᠭᠠᠭᠤᠯᠢ ᠳ᠋ᠤ ᠲᠥᠪᠯᠡᠷᠡᠵᠦ᠂ ᠮᠡᠳᠡᠷᠡᠯ ᠰᠤᠳᠤᠯᠤᠯ ᠦ᠋ᠨ ᠡᠮᠭᠡᠭ ᠦ᠋ᠨ ᠯᠠᠪᠣᠷᠠᠲ᠋ᠣᠷᠢ ᠶ᠋ᠢᠨ ᠰᠢᠨᠵᠢᠯᠡᠭᠡ ᠣᠨᠤᠰᠢᠯᠠᠭᠠᠨ ᠳ᠋ᠤ ᠴᠢᠭᠯᠡᠭᠰᠡᠨ ᠪᠢᠯᠡ᠃ ᠳ᠋ᠣᠻᠲ᠋ᠣᠷ ᠳᠠᠮᠪᠠᠢᠢᠨᠣᠸᠠ ᠨᠧᠦᠷᠣ-ᠷᠧᠼᠧ᠋ᠲ᠋ᠣᠷ ᠦ᠋ᠨ ᠲᠤᠷᠰᠢᠯᠲᠠ ᠶ᠋ᠢᠨ ᠮᠣᠯᠧᠻᠦ᠋ᠯᠠᠷ ᠰᠤᠳᠤᠯᠭ ᠌ᠠ᠋ ᠰᠢᠨᠵᠢᠯᠡᠭᠡ ᠤᠳᠤᠷᠢᠳᠳᠠᠭ᠃ ᠡᠮᠨᠡᠯ ᠵᠦᠢᠴᠢᠳ ᠬᠢᠭᠡᠳ ᠪᠣᠯᠪᠠᠰᠤᠷᠠᠯ ᠦ᠋ᠨ ᠮᠡᠷᠭᠡᠵᠢᠯᠲᠡᠨ ᠨᠤᠭᠦᠳ ᠲᠡᠢ ᠣᠨ ᠤᠳᠠᠭᠠᠨ ᠵᠢᠯ ᠬᠠᠮᠲᠤᠷᠠᠨ ᠠᠵᠢᠯᠯᠠᠭᠰᠠᠨ ᠨᠢ ᠮᠡᠳᠡᠷᠡᠯ ᠦ᠋ᠨ ᠰᠢᠰᠲ᠋ᠧᠮ ᠦ᠋ᠨ ᠫᠠᠲ᠋ᠣᠯᠣᠭᠢ ᠳ᠋ᠠᠬᠢ ᠲᠠᠷᠢᠬᠢᠨ ᠤ ᠮᠠᠷᠻᠧᠷ ᠦ᠋ᠨ ᠬᠡᠷᠡᠭᠯᠡᠭᠡᠨ ᠦ ᠠᠰᠠᠭᠤᠳᠠᠯ ᠳ᠋ᠠᠬᠢ ᠮᠡᠳᠡᠷᠡᠯ ᠦ᠋ᠨ ᠰᠠᠭᠤᠷᠢ ᠰᠢᠨᠵᠢᠯᠡᠬᠦ ᠤᠬᠠᠭᠠᠨ ᠪᠠ ᠮᠡᠳᠡᠷᠡᠯ ᠰᠤᠳᠤᠯᠤᠯ ᠤᠨ ᠵᠥᠷᠢᠭᠦᠦ ᠳ᠋ᠦ ᠰᠤᠳᠤᠯᠭ ᠠ᠋ ᠪᠠᠨ ᠴᠢᠭᠯᠡᠭᠦᠯᠬᠦ ᠳ᠋ᠦ ᠨᠥᠯᠦᠭᠡᠯᠡᠭᠰᠡᠨ᠃<ref>https://www.ncbi.nlm.nih.gov/pmc/articles/PMC4099039/ Emaddin Kidher at al. Aortic Stiffness Is Related to the Ischemic Brain Injury Biomarker N-Methyl-D-aspartate Receptor Antibody Levels in Aortic Valve Replacement. ᠬᠠᠨᠳᠤᠭᠰᠠᠨ 2020/11/27</ref> ᠰᠤᠳᠤᠯᠭ ᠠ᠋ ᠰᠢᠨᠵᠢᠯᠡᠭᠡᠨ ᠦ ᠦᠢᠯᠡ ᠠᠵᠢᠯᠠᠯᠭ ᠠ᠋ ᠨᠢ ᠡᠷᠳᠡᠮ ᠰᠢᠨᠵᠢᠯᠡᠭᠡᠨ ᠦ 350 ᠪᠢᠴᠢᠭ᠂ 25 ᠨᠣᠮ ᠤᠨ ᠭᠠᠷᠴᠢᠭ ᠲᠤ ᠲᠤᠰᠬᠠᠭᠳᠠᠭᠰᠠᠨ ᠪᠠᠢᠢᠳᠠᠭ᠃<br><br>
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width