Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
Тусгай хамгаалалттай газар
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠣᠷᠣᠨ ᠨᠤᠲᠤᠭ ᠊ᠤᠨ ᠲᠤᠰᠬᠠᠢ ᠬᠠᠮᠠᠭᠠᠯᠠᠯᠲᠠ ᠲᠠᠢ ᠭᠠᠵᠠᠷ= {{Horizontal}}[[File:20200711 065126.jpg|thumbnail|{{Mongolian}}ᠬᠠᠷ ᠊ᠠ᠋
ᠵᠢᠷᠦᠬᠡᠨ ᠊ᠦ
ᠬᠥᠬᠡ
ᠨᠠᠭᠤᠷ ᠦ᠋ᠨ
ᠳᠡᠷᠭᠡᠳᠡ]]{{Z}}  ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭᠲᠠᠯᠴᠠᠭᠠᠨ ᠤ ᠵᠡᠷᠭᠡᠴᠡᠭᠡ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠰᠦᠯᠵᠢᠶ᠎ᠡ ᠠᠵᠢᠯᠯᠠᠳᠠᠭ᠃ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠤᠨ ᠲᠤᠬᠠᠢ ᠬᠠᠤᠯᠢ ᠳᠤ ᠠᠶᠢᠮᠠᠭ᠂ ᠨᠡᠶᠢᠰᠯᠡᠯ᠂ ᠰᠤᠮᠤ᠂ ᠳᠡᠭᠦᠷᠭᠡ ᠬᠠᠷᠢᠶᠠᠯᠠᠯ ᠤᠨ ᠢᠶᠠᠨ ᠲᠣᠳᠣᠷᠬᠠᠢ ᠲᠠᠯᠠᠪᠠᠢ ᠶᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠪᠣᠯᠭᠠᠨ ᠵᠠᠷᠯᠠᠵᠤ ᠪᠣᠯᠬᠤ ᠶᠢ ᠵᠢᠭᠠᠭᠠᠳ ᠠᠶᠢᠮᠠᠭ᠂ ᠰᠤᠮᠤᠳ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠳ ᠲᠤ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠪᠠᠶᠢᠭᠤᠯᠤᠨ᠂ ᠬᠢᠯᠢ ᠬᠢᠵᠠᠭᠠᠷ ᠢ ᠨᠢ ᠲᠣᠭᠲᠠᠭᠠᠵᠤ᠂ ᠵᠣᠬᠢᠬᠤ ᠬᠠᠮᠠᠭᠠᠯᠠᠯ ᠤᠨ ᠭᠣᠷᠢᠮ ᠢ ᠨᠢ ᠲᠣᠳᠣᠷᠬᠠᠶᠢᠯᠠᠬᠤ ᠡᠷᠬᠡ ᠣᠯᠭᠤᠭᠰᠠᠨ ᠪᠠᠶᠢᠳᠠᠭ᠃ ᠲᠤᠰᠬᠠᠢ ᠬᠠᠮᠠᠭᠠᠯᠠᠯᠲᠠ ᠲᠠᠢ ᠭᠠᠵᠠᠷ ᠤᠨ ᠡᠨᠡᠬᠦ ᠨᠡᠮᠡᠯᠲᠡ ᠰᠦᠯᠵᠢᠶ᠎ᠡ ᠬᠡᠷᠡᠭᠲᠡᠢ ᠪᠣᠯᠤᠭᠰᠠᠨ ᠨᠢ ᠮᠣᠩᠭᠣᠯ ᠤᠯᠤᠰ ᠤᠨ ᠪᠠᠶᠢᠭᠠᠯ ᠤᠨ ᠨᠥᠬᠥᠴᠡᠯ᠂ ᠠᠮᠢᠲᠠᠨ ᠤ ᠠᠶᠢᠮᠠᠭ ᠤᠨ ᠣᠯᠠᠨ ᠲᠥᠷᠥᠯ ᠵᠦᠢᠯ ᠦᠨ ᠠᠮᠢᠳᠤᠷᠠᠬᠤ ᠳᠤ ᠱᠠᠭᠠᠷᠳᠠᠯᠭ᠎ᠠ ᠲᠠᠢ ᠥᠷᠭᠡᠨ ᠠᠭᠤᠳᠠᠮ ᠨᠡᠭᠦᠳᠡᠯ ᠦᠨ ᠵᠠᠮ ᠪᠡᠯᠴᠢᠭᠡᠷ ᠢ ᠬᠠᠳᠠᠭᠠᠯᠠᠨ ᠬᠠᠮᠠᠭᠠᠯᠠᠵᠤ᠂ ᠫᠣᠫᠦᠶᠢᠯᠢᠶᠠᠼ ᠬᠣᠭᠣᠷᠣᠨᠳᠣ ᠶᠢᠨ ᠭᠧᠨᠢ ᠶᠢᠨ ᠰᠣᠯᠢᠯᠴᠠᠭ᠎ᠠ ᠶᠢ ᠬᠠᠩᠭᠠᠬᠤ ᠬᠡᠷᠡᠭᠴᠡᠭᠡ ᠪᠡᠷ ᠲᠠᠶᠢᠯᠪᠤᠷᠢᠯᠠᠭᠳᠠᠨ᠎ᠠ᠃ ᠡᠭᠦᠨ ᠦ ᠰᠠᠴᠠᠭᠤ ᠲᠤᠰᠬᠠᠢ ᠬᠠᠮᠠᠭᠠᠯᠠᠯᠲᠠ ᠲᠠᠢ ᠭᠠᠵᠠᠷ ᠤᠨ ᠭᠠᠳᠠᠨ᠎ᠠ ᠦᠯᠡᠳᠡᠭᠰᠡᠨ ᠨᠤᠲᠤᠭ ᠤᠳ ᠲᠤ ᠣᠷᠣᠨ ᠨᠤᠲᠤᠭ ᠤᠨ ᠣᠷᠣᠰᠢᠨ ᠰᠠᠭᠤᠭᠴᠢᠳ᠂ ᠬᠠᠭᠠᠰ ᠨᠡᠭᠦᠳᠡᠯᠴᠢᠨ ᠬᠢᠭᠡᠳ ᠨᠡᠭᠦᠳᠡᠯᠴᠢᠨ ᠮᠠᠯᠴᠢᠨ ᠬᠦᠮᠦᠨ ᠠᠮᠠ ᠬᠠᠮᠲᠤᠷᠠᠨ ᠠᠮᠢᠳᠤᠷᠠᠵᠤ᠂ ᠨᠥᠭᠡᠴᠡ ᠶᠢ ᠥᠷᠭᠡᠨ ᠢᠶᠡᠷ ᠠᠰᠢᠭᠯᠠᠳᠠᠭ᠂ ᠴᠢᠩᠭᠢᠬᠦ ᠳᠦ ᠪᠡᠨ ᠲᠣᠭᠲᠠᠪᠤᠷᠢᠲᠠᠢ ᠠᠷᠭ᠎ᠠ ᠬᠡᠯᠪᠡᠷᠢ ᠪᠡᠷ ᠠᠰᠢᠭᠯᠠᠬᠤ ᠡᠷᠡᠮᠡᠯᠵᠡᠯ ᠲᠡᠢ ᠪᠠᠶᠢᠳᠠᠭ᠃  ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠰᠦᠯᠵᠢᠶ᠎ᠡ ᠡᠻᠣᠯᠣᠭ ᠤᠨ ᠠᠴᠢ ᠬᠣᠯᠪᠣᠭᠳᠠᠯ ᠲᠠᠢ ᠪᠦᠬᠦ ᠨᠤᠲᠤᠭ ᠢ ᠬᠠᠮᠤᠷᠴᠢ ᠴᠢᠳᠠᠬᠤ ᠦᠭᠡᠢ ᠲᠤᠯᠠ ᠪᠢᠣᠯᠣᠭᠢ ᠶᠢᠨ ᠬᠠᠮᠠᠭᠠᠯᠠᠯᠲᠠ ᠶᠢ ᠣᠷᠣᠨ ᠨᠤᠲᠤᠭ ᠤᠨ ᠬᠦᠮᠦᠨ ᠠᠮᠠ ᠶᠢᠨ ᠨᠡᠶᠢᠭᠡᠮ᠂ ᠡᠳ᠋ ᠦᠨ ᠵᠠᠰᠠᠭ ᠤᠨ ᠬᠡᠷᠡᠭᠴᠡᠭᠡ ᠲᠡᠢ ᠲᠡᠩᠴᠡᠪᠦᠷᠢᠵᠢᠭᠦᠯᠬᠦ ᠱᠠᠭᠠᠷᠳᠠᠯᠭ᠎ᠠ ᠲᠠᠢ᠃ ᠲᠡᠶᠢᠮᠦ ᠡᠴᠡ ᠡᠻᠣᠯᠣᠭ ᠤᠨ ᠬᠤᠪᠢ ᠳᠤ ᠠᠮᠢ ᠪᠥᠬᠡ ᠲᠡᠢ ᠬᠠᠮᠠᠭᠠᠯᠠᠯ ᠤᠨ ᠲᠣᠭᠲᠠᠯᠴᠠᠭ᠎ᠠ ᠪᠤᠢ ᠪᠣᠯᠭᠠᠬᠤ ᠶᠢᠨ ᠲᠤᠯᠠᠳᠠ ᠪᠠᠶᠢᠭᠠᠯᠢ ᠣᠷᠴᠢᠨ ᠢ ᠬᠠᠮᠠᠭᠠᠯᠠᠬᠤ ᠦᠢᠯᠡ ᠠᠵᠢᠯᠯᠠᠭ᠎ᠠ ᠶᠢ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠢᠯᠢ ᠬᠢᠵᠠᠭᠠᠷ ᠠᠴᠠ ᠬᠠᠪᠢ ᠦᠭᠡᠢ ᠥᠷᠭᠡᠨ ᠬᠦᠷᠢᠶᠡᠨ ᠳᠦ ᠬᠡᠷᠡᠭᠵᠢᠭᠦᠯᠬᠦ᠂ ᠡᠭᠦᠨ ᠳᠦ ᠪᠡᠨ ᠬᠥᠳᠡᠭᠡ ᠶᠢᠨ ᠬᠦᠮᠦᠨ ᠠᠮᠠ ᠣᠷᠣᠰᠢᠨ ᠰᠠᠭᠤᠵᠤ᠂ ᠠᠰᠢᠭᠯᠠᠳᠠᠭ ᠭᠠᠵᠠᠷ ᠨᠤᠲᠤᠭ ᠢ ᠬᠠᠮᠤᠷᠬᠤ ᠱᠠᠭᠠᠷᠳᠠᠯᠭ᠎ᠠ ᠲᠠᠢ ᠪᠠᠶᠢᠳᠠᠭ᠂ ᠢᠩᠭᠢᠭᠰᠡᠨ ᠢᠶᠡᠷ ᠲᠡᠳᠡᠭᠡᠷ ᠭᠠᠵᠠᠷ ᠨᠤᠲᠤᠭ ᠤᠨ ᠲᠣᠭᠲᠠᠪᠤᠷᠢᠲᠠᠢ ᠤᠳᠤᠷᠢᠳᠤᠯᠭ᠎ᠠ ᠶᠢ ᠬᠠᠩᠭᠠᠬᠤ ᠠᠷᠭ᠎ᠠ ᠬᠡᠷᠡᠭᠰᠡᠯ ᠪᠦᠬᠦᠢ ᠣᠷᠣᠯᠴᠠᠭᠴᠢ᠂ ᠰᠣᠨᠢᠷᠬᠠᠯ ᠤᠨ ᠪᠦᠯᠦᠭ ᠦᠳ ᠲᠡᠢ ᠪᠣᠯᠳᠠᠭ ᠪᠠᠶᠢᠨ᠎ᠠ᠃ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠢ ᠪᠠᠶᠢᠭᠤᠯᠬᠤ ᠵᠣᠷᠢᠯᠭ᠎ᠠ ᠨᠢ ᠡᠻᠣᠰᠢᠰᠲ᠋ᠧᠮ ᠦᠨ ᠲᠣᠭᠠᠪᠤᠷᠢᠵᠢᠯᠲᠠ ᠶᠢ ᠬᠠᠮᠠᠭᠠᠯᠠᠬᠤ᠂ ᠪᠠᠶᠢᠭᠠᠯᠢ᠂ ᠲᠡᠦᠬᠡ᠂ ᠰᠤᠶᠤᠯ ᠤᠨ ᠦᠨ᠎ᠡ ᠴᠢᠨ ᠪᠦᠬᠦᠢ ᠭᠠᠵᠠᠷ ᠨᠤᠲᠤᠭ ᠳᠠᠬᠢ ᠭᠠᠵᠠᠷ ᠤᠨ ᠲᠣᠭᠲᠠᠪᠤᠷᠢᠲᠠᠢ ᠠᠰᠢᠭᠯᠠᠯᠲᠠ ᠶᠢ ᠳᠡᠮᠵᠢᠬᠦ ᠳᠦ ᠣᠷᠣᠰᠢᠨ᠎ᠠ᠃ ᠬᠠᠮᠠᠭᠠᠯᠠᠯ ᠤᠨ ᠭᠣᠣᠯ ᠵᠣᠷᠢᠭᠳᠠᠯ ᠠᠴᠠ ᠨᠢ ᠡᠭᠦᠳᠦᠨ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠢ ᠣᠢ᠂ ᠵᠡᠷᠯᠢᠭ ᠠᠮᠢᠲᠠᠨ᠂ ᠤᠷᠭᠤᠮᠠᠯ᠂ ᠤᠰᠤᠨ ᠤ ᠨᠥᠭᠡᠴᠡ ᠭᠠᠵᠠᠷ᠂ ᠪᠠᠶᠢᠭᠠᠯ ᠤᠨ ᠪᠠ ᠲᠡᠦᠬᠡ ᠶᠢᠨ ᠥᠪ ᠨᠥᠭᠡᠴᠡ ᠭᠠᠵᠠᠷ ᠭᠡᠵᠦ ᠠᠩᠭᠢᠯᠠᠳᠠᠭ᠃ ᠱᠠᠭᠠᠷᠳᠠᠯᠭ᠎ᠠ ᠲᠠᠢ ᠪᠣᠯ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠢ ᠬᠠᠮᠠᠭᠠᠯᠠᠯ ᠤᠨ ᠪᠠ ᠬᠢᠵᠠᠭᠠᠷᠯᠠᠭᠳᠠᠮᠠᠯ ᠠᠰᠢᠭᠯᠠᠯᠲᠠ ᠶᠢᠨ ᠪᠥᠰᠡ ᠨᠦᠭᠦᠳ ᠲᠦ ᠬᠤᠪᠢᠶᠠᠵᠤ ᠪᠣᠯᠤᠨ᠎ᠠ᠃ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠲᠤ ᠲᠣᠭᠲᠠᠭᠠᠬᠤ ᠬᠠᠮᠠᠭᠠᠯᠠᠯ ᠤᠨ ᠭᠣᠷᠢᠮ ᠨᠢ ᠣᠯᠠᠨ ᠤᠯᠤᠰ ᠤᠨ ᠪᠠᠶᠢᠭᠠᠯᠢ ᠬᠠᠮᠠᠭᠠᠯᠠᠬᠤ ᠬᠣᠯᠪᠣᠭᠠᠨ ᠤ ᠲᠤᠰᠬᠠᠢ ᠬᠠᠮᠠᠭᠠᠯᠠᠯᠲᠠ ᠲᠠᠢ ᠭᠠᠵᠠᠷ ᠤᠨ ᠤᠳᠤᠷᠢᠳᠤᠯᠭ᠎ᠠ ᠶᠢᠨ ᠠᠩᠭᠢᠯᠠᠯ Ib (ᠣᠷᠣᠨ ᠨᠤᠲᠤᠭ ᠤᠨ ᠬᠦᠮᠦᠨ ᠠᠮᠠ ᠬᠠᠮᠠᠭᠠᠯᠠᠯᠲᠠ ᠶᠢᠨ ᠵᠣᠷᠢᠯᠭ᠎ᠠ ᠵᠣᠷᠢᠯᠲᠠᠳ ᠨᠡᠶᠢᠴᠡᠲᠡᠢ ᠠᠷᠭ᠎ᠠ ᠬᠡᠯᠪᠡᠷᠢ ᠪᠡᠷ ᠨᠥᠭᠡᠴᠡ ᠶᠢ ᠠᠰᠢᠭᠯᠠᠵᠤ ᠪᠣᠯᠬᠤ ᠲᠣᠮᠣ ᠬᠡᠮᠵᠢᠶᠡᠨ ᠦ ᠣᠩᠭᠣᠨ ᠭᠠᠵᠠᠷ ᠨᠤᠲᠤᠭ) ᠮᠥᠨ ᠠᠩᠭᠢᠯᠠᠯ VI ᠲᠠᠢ (ᠰᠤᠶᠤᠯ ᠤᠨ ᠦᠨᠡᠲᠦ ᠵᠦᠢᠯ᠂ ᠪᠠᠶᠢᠭᠠᠯ ᠤᠨ ᠨᠥᠭᠡᠴᠡ ᠶᠢᠨ ᠤᠳᠤᠷᠢᠳᠤᠯᠭ᠎ᠠ ᠶᠢᠨ ᠤᠯᠠᠮᠵᠢᠯᠠᠯᠲᠤ ᠲᠣᠭᠲᠠᠯᠴᠠᠭ᠎ᠠ ᠪᠦᠬᠦᠢ ᠡᠻᠣᠰᠢᠰᠲ᠋ᠧᠮ᠂ ᠠᠮᠢᠲᠠᠳ ᠤᠨ ᠠᠮᠢᠳᠤᠷᠠᠬᠤ ᠣᠷᠴᠢᠨ ᠢ ᠪᠠᠭᠲᠠᠭᠠᠭᠰᠠᠨ ᠥᠷᠭᠡᠨ ᠠᠭᠤᠳᠠᠮ ᠬᠠᠮᠠᠭᠠᠯᠠᠭᠳᠠᠭᠰᠠᠨ ᠭᠠᠵᠠᠷ ᠨᠤᠲᠤᠭ) ᠲᠥᠰᠲᠡᠢ ᠪᠠᠶᠢᠬᠤ ᠮᠠᠭᠠᠳᠯᠠᠯ ᠲᠠᠢ᠂ ᠡᠨᠡ ᠬᠣᠶᠠᠷ ᠤᠨ ᠠᠯᠢ ᠠᠯᠢ ᠨᠢ ᠣᠷᠣᠨ ᠨᠤᠲᠤᠭ ᠤᠨ ᠣᠯᠠᠨ ᠨᠡᠶᠢᠲᠡ ᠳᠦ ᠲᠦᠰᠢᠭᠯᠡᠭᠰᠡᠨ ᠪᠠᠶᠢᠭᠠᠯ ᠤᠨ ᠨᠥᠭᠡᠴᠡ ᠶᠢᠨ ᠤᠳᠤᠷᠢᠳᠤᠯᠭ᠎ᠠ ᠳᠤ ᠰᠠᠭᠤᠷᠢᠯᠠᠬᠤ ᠪᠠ ᠡᠨᠡ ᠨᠢ ᠮᠣᠩᠭᠣᠯ ᠣᠷᠣᠨ ᠤ ᠤᠯᠠᠮᠵᠢᠯᠠᠯ ᠳᠤ ᠨᠡᠶᠢᠴᠡᠲᠡᠢ ᠪᠥᠭᠡᠳ ᠪᠢᠣᠯᠣᠭᠢ ᠶᠢᠨ ᠣᠯᠠᠨ ᠶᠠᠩᠵᠤ ᠪᠠᠶᠢᠳᠠᠯ ᠤᠨ ᠲᠤᠬᠠᠢ ᠻᠣᠨᠸᠧᠨᠼ ᠤᠨ ᠳᠡᠮᠵᠢᠳᠡᠭ ᠠᠷᠭ᠎ᠠ ᠬᠡᠯᠪᠡᠷᠢ ᠶᠤᠮ᠃  ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠢ ᠣᠷᠣᠨ ᠨᠤᠲᠤᠭ ᠤᠨ ᠵᠠᠬᠢᠷᠭ᠎ᠠ ᠵᠥᠪᠬᠡᠨ ᠲᠦᠷᠢ ᠬᠤᠭᠤᠴᠠᠭ᠎ᠠ ᠪᠠᠷ ᠲᠣᠭᠲᠠᠭᠠᠬᠤ ᠪᠠ ᠠᠷᠪᠠᠨ ᠵᠢᠯ ᠡᠴᠡ ᠬᠡᠲᠦᠷᠬᠦ ᠦᠭᠡᠢ ᠬᠤᠭᠤᠴᠠᠭ᠎ᠠ ᠲᠠᠢ ᠪᠠᠶᠢᠨ᠎ᠠ᠃ ᠭᠡᠬᠦ ᠳᠦ ᠪᠡᠨ ᠬᠠᠮᠠᠭᠠᠯᠠᠯ ᠤᠨ ᠬᠤᠭᠤᠴᠠᠭ᠎ᠠ ᠳᠠᠭᠤᠰᠪᠠᠴᠤ ᠰᠤᠩᠭᠠᠵᠤ ᠪᠣᠯᠤᠨ᠎ᠠ᠃ ᠲᠡᠶᠢᠮᠦ ᠡᠴᠡ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭ᠎ᠠ ᠪᠠᠶᠢᠩᠭᠤ ᠬᠡᠯᠪᠡᠯᠵᠡᠵᠦ ᠪᠠᠶᠢᠳᠠᠭ᠃ ᠴᠢᠨᠠᠭᠰᠢᠯᠠᠭᠠᠳ᠂ ᠣᠷᠣᠨ ᠨᠤᠲᠤᠭ ᠪᠠ ᠲᠥᠪ ᠦᠨ ᠬᠣᠭᠣᠷᠣᠨᠳᠣ ᠮᠡᠳᠡᠭᠡᠯᠡᠯ ᠦᠨ ᠤᠷᠤᠰᠬᠠᠯ ᠬᠥᠰᠢᠭᠦᠨ ᠤᠳᠠᠭᠠᠨ ᠲᠤᠯᠠ ᠠᠭᠤᠯᠠ ᠠᠭᠤᠷᠬᠠᠢ ᠬᠦᠨᠳᠦ ᠦᠢᠯᠡᠳᠪᠦᠷᠢ ᠶᠢᠨ ᠶᠠᠮᠤ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠲᠤ ᠠᠭᠤᠯᠠ ᠠᠭᠤᠷᠬᠠᠢ ᠶᠢᠨ ᠵᠥᠪᠰᠢᠶᠡᠷᠡᠯ ᠣᠯᠭᠠᠴᠢᠬᠠᠭᠰᠠᠨ ᠲᠣᠬᠢᠶᠠᠯᠳᠤᠯ ᠤᠳ ᠪᠠᠶᠢᠳᠠᠭ᠃ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠰᠦᠯᠵᠢᠶᠡᠨ ᠦ ᠬᠥᠭᠵᠢᠯ ᠡᠬᠢᠨ ᠳᠦ ᠪᠡᠨ ᠤᠳᠠᠭᠠᠨ ᠶᠠᠪᠤᠴᠠ ᠲᠠᠢ ᠪᠠᠶᠢᠭᠰᠠᠨ᠂ 1988᠂ 1999 ᠣᠨ ᠨᠤᠭᠤᠳ ᠲᠤ ᠵᠢᠯ ᠳᠦ 15 ᠰᠢᠨ᠎ᠡ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠢ ᠲᠣᠭᠲᠠᠭᠠᠵᠤ ᠪᠠᠶᠢᠯ᠎ᠠ᠃ ᠬᠠᠷᠢᠨ 2000 ᠣᠨ ᠠᠴᠠ ᠡᠬᠢᠯᠡᠭᠡᠳ ᠵᠢᠯ ᠳᠦ ᠵᠠᠷᠯᠠᠬᠤ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭ᠎ᠠ ᠨᠡᠮᠡᠭᠳᠡᠭᠰᠡᠨ (ᠵᠢᠱᠢᠶᠡᠯᠡᠪᠡᠯ 2000 ᠣᠨ ᠳᠤ 119᠂ 2007 ᠣᠨ ᠳᠤ 180 ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠲᠣᠭᠲᠠᠭᠠᠭᠰᠠᠨ) ᠪᠠ ᠬᠠᠷᠢᠨ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠰᠦᠯᠵᠢᠶ᠎ᠡ ᠪᠠᠶᠢᠭᠤᠯᠬᠤ ᠶᠠᠪᠤᠴᠠ ᠡᠷᠡᠰ ᠤᠳᠠᠭᠠᠰᠢᠷᠠᠭᠰᠠᠨ ᠪᠢᠯᠡ᠃ ᠡᠶᠢᠨᠬᠦᠦ ᠣᠳᠣ ᠶᠢᠨ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠳᠡᠶᠢᠯᠦᠩᠬᠢ ᠨᠢ 2000 ᠣᠨ ᠤ 1 ᠰᠠᠷ᠎ᠠ ᠶᠢᠨ 1 ᠡᠴᠡ ᠬᠣᠶᠢᠰᠢ ᠮᠡᠨᠳᠦᠯᠡᠭᠰᠡᠨ ᠪᠠᠶᠢᠨ᠎ᠠ᠃ ᠲᠡᠭᠦᠨᠴᠢᠯᠡᠨ 2013᠂ 2016 ᠣᠨ ᠳᠤ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭ᠎ᠠ ᠳᠣᠷᠪᠢᠲᠠᠢ ᠨᠡᠮᠡᠭᠳᠡᠭᠰᠡᠨ (2013 ᠣᠨ ᠳᠤ 125᠂ 2014 ᠣᠨ ᠳᠤ 374᠂ 2015 ᠣᠨ ᠳᠤ 576᠂ 2016 ᠣᠨ ᠳᠤ 348)᠃ ᠡᠶᠢᠨᠬᠦᠦ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭ᠎ᠠ ᠡᠷᠡᠰ ᠨᠡᠮᠡᠭᠳᠡᠭᠰᠡᠨ ᠳᠦ ᠲᠤᠬᠠᠢ ᠶᠢᠨ ᠲᠣᠭᠲᠠᠯᠴᠠᠭ᠎ᠠ ᠶᠢ ᠰᠢᠭᠦᠮᠵᠢᠯᠡᠬᠦ᠂ ᠲᠤᠬᠠᠢ ᠶᠢᠨ ᠭᠠᠵᠠᠷ ᠨᠤᠲᠤᠭ ᠬᠠᠮᠠᠭᠠᠯᠠᠯᠲᠠ ᠶᠢᠨ ᠴᠢᠬᠤᠯᠠ ᠠᠴᠢ ᠬᠣᠯᠪᠣᠭᠳᠠᠯ ᠲᠠᠢ ᠪᠣᠯᠬᠤ ᠶᠢ ᠨᠤᠲᠠᠯᠠᠬᠤ ᠪᠠᠶᠢᠭᠠᠯ ᠤᠨ ᠲᠣᠭᠠᠯᠠᠯᠭ᠎ᠠ᠂ ᠦᠨᠡᠯᠡᠭᠡ ᠶᠢ ᠨᠤᠬᠤᠴᠠᠲᠠᠢ ᠬᠢᠬᠦ ᠪᠣᠯᠤᠮᠵᠢ ᠲᠠᠢ ᠡᠰᠡᠬᠦ ᠳᠦ ᠡᠷᠡᠭᠡᠯᠵᠡᠬᠦ ᠬᠠᠨᠳᠤᠯᠭ᠎ᠠ ᠭᠠᠷᠤᠭᠰᠠᠨ᠃ ᠡᠨᠡᠴᠢᠯᠡᠨ ᠡᠶᠢᠮᠦ ᠣᠯᠠᠨ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠢ ᠲᠣᠭᠲᠠᠭᠠᠬᠤ ᠠᠯᠪᠠᠨ ᠶᠣᠰᠣᠨ ᠤ ᠵᠢᠷᠤᠮ ᠤᠳ ᠢ ᠭᠦᠢᠴᠡᠳᠭᠡᠬᠦ ᠪᠣᠯᠤᠮᠵᠢ ᠳᠤ ᠡᠷᠡᠭᠡᠯᠵᠡᠵᠦ ᠪᠠᠶᠢᠪᠠ᠃ ᠡᠶᠢᠨᠬᠦᠦ ᠰᠢᠭᠦᠮᠵᠢᠯᠡᠭᠰᠡᠨ ᠢᠶᠡᠷ ᠵᠠᠷᠢᠮ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠢ ᠪᠠᠶᠢᠭᠤᠯᠤᠭᠰᠠᠨ ᠰᠡᠳᠡᠯ ᠨᠢ ᠪᠠᠶᠢᠭᠠᠯᠢ ᠣᠷᠴᠢᠨ ᠪᠢᠰᠢ᠂ ᠦᠷᠡᠵᠢᠯ ᠰᠢᠮ᠎ᠡ ᠲᠡᠢ ᠪᠡᠯᠴᠢᠭᠡᠷ ᠨᠤᠲᠤᠭ ᠢ ᠪᠤᠰᠤᠳ ᠣᠷᠣᠨ ᠨᠤᠲᠤᠭ ᠤᠨ ᠬᠦᠮᠦᠰ ᠡᠴᠡ ᠬᠠᠷᠠᠮᠯᠠᠭᠰᠠᠨ᠂ ᠡᠰᠡᠪᠡᠯ ᠠᠭᠤᠯᠠ ᠠᠭᠤᠷᠬᠠᠢ ᠶᠢᠨ ᠻᠣᠮᠫᠠᠨᠢ ᠨᠤᠭᠤᠳ ᠠᠴᠠ ᠲᠤᠬᠠᠢ ᠶᠢᠨ ᠭᠠᠵᠠᠷ ᠤᠨ ᠲᠤᠰᠬᠠᠢ ᠬᠠᠮᠠᠭᠠᠯᠠᠯᠲᠠ ᠠᠴᠠ ᠭᠠᠷᠭᠠᠭᠰᠠᠨ ᠤ ᠲᠥᠯᠥᠪᠦᠷᠢ ᠲᠥᠯᠥᠭᠦᠯᠬᠦ ᠭᠡᠬᠦ ᠮᠡᠲᠦ ᠰᠡᠳᠡᠯ ᠲᠡᠢ ᠪᠠᠶᠢᠵᠤ ᠪᠣᠯᠵᠣᠰᠢ ᠦᠭᠡᠢ ᠭᠡᠵᠦ ᠰᠡᠵᠢᠭᠯᠡᠵᠦ ᠪᠠᠶᠢᠪᠠ᠃ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠤᠨ ᠬᠡᠮᠵᠢᠶ᠎ᠡ 1 ᠭᠠ ᠠᠴᠠ 100000 ᠾᠠ᠊ ᠪᠠᠶᠢᠭ᠎ᠠ ᠴᠤ ᠣᠷᠣᠨ ᠨᠤᠲᠤᠭ ᠤᠨ 40 ᠲᠤᠰᠬᠠᠢ ᠬᠠᠮᠠᠭᠠᠯᠠᠯᠲᠠ ᠲᠠᠢ ᠭᠠᠵᠠᠷ ᠡᠭᠦᠨ ᠡᠴᠡ ᠶᠡᠬᠡ ᠲᠠᠯᠠᠪᠠᠢ ᠲᠠᠢ ᠪᠥᠭᠡᠳ ᠨᠡᠶᠢᠯᠡᠭᠡᠳ ᠪᠦᠬᠦ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠨᠡᠶᠢᠯᠡᠪᠦᠷᠢ ᠡᠴᠡ ᠢᠯᠡᠭᠦᠦ ᠶᠠᠭᠤᠮ᠎ᠠ᠃ ᠣᠷᠴᠢᠨ ᠴᠠᠭ ᠤᠨ ᠦᠨᠳᠦᠰᠦᠨ ᠦ ᠬᠡᠮᠵᠢᠶᠡᠨ ᠦ ᠴᠠᠬᠢᠮ ᠮᠡᠳᠡᠭᠡᠯᠡᠯ ᠦᠨ ᠰᠢᠰᠲ᠋ᠧᠮ ᠦᠭᠡᠢ ᠶᠢᠨ ᠤᠷᠰᠢᠭ ᠢᠶᠠᠷ ᠣᠯᠳᠠᠵᠤ ᠪᠠᠶᠢᠭ᠎ᠠ ᠰᠲ᠋ᠠᠲ᠋ᠢᠰᠲ᠋ᠢᠻ ᠮᠡᠳᠡᠭᠡᠯᠡᠯ ᠨᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠲᠣᠭ᠎ᠠ᠂ ᠲᠠᠯᠠᠪᠠᠢ ᠶᠢᠨ ᠲᠠᠯ᠎ᠠ ᠪᠠᠷ ᠨᠠᠷᠢᠪᠴᠢᠯᠠᠭᠰᠠᠨ ᠥᠭᠭᠥᠭᠳᠡᠯ ᠢᠶᠡᠷ ᠬᠠᠩᠭᠠᠵᠤ ᠴᠢᠳᠠᠬᠤ ᠦᠭᠡᠢ ᠪᠠᠶᠢᠨ᠎ᠠ᠃ ᠤᠴᠢᠷ ᠨᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠲᠣᠭᠲᠠᠭᠠᠭᠰᠠᠨ ᠪᠠ ᠬᠤᠭᠤᠴᠠᠭ᠎ᠠ ᠳᠠᠭᠤᠰᠤᠭᠰᠠᠨ᠂ ᠰᠤᠩᠭᠠᠭᠰᠠᠨ ᠪᠠᠶᠢᠳᠠᠯ ᠤᠨ ᠮᠡᠳᠡᠭᠡᠯᠡᠯ ᠦᠨ ᠲᠥᠪ ᠷᠦᠦ ᠲᠡᠷᠡ ᠪᠦᠷᠢ ᠰᠢᠭᠤᠷᠬᠠᠢ ᠳᠠᠮᠵᠢᠭᠤᠯᠳᠠᠭ ᠦᠭᠡᠢ᠃ ᠲᠡᠶᠢᠮᠦ ᠤᠴᠢᠷ ᠠᠴᠠ ᠯᠠ ᠪᠠᠶᠢᠭᠠᠯᠢ ᠣᠷᠴᠢᠨ ᠤ ᠮᠡᠳᠡᠭᠡᠯᠡᠯ ᠦᠨ ᠲᠥᠪ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠣᠶᠠᠷ ᠵᠡᠷᠭᠡᠴᠡᠭᠡ ᠮᠡᠳᠡᠭᠡᠯᠡᠯ ᠦᠨ ᠰᠠᠩ ᠦᠵᠡᠭᠦᠯᠳᠡᠭ᠂ ᠲᠡᠳᠡᠭᠡᠷ ᠦᠨ ᠨᠢᠭᠡ ᠨᠢ ᠮᠡᠳᠡᠭᠳᠡᠵᠦ ᠪᠠᠶᠢᠭ᠎ᠠ ᠪᠦᠬᠦ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠥᠭᠭᠥᠭᠳᠡᠯ ᠲᠡᠢ (ᠬᠠᠮᠠᠭᠠᠯᠠᠯ ᠤᠨ ᠡᠷᠬᠡ ᠵᠦᠢ ᠶᠢᠨ ᠪᠠᠶᠢᠳᠠᠯ᠂ ᠬᠢᠯᠢ ᠬᠢᠵᠠᠭᠠᠷ ᠨᠢ ᠲᠣᠳᠣᠷᠬᠠᠢ ᠦᠭᠡᠢ ᠭᠠᠵᠠᠷ ᠤᠳ ᠪᠠᠰᠠ ᠬᠠᠮᠤᠷᠤᠭᠳᠠᠭᠰᠠᠨ)᠂ ᠨᠥᠭᠥᠭᠡ ᠨᠢ ᠡᠷᠬᠡ ᠵᠦᠢ ᠶᠢᠨ ᠪᠠᠶᠢᠳᠠᠯ᠂ ᠬᠢᠯᠢ ᠬᠢᠵᠠᠭᠠᠷ ᠨᠢ ᠪᠠᠲᠤᠯᠠᠭᠳᠠᠭᠰᠠᠨ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠤᠨ ᠥᠭᠭᠥᠭᠳᠡᠯ ᠲᠡᠢ ᠪᠠᠶᠢᠨ᠎ᠠ᠃ ᠵᠢᠱᠢᠶᠡᠯᠡᠬᠦ ᠳᠦ᠂ ᠮᠣᠩᠭᠣᠯ ᠤᠯᠤᠰ 2015 ᠣᠨ ᠳᠤ ᠨᠡᠶᠢᠲᠡ 57.9 ᠰᠠᠶ᠎ᠠ ᠾᠠ᠊ ᠲᠠᠯᠠᠪᠠᠢ (ᠨᠡᠶᠢᠲᠡ ᠨᠤᠲᠤᠭ ᠤᠨ 37.1 ᠬᠤᠪᠢ) ᠪᠦᠬᠦᠢ 2362 ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠲᠠᠢ (ᠠᠶᠢᠮᠠᠭ ᠤᠨ 919᠂ ᠰᠤᠮᠤ ᠶᠢᠨ 443) ᠪᠠᠶᠢᠭᠰᠠᠨ᠃ ᠭᠡᠲᠡᠯ᠎ᠡ ᠣᠷᠣᠨ ᠨᠤᠲᠤᠭ ᠤᠨ 978 ᠲᠤᠰᠬᠠᠢ ᠬᠠᠮᠠᠭᠠᠯᠠᠯᠲᠠ ᠲᠠᠢ ᠭᠠᠵᠠᠷ ᠤᠨ ᠡᠷᠬᠡ ᠵᠦᠢ ᠶᠢᠨ ᠪᠠᠶᠢᠳᠠᠯ ᠲᠣᠳᠣᠷᠬᠠᠢ ᠦᠭᠡᠢ᠂ 681 ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠢᠯᠢ ᠬᠢᠵᠠᠭᠠᠷ ᠲᠣᠳᠣᠷᠬᠠᠢ ᠦᠭᠡᠢ ᠪᠠᠶᠢᠯ᠎ᠠ᠃ ᠡᠳᠡᠭᠡᠷ ᠡᠴᠡ ᠰᠢᠯᠲᠠᠭᠠᠯᠠᠭᠠᠳ᠂ ᠬᠣᠶᠠᠷ ᠳᠠᠬᠢ ᠥᠭᠭᠥᠭᠳᠡᠯ ᠦᠨ ᠰᠠᠩ ᠨᠢ ᠪᠠᠲᠤᠯᠠᠭᠳᠠᠭᠰᠠᠨ ᠤᠴᠢᠷ ᠠᠴᠠ ᠮᠠᠷᠭᠤᠭᠠᠨ ᠦᠭᠡᠢ 17.7 ᠰᠠᠶ᠎ᠠ ᠾᠠ᠊ (ᠨᠡᠶᠢᠲᠡ ᠨᠤᠲᠤᠭ ᠤᠨ 11.36 ᠬᠤᠪᠢ) 1103 ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠢ ᠬᠠᠮᠤᠷᠳᠠᠭ᠃ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠳ ᠤᠨ ᠲᠣᠮᠣᠬᠠᠨ ᠨᠤᠭᠤᠳ ᠨᠢ ᠪᠠᠶᠠᠨᠬᠣᠩᠭᠣᠷ ᠠᠶᠢᠮᠠᠭ ᠳᠠᠬᠢ ᠬᠠᠩᠭᠠᠢ ᠶᠢᠨ ᠪᠥᠰᠡ ᠲᠤᠰᠬᠠᠢ ᠬᠠᠮᠠᠭᠠᠯᠠᠯᠲᠠ ᠲᠠᠢ ᠭᠠᠵᠠᠷ (989126 ᠭᠠ); 《ᠥᠪᠦᠷᠬᠠᠩᠭᠠᠢ ᠠᠶᠢᠮᠠᠭ ᠤᠨ ᠤᠯᠤᠰ ᠤᠨ ᠬᠢᠯᠢ ᠳᠠᠭᠠᠭᠤᠬᠢ ᠡᠮᠦᠨᠡᠲᠦ ᠰᠤᠮᠤ ᠳᠤ ᠳᠠᠬᠢ》 ᠲᠤᠰᠬᠠᠢ ᠬᠠᠮᠠᠭᠠᠯᠠᠯᠲᠠ ᠲᠠᠢ ᠭᠠᠵᠠᠷ (863271 ᠭᠠ); ᠰᠦᠬᠡᠪᠠᠭᠠᠲᠤᠷ ᠠᠶᠢᠮᠠᠭ ᠳᠠᠬᠢ ᠵᠣᠲᠣᠯ ᠬᠠᠨ ᠠᠭᠤᠯᠠ ᠲᠤᠰᠬᠠᠢ ᠬᠠᠮᠠᠭᠠᠯᠠᠯᠲᠠ ᠲᠠᠢ ᠭᠠᠵᠠᠷ (530942 ᠭᠠ) ᠪᠣᠯᠤᠨ᠎ᠠ᠃ ᠵᠠᠷᠢᠮ ᠠᠶᠢᠮᠠᠭ ᠨᠤᠲᠤᠭ ᠳᠡᠪᠢᠰᠬᠡᠷ ᠦᠨ ᠢᠶᠡᠨ ᠶᠡᠬᠡᠬᠡᠨ ᠬᠡᠰᠡᠭ ᠢ ᠬᠠᠮᠤᠷᠤᠭᠰᠠᠨ ᠥᠷᠭᠡᠨ ᠠᠭᠤᠳᠠᠮ ᠨᠤᠲᠤᠭ ᠢ ᠲᠤᠰᠬᠠᠢ ᠬᠠᠮᠠᠭᠠᠯᠠᠯᠲᠠ ᠲᠠᠢ ᠭᠠᠵᠠᠷ ᠤᠨ ᠪᠦᠷᠢᠯᠳᠦᠬᠦᠨ ᠳᠦ ᠣᠷᠣᠭᠤᠯᠬᠤ ᠪᠠᠷ ᠰᠢᠢᠳᠪᠦᠷᠢᠯᠡᠭᠰᠡᠨ ᠪᠠᠶᠢᠨ᠎ᠠ᠃ 2017 ᠣᠨ ᠳᠤ ᠬᠠᠮᠤᠭ ᠤᠨ ᠲᠣᠮᠣᠬᠠᠨ ᠲᠠᠯᠠᠪᠠᠢ ᠶᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠳᠤ ᠣᠷᠣᠭᠤᠯᠤᠭᠰᠠᠨ᠂ ᠲᠤᠰᠬᠠᠢ ᠬᠠᠮᠠᠭᠠᠯᠠᠯᠲᠠ ᠲᠠᠢ ᠭᠠᠵᠠᠷ ᠠᠶᠢᠮᠠᠭ ᠤᠨ ᠨᠤᠲᠤᠭ ᠳᠡᠪᠢᠰᠬᠡᠷ ᠦᠨ ᠨᠢ ᠶᠡᠬᠡᠬᠡᠨ ᠬᠡᠰᠡᠭ ᠢ ᠡᠵᠡᠯᠡᠳᠡᠭ ᠲᠠᠪᠤᠨ ᠠᠶᠢᠮᠠᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠨᠡᠶᠢᠯᠡᠪᠦᠷᠢ ᠲᠠᠯᠠᠪᠠᠢ 13 ᠰᠠᠶ᠎ᠠ ᠾᠠ᠊ (ᠬᠦᠰᠦᠨᠦᠭᠲᠦ 11.3) ᠪᠤᠶᠤ ᠤᠯᠤᠰ ᠤᠨ ᠨᠡᠶᠢᠲᠡ ᠨᠤᠲᠤᠭ ᠤᠨ 8.25 ᠬᠤᠪ ᠢ ᠡᠵᠡᠯᠡᠵᠦ ᠪᠠᠶᠢᠨ᠎ᠠ᠃ ᠪᠠᠢᠢᠭᠠᠯᠢ ᠣᠷᠴᠢᠨ ᠠᠶᠠᠯᠠᠯ ᠵᠢᠭᠤᠯᠴᠢᠯᠠᠯ ᠊ᠤᠨ ᠶᠠᠮᠤᠨ ᠤ ᠮᠡᠳᠡᠭᠡᠯᠡᠯ ᠢᠶᠡᠷ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠰᠦᠯᠵᠢᠶᠡᠨ ᠳᠦ 2016 ᠣᠨ ᠳᠤ 1108 ᠲᠤᠰᠬᠠᠢ ᠬᠠᠮᠠᠭᠠᠯᠠᠯᠲᠠ ᠲᠠᠢ ᠭᠠᠵᠠᠷ (ᠲᠣᠳᠣᠷᠬᠠᠢ ᠦᠭᠡᠢ ᠶᠢ ᠨᠢ ᠬᠠᠰᠤᠭᠠᠳ)᠂ 18837459.75 ᠾᠠ᠊ (ᠤᠯᠤᠰ ᠤᠨ ᠨᠡᠶᠢᠲᠡ ᠨᠤᠲᠤᠭ ᠤᠨ 12.04 ᠬᠤᠪᠢ) ᠬᠠᠮᠤᠷᠤᠭᠳᠠᠵᠤ ᠪᠠᠶᠢᠴᠠᠢ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width