Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠶᠠᠲᠤᠭ ᠊ᠠ᠋
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
<div style="writing-mode: vertical-lr"> {| class="wikitable" |+ | {| |[[Файл:Mongolian yatga front view.JPG|thumb]] |- |<small>ᠮᠣᠩᠭᠣᠯ ᠶᠠᠲᠤᠭ ᠠ᠋ |} |} '''ᠶᠠᠲᠤᠭ᠎ᠠ''' ᠪᠣᠯ ᠲᠣᠪᠰᠢᠭᠤᠷᠲᠤ ᠬᠥᠭᠵᠢᠮ ᠦᠨ ᠠᠩᠭᠢᠯᠠᠯ ᠂ ᠴᠢᠪᠬᠠᠳᠠᠰᠤᠲᠤ ᠬᠥᠭᠵᠢᠮ ᠦᠨ ᠠᠢ ᠳᠤ ᠪᠠᠭᠲᠠᠳᠠᠭ ᠬᠥᠭᠵᠢᠮ ᠦᠨ ᠵᠢᠮᠰᠡᠭ ᠶᠤᠮ ᠃ ᠶᠠᠲᠤᠭ᠎ᠠ ᠨᠢ ᠭᠦᠳᠦᠭᠦᠷ ᠤᠷᠲᠤ ᠬᠠᠪᠲᠠᠭᠠᠢ ᠂ ᠰᠡᠭᠦᠯ ᠬᠡᠰᠡᠭ ᠨᠢ ᠭᠠᠵᠠᠷ ᠲᠤᠯᠤᠭᠰᠠᠨ ᠂ ᠡᠪᠦᠳᠦᠭ ᠳᠡᠭᠡᠷ᠎ᠡ ᠪᠡᠨ ᠲᠠᠯᠪᠢᠵᠤ ᠬᠥᠭᠵᠢᠮᠳᠡᠬᠦ ᠳᠦ ᠵᠣᠷᠢᠭᠤᠯᠤᠭᠳᠠᠭᠰᠠᠨ ᠪᠠᠶᠢᠳᠠᠭ ᠃ ᠶᠠᠲᠤᠭ᠎ᠠ ᠬᠥᠭᠵᠢᠮ ᠦᠨ ᠪᠤᠰᠤᠳ ᠠᠷᠠᠳ ᠤᠨ ᠬᠥᠭᠵᠢᠮ ᠦᠨ ᠵᠢᠮᠰᠡᠭ ᠦᠳ ᠡᠴᠡ ᠢᠯᠭᠠᠭᠳᠠᠬᠤ ᠣᠨᠴᠠᠯᠢᠭ ᠨᠢ ᠬᠥᠭ ᠳᠠᠭᠤᠷᠢᠰᠬᠠᠯ ᠤᠨ ᠬᠤᠪᠢ ᠳᠤ ᠫᠧᠨ᠋ᠲ᠋ᠠᠲ᠋ᠣᠨᠢᠻ (ᠲᠠᠪᠤᠨ ᠡᠭᠡᠰᠢᠭ) ᠬᠥᠭ ᠢᠶᠡᠷ ᠬᠥᠭᠯᠡᠭᠳᠡᠳᠡᠭ ᠃ ᠶᠠᠲᠤᠭ᠎ᠠ ᠶᠢ ᠬᠥᠭᠵᠢᠮᠳᠡᠬᠦ ᠳᠡᠭᠡᠨ ᠰᠠᠨᠳᠠᠯᠢ ᠳᠡᠭᠡᠷ᠎ᠡ ᠰᠠᠭᠤᠵᠤ ᠂ ᠪᠠᠷᠠᠭᠤᠨ ᠡᠪᠦᠳᠦᠭ ᠳᠡᠭᠡᠷ᠎ᠡ ᠪᠡᠨ ᠲᠣᠯᠣᠭᠠᠢ ᠶᠢ ᠨᠢ ᠂ ᠶᠡᠬᠡ ᠪᠡᠶ᠎ᠡ ᠶᠢ ᠵᠡᠭᠦᠨ ᠡᠪᠦᠳᠦᠭ ᠳᠡᠭᠡᠭᠦᠷ ᠳᠠᠪᠠᠭᠤᠯᠤᠨ ᠂ ᠲᠣᠣᠷᠠᠳᠤ ᠦᠵᠦᠭᠦᠷ ᠢ ᠭᠠᠵᠠᠷ ᠲᠤ ᠲᠠᠯᠪᠢᠵᠤ ᠬᠥᠭᠵᠢᠮᠳᠡᠳᠡᠭ ᠃ ᠶᠠᠲᠤᠭ᠎ᠠ ᠶᠢᠨ ᠴᠢᠪᠬᠠᠳᠠᠰᠤ ᠶᠢ ᠥᠯᠥᠨ ᠢᠶᠡᠷ ᠂ ᠲᠡᠪᠬᠡ ᠮᠣᠳᠣ ᠶᠢ ᠵᠥᠭᠡᠯᠡᠨ ᠮᠣᠳᠣ ᠬᠤᠰᠢ ᠪᠠᠷ ᠬᠢᠳᠡᠭ ᠃ ᠶᠠᠲᠤᠭ᠎ᠠ ᠪᠠᠷ ᠬᠥᠭᠵᠢᠮᠳᠡᠬᠦ ᠳᠦ ᠬᠡᠮ ᠬᠡᠮᠵᠢᠶ᠎ᠡ ᠨᠢ ᠤᠳᠠᠭᠠᠨ ᠲᠦᠷᠭᠡᠨ ᠂ ᠠᠶ᠎ᠠ ᠬᠡᠮᠨᠡᠯ ᠶᠡᠬᠡ ᠲᠡᠢ ᠠᠶᠠᠵᠠ ᠬᠥᠭᠵᠢᠮᠳᠡᠳᠡᠭ ᠤᠴᠢᠷ ᠠᠴᠠ ᠬᠥᠭᠵᠢᠮᠳᠡᠭᠴᠢ ᠬᠦᠮᠦᠨ ᠦ ᠤᠷ᠎ᠠ ᠳᠦᠢ ᠂ ᠰᠣᠨᠣᠰᠬᠠᠯ ᠂ ᠬᠤᠷᠤᠭᠤᠨ ᠤ ᠲᠧᠭᠨᠢᠭ ᠬᠤᠷᠳᠤᠨ ᠬᠥᠳᠡᠯᠭᠡᠭᠡᠨ ᠶᠡᠬᠡ ᠡᠭᠦᠷᠭᠡ ᠲᠡᠢ ᠪᠠᠶᠢᠳᠠᠭ ᠃ ᠠᠶᠠᠯᠭᠤᠨ ᠤ ᠬᠡᠮᠨᠡᠯ ᠦᠨ ᠣᠨᠴᠠᠯᠢᠭ ᠲᠤ ᠲᠣᠬᠢᠷᠠᠭᠤᠯᠤᠨ ᠳᠠᠩ ᠳᠠᠪᠬᠤᠷ ᠨᠢᠰᠠᠯᠭ᠎ᠠ ᠂ ᠨᠠᠢ᠌ᠮᠠᠴᠠ ᠪᠠᠷ ᠲᠠᠲᠠᠬᠤ ᠲᠠᠲᠠᠯᠭ᠎ᠠ ᠂ ᠴᠡᠴᠡᠷᠡᠭᠡ ᠬᠢᠬᠦ ᠵᠡᠷᠭᠡ ᠲᠣᠭᠯᠠᠬᠤ ᠠᠷᠭ᠎ᠠ ᠶᠢ ᠬᠡᠷᠡᠭᠯᠡᠳᠡᠭ ᠃ ᠶᠠᠲᠤᠭ᠎ᠠ ᠶᠢ ᠶᠠᠮᠠᠷ ᠴᠤ ᠬᠥᠭ ᠢᠶᠡᠷ ᠬᠥᠭᠯᠡᠵᠦ ᠪᠣᠯᠳᠠᠭ ᠣᠨᠴᠠᠯᠢᠭ ᠲᠠᠢ ᠃ ᠥᠭᠡᠷ᠎ᠡ ᠪᠡᠷ ᠬᠡᠯᠡᠪᠡᠯ ᠻᠸᠨᠨ᠋ᠲ ᠦᠨ ᠬᠦᠷᠳᠦ ᠪᠡᠷ ᠬᠦᠭᠵᠢᠮᠳᠡᠵᠦ ᠪᠣᠯᠤᠨ᠎ᠠ ᠃ ᠶᠠᠲᠤᠭ᠎ᠠ ᠬᠥᠭᠵᠢᠮ ᠦᠨ ᠵᠣᠬᠢᠶᠠᠯ ᠪᠦᠲᠦᠭᠡᠯ ᠦᠨ ᠣᠨᠴᠠᠯᠢᠭ ᠨᠢ ᠥᠪᠡᠷᠮᠢᠴᠡ ᠳᠠᠭᠤᠷᠢᠰᠤᠯ ᠪᠦᠬᠦᠢ ᠠᠷᠠᠳ ᠤᠨ ᠳᠠᠭᠤᠤ ᠬᠥᠭᠵᠢᠮ ᠪᠠᠶᠢᠳᠠᠭ ᠠᠴᠠ ᠭᠠᠳᠠᠨ᠎ᠠ ᠪᠢᠢ ᠪᠦᠵᠢᠭ ᠦᠨ ᠠᠶ᠎ᠠ ᠶᠢ ᠴᠤ ᠬᠠᠮᠰᠠᠷᠠᠨ ᠬᠥᠭᠵᠢᠮᠳᠡᠬᠦ ᠣᠨᠴᠠᠯᠢᠭ ᠲᠠᠢ ᠃ ᠶᠠᠲᠤᠭ᠎ᠠ ᠬᠥᠭᠵᠢᠮ ᠢ ᠡᠬᠢᠯᠡᠨ ᠰᠤᠷᠤᠯᠴᠠᠬᠤ ᠳᠤ ᠰᠠᠭᠤᠯᠲᠠ ᠠᠴᠠ ᠡᠬᠢᠯᠡᠭᠡᠳ ᠪᠠᠷᠢᠯ ᠲᠠᠯᠪᠢᠯᠲᠠ ᠶᠢ ᠵᠥᠪ ᠡᠵᠡᠮᠰᠢᠬᠦ ᠶᠠᠪᠤᠳᠠᠯ ᠴᠢᠬᠤᠯᠠ ᠶᠤᠮ ᠃ ᠠᠩᠬᠠᠨ ᠠᠴᠠ ᠪᠠᠨ ᠪᠤᠷᠤᠭᠤ ᠲᠠᠯᠪᠢᠯ ᠡᠵᠡᠮᠰᠢᠪᠡᠯ ᠬᠣᠵᠢᠮ ᠲᠡᠭᠦᠨ ᠢ ᠵᠠᠰᠠᠬᠤ ᠳᠤ ᠬᠦᠨᠳᠦᠷᠡᠯ ᠤᠴᠠᠷᠠᠬᠤ ᠪᠥᠭᠡᠳ ᠲᠤᠬᠠᠢ ᠶᠢᠨ ᠬᠥᠭᠵᠢᠮ ᠢ ᠴᠢᠨᠠᠭᠰᠢᠳᠠ ᠢᠷᠠᠭᠤ ᠲᠣᠳᠣ ᠂ ᠭᠣᠶᠤ ᠂ ᠴᠢᠬᠢᠨ ᠳᠦ ᠴᠢᠮᠡᠭ ᠲᠡᠢ ᠵᠥᠪ ᠴᠡᠪᠡᠷᠬᠡᠨ ᠳᠠᠭᠤᠤ ᠭᠠᠷᠭᠠᠨ᠎ᠠ ᠭᠡᠳᠡᠭ ᠨᠢ ᠪᠡᠷᠬᠡᠰᠢᠶᠡᠯ ᠲᠡᠢ ᠪᠣᠯᠳᠠᠭ ᠃ ᠶᠠᠲᠤᠭ᠎ᠠ ᠬᠥᠭᠵᠢᠮ ᠢᠶᠡᠷ ᠬᠦᠭᠵᠢᠮᠳᠡᠵᠦ ᠰᠤᠷᠬᠤ ᠬᠦᠮᠦᠨ ᠪᠣᠯ ᠪᠠᠭᠤᠤ ᠪᠠᠨ ᠤᠶᠠᠨ ᠵᠥᠭᠡᠯᠡᠨ ᠪᠠᠶᠢᠯᠭᠠᠬᠤ ᠬᠤᠷᠤᠭᠤᠨ ᠤ ᠬᠥᠳᠡᠯᠭᠡᠭᠡᠨ ᠮᠠᠰᠢ ᠬᠤᠷᠳᠤᠨ ᠂ ᠪᠦᠬᠦ ᠦᠶ᠎ᠠ ᠨᠦᠭᠦᠳ ᠢᠶᠡᠷ ᠢᠶᠡᠨ ᠴᠢᠯᠦᠭᠡᠲᠡᠢ ᠬᠥᠳᠡᠯᠵᠦ ᠪᠠᠶᠢᠬᠤ ᠶᠢᠨ ᠲᠤᠯᠠᠳᠠ ᠮᠥᠷᠥ ᠪᠠᠭᠤᠤ ᠪᠣᠯᠤᠨ ᠪᠦᠬᠦ ᠪᠡᠶ᠎ᠡ ᠶᠢ ᠰᠤᠯᠠ ᠴᠢᠯᠦᠭᠡᠲᠡᠢ ᠪᠠᠶᠢᠯᠭᠠᠵᠤ ᠂ ᠲᠣᠬᠣᠢ ᠶᠢ ᠪᠡᠶ᠎ᠡ ᠣᠷᠣᠭᠣ ᠪᠡᠨ ᠲᠠᠲᠠᠵᠤ ᠰᠠᠭᠤᠬᠤ ᠶᠢ ᠬᠢᠴᠢᠶᠡᠬᠦ ᠬᠡᠷᠡᠭᠲᠡᠢ ᠃ ᠶᠠᠲᠤᠭ᠎ᠠ ᠬᠥᠭᠵᠢᠮ ᠨᠢ ᠪᠤᠰᠤᠳ ᠬᠥᠭᠵᠢᠮ ᠢ ᠪᠣᠳᠣᠪᠠᠯ ᠪᠡᠯᠡᠨ ᠬᠥᠭ ᠲᠡᠢ ᠂ ᠬᠦᠭᠵᠢᠮᠳᠡᠵᠦ ᠰᠤᠷᠬᠤ ᠳᠤ ᠠᠮᠠᠷᠬᠠᠨ ᠂ ᠬᠢᠯᠪᠠᠷ ᠶᠤᠮ ᠰᠢᠭ᠋ ᠪᠣᠯᠪᠠᠴᠤ ᠰᠤᠷᠬᠤ ᠳᠤ ᠨᠡᠯᠢᠶᠡᠳ ᠨᠢᠭᠲᠠ ᠨᠢᠮᠪᠠᠢ ᠠᠵᠢᠯᠯᠠᠭ᠎ᠠ ᠱᠠᠭᠠᠷᠳᠠᠭᠳᠠᠳᠠᠭ ᠃ ᠢᠯᠠᠩᠭᠤᠶ᠎ᠠ ᠬᠥᠭ ᠪᠠᠶᠢᠩᠭᠤ ᠥᠭᠡᠷᠡᠴᠢᠯᠡᠭᠳᠡᠳᠡᠭ ᠤᠴᠢᠷ ᠮᠠᠰᠢ ᠴᠡᠪᠡᠷ ᠬᠥᠭᠯᠡᠵᠦ ᠰᠤᠷᠬᠤ ᠶᠣᠰᠣᠲᠠᠢ ᠃ == '''ᠲᠡᠦᠬᠡ''' == {| class="wikitable" |+ | {| |[[Файл:Oulan-Bator .- Théâtre National Musique chants et danses mongoles (4).jpg|thumb]] |- |<small>ᠬᠣᠷᠰᠢᠯ</small> |} |} ᠡᠷᠲᠡᠨ ᠦ ᠰᠤᠷᠪᠤᠯᠵᠢ ᠮᠡᠳᠡᠭᠡᠨ ᠡᠴᠡ ᠦᠵᠡᠬᠦ ᠳᠦ ᠶᠠᠲᠤᠭ᠎ᠠ ᠶᠢ ᠠᠩᠬ᠎ᠠ ᠾᠢᠦᠩᠨᠦ ᠨᠠᠷ ᠤᠨ ᠳᠤᠮᠳᠠ ᠬᠡᠷᠡᠭᠯᠡᠵᠦ ᠪᠠᠶᠢᠭᠰᠠᠨ ᠭᠡᠬᠦ ᠮᠡᠳᠡᠭᠡ ᠪᠠᠶᠢᠬᠤ ᠪᠠ ᠡᠭᠦᠨ ᠦ ᠳᠠᠷᠠᠭ᠎ᠠ ᠮᠠᠨᠳᠤᠭᠰᠠᠨ ᠰᠦᠮᠪᠦᠴᠢ ᠨᠦᠭᠦᠳ ᠶᠠᠲᠤᠭ᠎ᠠ ᠬᠥᠭᠵᠢᠮ ᠬᠡᠷᠡᠭᠯᠡᠵᠦ ᠪᠠᠶᠢᠭᠰᠠᠨ᠃ ᠳᠤᠮᠳᠠᠳᠤ ᠡᠷᠲᠡᠨ ᠦ ᠲᠡᠦᠬᠡ ᠶᠢᠨ ᠪᠠᠷᠢᠮᠲᠠ ᠮᠡᠳᠡᠭᠡᠯᠡᠯ ᠡᠴᠡ ᠦᠵᠡᠬᠦ ᠳᠦ ᠶᠠᠲᠤᠭ᠎ᠠ ᠬᠥᠭᠵᠢᠮ ᠨᠢ 12-13 ᠳᠤᠭᠠᠷ ᠳᠦᠭᠡᠷ ᠵᠠᠭᠤᠨ ᠤ ᠦᠶ᠎ᠡ ᠳᠦ ᠮᠣᠩᠭᠣᠯ ᠨᠤᠲᠤᠭ ᠢᠶᠠᠷ ᠨᠡᠯᠢᠶᠡᠳ ᠲᠠᠷᠬᠠᠨ ᠬᠥᠭᠵᠢᠵᠦ ᠪᠠᠶᠢᠭᠰᠠᠨ ᠪᠠ ᠢᠯᠠᠩᠭᠤᠶ᠎ᠠ ᠬᠠᠭᠠᠳ ᠤᠨ ᠥᠷᠭᠥᠭᠡ ᠣᠷᠣᠳ ᠲᠤ ᠮᠠᠰᠢ ᠣᠯᠠᠨ ᠵᠦᠢᠯ ᠦᠨ ᠶᠠᠲᠤᠭ᠎ᠠ ᠬᠡᠷᠡᠭᠯᠡᠵᠦ ᠪᠠᠶᠢᠭᠰᠠᠨ ᠮᠡᠳᠡᠭᠡ ᠪᠠᠶᠢᠨ᠎ᠠ᠃ ᠲᠤᠬᠠᠶᠢᠯᠠᠪᠠᠯ ᠬᠠᠭᠠᠨ ᠤ ᠣᠷᠳᠣᠨ ᠳᠤ᠄ ᠶᠤᠸᠠᠨ ᠤᠯᠤᠰ ᠤᠨ ᠰᠤᠳᠤᠷ ᠤᠨ 69-71 ᠳᠦᠭᠡᠷ ᠳᠡᠪᠲᠡᠷ ᠦᠨ ᠳᠣᠲᠣᠷ᠎ᠠ᠄ 《ᠠᠬᠤᠢ ᠶᠠᠲᠤᠭ᠎ᠠ᠂ ᠲᠥᠷᠥ ᠶᠢᠨ ᠶᠠᠲᠤᠭ᠎ᠠ᠂ ᠶᠠᠲᠤᠭᠠᠯᠢᠭᠠ᠂ ᠲᠥᠷᠥ ᠶᠢᠨ ᠶᠡᠬᠡ ᠶᠠᠲᠤᠭ᠎ᠠ᠂ ᠪᠠᠭ᠎ᠠ ᠶᠠᠲᠤᠭ᠎ᠠ᠂ ᠴᠠᠯ ᠶᠠᠲᠤᠭ᠎ᠠ》 ᠭᠡᠬᠦ ᠵᠡᠷᠭᠡ ᠣᠯᠠᠨ ᠢ ᠨᠡᠷᠡᠯᠡᠳᠡᠭ ᠪᠠᠶᠢᠨ᠎ᠠ᠃ ᠲᠡᠭᠦᠨᠴᠢᠯᠡᠨ 17-18 ᠳᠤᠭᠠᠷ ᠵᠠᠭᠤᠨ ᠤ ᠦᠶᠡᠰ ᠡᠬᠢᠯᠡᠨ ᠰᠦᠮ᠎ᠡ ᠬᠡᠶᠢᠳ ᠦᠨ ᠨᠣᠮ ᠤᠨ ᠨᠠᠶᠢᠷ ᠪᠣᠯᠤᠨ ᠪᠢᠰᠢᠯᠭᠠᠯ ᠤᠨ ᠳᠠᠭᠤᠤ ᠪᠤᠶᠤ ᠣᠶᠤᠨ ᠤᠬᠠᠭᠠᠨ ᠬᠥᠭᠵᠢᠭᠦᠯᠬᠦ ᠳᠠᠭᠤᠤ ᠭᠦᠷᠦ ᠳᠠᠭᠤᠨ ᠤ ᠠᠶᠠᠯᠭᠤ ᠶᠢ ᠤᠶᠠᠩᠭᠠᠯᠠᠭᠤᠯᠤᠨ ᠬᠥᠭᠵᠢᠮᠳᠡᠳᠡᠭ ᠪᠠᠶᠢᠭᠰᠠᠨ ᠲᠠᠯ᠎ᠠ ᠪᠠᠷ ᠡᠬᠡ ᠪᠢᠴᠢᠭ ᠦᠨ ᠰᠤᠷᠪᠤᠯᠵᠢ ᠣᠯᠳᠠᠭᠰᠠᠨ ᠪᠣᠯᠤᠨ᠎ᠠ᠃ ᠬᠠᠷᠢᠨ 19-20 ᠳᠤᠭᠠᠷ ᠵᠠᠭᠤᠨ ᠤ ᠦᠶᠡᠰ ᠶᠠᠲᠤᠭ᠎ᠠ ᠬᠥᠭᠵᠢᠮ ᠢ ᠴᠥᠭᠡᠭᠦᠯᠡ ᠨᠠᠶᠢᠷᠠᠯ ᠬᠥᠭᠵᠢᠮ ᠦᠨ ᠲᠥᠷᠥᠯ ᠵᠦᠢᠯ ᠳᠦ ᠣᠷᠣᠭᠤᠯᠤᠨ ᠥᠷᠥᠨᠡᠲᠦ ᠶᠢᠨ ᠬᠥᠭᠵᠢᠮ ᠦᠨ ᠰᠣᠩᠭᠣᠳᠠᠭ ᠵᠣᠬᠢᠶᠠᠯ ᠪᠦᠲᠦᠭᠡᠯ᠂ ᠪᠠ ᠢᠯᠠᠩᠭᠤᠶ᠎ᠠ 20 ᠳᠤᠭᠠᠷ ᠵᠠᠭᠤᠨ ᠤ ᠡᠬᠢᠨ ᠦᠶᠡᠰ ᠰᠤᠷᠭᠠᠯᠲᠠ ᠰᠤᠷᠲᠠᠯᠴᠢᠯᠠᠭᠠᠨ ᠤ ᠪᠣᠯᠤᠨ ᠭᠣᠴᠣᠯᠠᠯ᠂ ᠬᠣᠷᠰᠢᠯ᠂ ᠭᠤᠷᠪᠠᠯ᠂ ᠳᠥᠷᠪᠡᠯ ᠪᠣᠯᠤᠨ ᠠᠷᠠᠳ ᠤᠨ ᠴᠥᠭᠡᠭᠦᠯᠡ ᠬᠥᠭᠵᠢᠮ ᠦᠨ ᠬᠠᠮᠲᠤᠯᠢᠭ ᠲᠠᠪᠤᠯ᠂ ᠵᠢᠷᠭᠤᠭᠤᠯᠠ᠂ ᠴᠥᠭᠡᠭᠦᠯᠡ ᠳᠠᠩ ᠶᠠᠲᠤᠭ᠎ᠠ ᠶᠢᠨ ᠴᠢᠭᠤᠯᠭ᠎ᠠ᠂ ᠰᠢᠳᠤᠷᠭᠤ ᠶᠠᠲᠤᠭ᠎ᠠ ᠶᠢᠨ ᠴᠢᠭᠤᠯᠭ᠎ᠠ᠂ ᠠᠷᠠᠳ ᠤᠨ ᠶᠡᠬᠡ ᠨᠠᠶᠢᠷᠠᠯ ᠬᠥᠭᠵᠢᠮ᠎ᠡ ᠪᠣᠯᠤᠨ ᠲᠠᠶᠢᠰᠠᠨ ᠤ ᠺᠣᠨᠼᠧᠷᠲ ᠤᠨ ᠬᠥᠲᠥᠯᠪᠦᠷᠢ ᠳᠦ ᠥᠷᠭᠡᠨ ᠢᠶᠡᠷ ᠣᠷᠣᠭᠤᠯᠤᠭᠰᠠᠨ ᠪᠣᠯᠤᠨ᠎ᠠ᠃ <span style="display: none"> үндэсний хөгжим, ардын хөгжим, ятга, Mongolian folk music instruments </span> == ᠡᠬᠡ ᠰᠤᠷᠪᠤᠯᠵᠢ == ᠤᠷᠠᠯᠢᠭ ᠰᠠᠢᠢᠲ ᠯᠤ᠊᠂ᠡᠷᠳᠡᠨᠢᠴᠢᠮᠡᠭ᠃ ᠤᠯᠠᠮᠵᠢᠯᠠᠯᠲᠤ ᠮᠣᠩᠭᠣᠯ ᠶᠠᠲᠤᠭ᠎ᠠ ᠶᠢᠨ ᠲᠡᠦᠬᠡ ᠡᠴᠡ [[Ангилал:ᠬᠥᠭᠵᠢᠮ]]
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width