Засварлах: ᠬᠠᠨ ᠪᠤᠮᠪᠠᠳᠤ ᠨᠢᠰᠬᠦ ᠪᠠᠭᠤᠳᠠᠯ

Анхаар: Та нэвтрээгүй байгаа тул ямарваа засвар хийвэл таны IP хаяг нийтэд ил харагдана. Нэвтэрч орох эсвэл шинээр бүртгүүлвэл таны оруулсан засварууд таны нэр доор бүртгэгддэг давуу талтай.

Засвар цуцлагдаж болно. Доорх харьцуулалтыг шалгаж үнэхээр хиймээр байгаа зүйл мөн үү гэдгээ нотлоорой. Дараа нь засварыг дуусгахын тулд өөрчлөлтүүдээ хадгална уу.

Одоогийн засвар Таны текст
1-р мөр: 1-р мөр:

__TOC__
[[File:Khan Bumbatu 01.jpg|thumbnail]]

ᠬᠠᠨ ᠪᠤᠮᠪᠠᠳᠤ ᠨᠢᠰᠬᠦ ᠪᠠᠭᠤᠳᠠᠯ ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤ ᠶᠢᠨ ᠨᠤᠲᠤᠭ ᠳᠡᠪᠢᠰᠬᠡᠷ ᠲᠦ ᠣᠷᠣᠰᠢᠳᠠᠭ᠃ ᠨᠢᠰᠬᠦ ᠪᠠᠭᠤᠳᠠᠯ 240 ᠵᠣᠷᠴᠢᠭᠴᠢ ᠳᠤ ᠦᠢᠯᠡᠴᠢᠯᠡᠬᠦ ᠬᠦᠴᠦᠨ ᠴᠢᠳᠠᠯ ᠲᠠᠢ᠃ ᠤᠷᠠᠨ ᠪᠠᠷᠢᠯᠭᠠᠴᠢ ᠫ ∙ ᠠᠷᠢᠭᠤᠨᠪᠣᠯᠣᠳ᠂ ᠭ ∙ ᠭᠠᠩᠲᠤᠶᠠᠭ᠎ᠠ ᠨᠠᠷ ᠤᠨ ᠲᠥᠰᠥᠯ ᠢᠶᠡᠷ᠂ ᠣᠭ᠌ᠶᠤ ᠲᠣᠯᠣᠭᠠᠢ ᠻᠣᠮᠫᠠᠨᠢ ᠶᠢᠨ ᠵᠠᠬᠢᠶᠠᠯᠠᠭ᠎ᠠ ᠪᠠᠷ 2012 ᠣᠨ ᠳᠤ ᠪᠠᠷᠢᠭᠳᠠᠭᠰᠠᠨ᠃ ᠶᠡᠷᠦᠩᠬᠡᠢ ᠵᠠᠭᠪᠤᠷ ᠨᠢ ᠮᠣᠩᠭᠣᠯ ᠬᠡᠪ ᠮᠠᠶᠢᠭ ᠢ ᠢᠯᠡᠷᠬᠡᠶᠢᠯᠡᠭᠰᠡᠨ᠃ ᠣᠭ᠌ᠶᠤ ᠲᠣᠯᠣᠭᠠᠢ ᠻᠣᠮᠫᠠᠨᠢ ᠶᠢᠨ ᠡᠮᠦᠨᠡᠬᠢ ᠨᠢᠰᠬᠦ ᠪᠠᠭᠤᠳᠠᠯ ᠤᠨ ᠵᠣᠷᠴᠢᠭᠴᠢ ᠦᠢᠯᠡᠴᠢᠯᠡᠭᠡᠨ ᠦ ᠪᠠᠷᠢᠯᠭ᠎ᠠ ᠮᠣᠩᠭᠣᠯ ᠭᠡᠷ ᠪᠠᠶᠢᠭᠰᠠᠨ ᠪᠥᠭᠡᠳ ᠭᠠᠳᠠᠭᠠᠳᠤ ᠳᠣᠲᠣᠭᠠᠳᠤ ᠶᠢᠨ ᠵᠣᠷᠴᠢᠭᠴᠢᠳ ᠳᠤᠭᠤᠢ ᠬᠡᠯᠪᠡᠷᠢ ᠲᠡᠢ ᠭᠡᠷ ᠲᠦ ᠨᠢᠰᠦᠯᠭᠡ ᠪᠡᠨ ᠪᠦᠷᠢᠳᠬᠡᠭᠦᠯᠵᠦ᠂ ᠣᠩᠭᠣᠴᠠ ᠪᠠᠨ ᠬᠦᠯᠢᠶᠡᠩᠭᠡ ᠻᠣᠹᠧ ᠤᠤᠭᠤᠵᠤ᠂ ᠲᠧᠯᠧᠸᠢᠽ ᠦᠵᠡᠨ ᠪᠤᠢ ᠨᠢ ᠰᠣᠨᠢᠷᠬᠠᠯᠲᠠᠢ ᠰᠠᠨᠠᠭᠳᠠᠭᠰᠠᠨ ᠪᠥᠭᠡᠳ ᠡᠨᠡᠬᠦ ᠪᠠᠶᠢᠳᠠᠯ ᠢ ᠬᠠᠳᠠᠭᠠᠯᠠᠨ᠂ ᠣᠷᠴᠢᠨ ᠦᠶ᠎ᠡ ᠶᠢᠨ ᠲᠣᠬᠢᠵᠢᠯᠲᠠ ᠶᠢᠨ ᠬᠡᠪ ᠮᠠᠶᠢᠭ᠂ ᠲᠡᠷᠡᠴᠢᠯᠡᠨ ᠠᠷᠬᠢᠲ᠋ᠧᠻᠲ᠋ᠦ᠋ᠷ ᠲᠤ ᠬᠥᠷᠪᠡᠭᠦᠯᠬᠦ ᠶᠢ ᠬᠢᠴᠢᠶᠡᠨ ᠲᠥᠯᠥᠪᠯᠡᠭᠰᠡᠨ᠃
ᠢᠷᠡᠬᠦ ᠪᠤᠴᠠᠬᠤ ᠵᠣᠷᠴᠢᠭᠴᠢᠳ ᠤᠨ ᠲᠠᠩᠬᠢᠮ ᠤᠳ ᠤᠨ ᠲᠠᠭᠠᠵᠠᠨ ᠤ ᠰᠢᠢᠳᠦᠯ ᠢ ᠡᠯᠡᠰᠦᠨ ᠮᠠᠩᠬᠠᠨ ᠨᠤᠭᠤᠳ ᠢ ᠳᠠᠭᠤᠷᠢᠶᠠᠯᠭᠠᠨ ᠬᠡᠯᠪᠡᠷᠢᠵᠢᠭᠦᠯᠵᠦ ᠰᠢᠭᠤᠳ ᠪᠤᠰᠤ ᠲᠤᠰᠬᠠᠯ ᠲᠠᠢ ᠭᠡᠷᠡᠯ ᠦᠨ ᠰᠢᠰᠲ᠋ᠧᠮ ᠢᠶᠡᠷ ᠲᠣᠨᠣᠭᠯᠠᠭᠰᠠᠨ ᠨᠢ ᠣᠷᠣᠨ ᠵᠠᠢ ᠶᠢᠨ ᠬᠤᠪᠢ ᠳᠤ ᠠᠭᠤᠵᠢᠮ ᠰᠡᠳᠬᠢᠭᠳᠡᠯ ᠲᠥᠷᠥᠭᠦᠯᠬᠦ ᠵᠣᠷᠢᠯᠭ᠎ᠠ ᠲᠠᠢ᠃
ᠪᠦᠬᠦᠢ ᠯᠠ ᠲᠠᠩᠬᠢᠮ ᠤᠳ ᠤᠨ ᠱᠠᠯᠠ ᠶᠢ ᠡᠯᠡᠰᠦᠨ ᠰᠢᠷᠬᠡᠭ ᠢ ᠰᠠᠨᠠᠭᠳᠠᠭᠤᠯᠤᠮ᠎ᠠ ᠪᠠᠶᠢᠭᠠᠯᠢ ᠊ᠢᠢᠨ ᠴᠢᠯᠠᠭᠤᠨ ᠬᠠᠪᠲᠠᠩ ᠢᠶᠠᠷ ᠥᠩᠭᠡᠯᠡᠵᠦ ᠵᠣᠷᠴᠢᠭᠴᠢᠳ ᠤᠨ ᠴᠢᠭᠯᠡᠯ ᠢ ᠲᠣᠳᠣᠷᠠᠭᠤᠯᠬᠤ ᠵᠣᠷᠢᠯᠭ᠎ᠠ ᠲᠠᠢ ᠰᠠᠷᠠᠯ ᠥᠩᠭᠡ ᠶᠢᠨ ᠴᠢᠯᠠᠭᠤᠨ ᠬᠠᠪᠲᠠᠩ ᠡᠮᠵᠢᠶᠡᠷᠢ᠂ ᠬᠤᠪᠢᠶᠠᠷᠢᠯᠠᠯᠲᠠ ᠨᠤᠭᠤᠳ ᠢ ᠰᠢᠭᠢᠳᠬᠡᠭᠰᠡᠨ᠃
ᠭᠣᠣᠯ ᠲᠠᠩᠬᠢᠮ ᠢ ᠪᠠᠶᠢᠭᠠᠯᠢ ᠊ᠢᠢᠨ ᠭᠡᠷᠡᠯ ᠰᠢᠭᠤᠳ ᠨᠡᠪᠲᠡᠷᠡᠭᠦᠯᠬᠦ ᠲᠣᠭᠣᠨᠣ᠂ ᠭᠡᠷᠡᠯᠲᠦ ᠪᠠᠭᠠᠨ᠎ᠠ ᠶᠢᠨ ᠲᠣᠯᠣᠭᠠᠢ ᠶᠢᠨ ᠴᠢᠮᠡᠭᠯᠡᠯ᠂ ᠳᠠᠯᠳᠠ ᠭᠡᠷᠡᠯᠲᠦᠭᠦᠯᠭᠡ ᠪᠦᠬᠦᠢ ᠤᠨᠢ ᠵᠡᠷᠭᠡ ᠮᠣᠩᠭᠣᠯ ᠭᠡᠷ ᠦᠨ ᠦᠨᠳᠦᠰᠦᠨ ᠡᠯᠧᠮᠧᠨᠲ ᠦᠳ ᠢ ᠳᠦᠷᠰᠦᠯᠡᠨ ᠡᠨᠡᠬᠦ ᠠᠭᠤᠷ ᠠᠮᠢᠰᠬᠤᠯ ᠢ ᠠᠯᠳᠠᠭᠳᠠᠭᠤᠯᠬᠤ ᠦᠭᠡᠢ ᠵᠣᠷᠢᠯᠭ᠎ᠠ ᠪᠠᠷ ᠲᠤᠰᠠᠯᠠᠬᠤ ᠬᠠᠨ᠎ᠠ ᠨᠤᠭᠤᠳ ᠢ ᠰᠢᠯᠢᠨ ᠬᠠᠨ᠎ᠠ ᠶᠢᠨ ᠰᠢᠰᠲ᠋ᠧᠮ ᠢᠶᠡᠷ ᠲᠠᠩᠬᠢᠮ ᠢ ᠪᠦᠷᠢᠨ ᠲᠠᠰᠤᠯᠠᠬᠤ ᠦᠭᠡᠢ ᠲᠦᠪᠰᠢᠨ ᠳᠦ ᠬᠢᠵᠠᠭᠠᠷᠯᠠᠨ ᠠᠳᠠᠯᠢ ᠥᠨᠳᠥᠷ ᠪᠦᠬᠦᠢ ᠲᠠᠪᠢᠯᠭ᠎ᠠ ᠨᠤᠭᠤᠳ ᠢ ᠰᠠᠭᠤᠷᠢᠯᠠᠭᠤᠯᠤᠭᠰᠠᠨ᠃
[[File:Khan Bumbatu 02.jpg|thumbnail]]
ᠪᠦᠬᠦᠢ ᠯᠠ ᠲᠠᠩᠬᠢᠮ ᠤᠳ ᠢ ᠲᠤᠰᠠᠭᠠᠷᠯᠠᠬᠤ ᠬᠠᠨ᠎ᠠ ᠨᠤᠭᠤᠳ ᠢ ᠬᠠᠷᠠᠭᠠᠨ ᠤ ᠲᠦᠪᠰᠢᠨ ᠳᠦ ᠰᠢᠯᠢᠨ ᠪᠠᠶᠢᠬᠤ ᠪᠠᠷ ᠰᠢᠢᠳᠡᠭᠰᠡᠨ ᠨᠢ ᠭᠣᠣᠯ ᠲᠠᠩᠬᠢᠮ ᠪᠣᠯᠤᠨ ᠦᠨᠳᠦᠰᠦᠨ ᠲᠠᠩᠬᠢᠮ ᠤᠳ ᠢ ᠬᠤᠯᠪᠤᠬᠤ ᠻᠣᠷᠢᠳᠣᠷ ᠤᠨ ᠪᠠᠶᠢᠭᠠᠯᠢ ᠊ᠢᠢᠨ ᠭᠡᠷᠡᠯᠲᠦᠭᠦᠯᠭᠡ ᠲᠡᠢ ᠬᠣᠷᠰᠢᠨ ᠠᠭᠤᠳᠠᠮ ᠣᠷᠣᠨ ᠵᠠᠢ ᠮᠡᠳᠡᠷᠡᠭᠦᠯᠬᠦ ᠵᠣᠷᠢᠯᠭ᠎ᠠ ᠲᠠᠢ᠃

=ᠵᠢᠷᠣᠭ ᠊ᠤᠨ ᠴᠣᠮᠣᠷᠯᠢᠭ=

<gallery align="left">
Image:Khan Bumbatu 03.jpg
Image:Khan Bumbatu 04.jpg
Image:Khan Bumbatu 05.jpg
</gallery>

Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг Wikibilig:Зохиогчийн эрх-с авна уу). ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах Засвар хийх тухай тусламж (шинэ цонх нээгдэнэ)