ᠪᠥᠬᠡᠩ: Засвар хоорондын ялгаа
Created Article |
(Өөрчлөлт алга)
|
23:34, 25 Аравдугаар сар 2020-ий байдлаарх засвар
ᠪᠥᠬᠡᠩ ᠶ᠋ᠢ ᠰᠤᠳᠤᠯᠤᠭᠠᠴᠢᠳ Saiga tatarica (Linnaeus, 1766) ᠳ᠋ᠤ ᠬᠠᠮᠢᠶᠠᠷᠠᠭᠤᠯᠵᠤ ᠰᠣᠷᠭᠤᠭ ᠪᠥᠬᠡᠩ (Saiga tatarica tatarica , Linnaeus, 1766)᠂ ᠮᠣᠩᠭᠣᠯ ᠪᠥᠬᠡᠩ (Saiga tatarica mongolica, Bannikov, 1946) ᠭᠡᠰᠡᠨ ᠬᠣᠶᠠᠷ ᠰᠠᠯᠪᠤᠷ ᠵᠦᠢᠯ ᠳ᠋ᠦ ᠬᠤᠪᠢᠶᠠᠵᠤ ᠦᠵᠡᠳᠡᠭ ᠪᠠᠢᠢᠭᠰᠠᠨ ᠪᠣᠯᠪᠠᠴᠤ ᠰᠣᠷᠭᠤᠭ ᠪᠥᠬᠡᠩ ᠮᠠᠨ ᠤ ᠣᠷᠤᠨ ᠳ᠋ᠤ ᠤᠰᠠᠳᠤᠭᠰᠠᠨ᠂ ᠬᠠᠷᠢᠨ ᠰᠡᠭᠦᠯ ᠦ᠋ᠨ ᠦᠶ ᠡ᠋ ᠳ᠋ᠦ ᠮᠣᠩᠭᠣᠯ ᠦ᠋ᠨ ᠤᠨᠠᠭᠠᠨ ᠵᠦᠢᠯ ᠪᠣᠯᠬᠤ ᠮᠣᠩᠭᠣᠯ ᠪᠥᠬᠡᠩ ᠶ᠋ᠢ ᠪᠡᠶ ᠡ᠋ ᠳᠠᠭᠠᠭᠠᠭᠰᠠᠨ ᠵᠦᠢᠯ ᠳ᠋ᠦ ᠬᠠᠮᠢᠶᠠᠷᠠᠭᠤᠯᠬᠤ ᠪᠣᠯᠵᠡᠢ᠃<ref>ᠪᠠᠲᠤᠮᠥᠩᠬᠡ ᠶ᠋ᠢᠨ ᠮᠢᠵᠣᠳᠳᠣᠷᠵᠢ᠃ ᠠᠯᠲᠠᠢ ᠶ᠋ᠢᠨ ᠴᠢᠨᠠᠳᠤ ᠭᠣᠪᠢ ᠶ᠋ᠢᠨ ᠬᠥᠬᠦᠲᠡᠨ ᠠᠮᠢᠲᠠᠳ᠃ ᠬᠣᠪᠤᠷ ᠠᠮᠢᠲᠠᠳ ᠦ᠋ᠨ ᠰᠤᠳᠤᠯᠭ ᠠ᠋᠂ ᠮᠧᠨᠧᠵᠮᠧᠨ᠍ᠲ ᠦ᠋ᠨ ᠨᠡᠢᠢᠭᠡᠮᠯᠢᠭ᠃ ᠤᠯᠠᠭᠠᠨᠪᠠᠭᠠᠲᠤᠷ 2018᠃</ref>
ᠮᠣᠩᠭᠣᠯ ᠪᠥᠬᠡᠩ ᠶ᠋ᠢ "ᠬᠣᠷᠤᠬᠠᠶ ᠪᠥᠬᠡᠩ" ᠭᠡᠵᠦ ᠨᠡᠷᠡᠯᠡᠬᠦ ᠪᠣᠯᠤᠭᠰᠠᠨ ᠨᠢ ᠲᠡᠭᠦᠨ ᠦ ᠪᠡᠶ ᠡ᠋ ᠶ᠋ᠢᠨ ᠭᠠᠯᠪᠢᠷ ᠡᠴᠡ ᠡᠭᠦᠳᠡᠯ ᠲᠡᠢ᠃<ref>ᠪ᠂ᠨᠠᠷᠠᠨᠰᠠᠴᠤᠷᠠᠯᠲᠤ᠃ ᠪᠦᠰᠡᠯᠡᠭᠳᠡᠭᠰᠡᠨ ᠪᠥᠬᠡᠩ ᠶ᠋ᠢᠨ ᠪᠦᠷᠬᠦᠭ ᠲᠠᠪᠢᠯᠠᠩ᠃ ᠬᠠᠨᠳᠤᠭᠰᠠᠨ 2020/10/25</ref>
ᠪᠥᠬᠡᠩ ᠪᠤᠮᠤᠨ (100000) ᠵᠢᠯ ᠦᠨ ᠡᠮᠦᠨ᠎ᠡ᠂ ᠮᠥᠰᠥᠲᠥᠯᠭᠡ ᠶᠢᠨ ᠡᠷᠡᠨ ᠳᠦ ᠠᠷᠰᠯᠠᠨ ᠵᠠᠭᠠᠨ ᠲᠠᠢ ᠵᠡᠷᠭᠡᠴᠡᠨ ᠠᠮᠢᠳᠤᠷᠠᠵᠤ ᠪᠠᠶᠢᠭᠰᠠᠨ ᠢ ᠡᠷᠳᠡᠮᠲᠡᠳ ᠲᠣᠭᠲᠠᠭᠠᠴᠠᠢ᠃ ᠳᠡᠯᠡᠬᠡᠢ ᠳᠡᠭᠡᠷ᠎ᠡ 10 ᠵᠦᠢᠯ ᠦᠨ ᠪᠥᠬᠡᠩ ᠪᠠᠶᠢᠭᠰᠠᠨ ᠠᠴᠠ ᠬᠠᠷᠠᠮᠰᠠᠯᠲᠠᠢ ᠨᠢ 9 ᠨᠢ ᠮᠥᠬᠦᠭᠰᠡᠨ ᠪᠠᠶᠢᠨ᠎ᠠ. ᠪᠥᠬᠡᠩ ᠦᠨ ᠨᠢᠭᠡ ᠵᠦᠢᠯ ᠦᠨ ᠬᠣᠶᠠᠷ ᠳᠡᠳ᠋ ᠵᠦᠢᠯ ᠯᠠ ᠡᠰᠡᠨ ᠮᠡᠨᠳᠦ ᠪᠢᠳᠡᠨ ᠦ ᠴᠠᠭ ᠦᠶ᠎ᠡ ᠶᠢ ᠬᠦᠷᠴᠡᠢ᠃ ᠰᠣᠷᠭᠣᠭ ᠪᠥᠬᠡᠩ ᠳᠤᠮᠳᠠᠳᠤ ᠠᠽᠢᠶ᠎ᠠ ᠶᠢᠨ ᠣᠷᠣᠨ ᠨᠤᠭᠤᠳ ᠲᠤ᠂ ᠮᠣᠩᠭᠣᠯ ᠪᠥᠬᠡᠩ ᠵᠥᠪᠬᠡᠨ ᠮᠣᠩᠭᠣᠯ ᠳᠤ ᠪᠤᠢ᠃ ᠢᠷᠡᠭᠡᠳᠦᠢ ᠳᠦ ᠡᠨᠡ ᠡᠷᠲᠡᠨ ᠦ ᠭᠠᠯᠪᠠ ᠶᠢᠨ ᠠᠮᠢᠲᠠᠳ ᠦᠯᠡᠳᠡᠬᠦ ᠡᠰᠡᠬᠦ ᠨᠢ ᠬᠡᠷᠬᠢᠨ ᠬᠠᠶᠢᠷᠠᠯᠠᠨ ᠬᠠᠮᠠᠭᠠᠯᠠᠬᠤ ᠠᠴᠠ ᠰᠢᠯᠲᠠᠭᠠᠯᠠᠨ᠎ᠠ᠃ ᠢᠯᠠᠩᠭᠤᠶ᠎ᠠ ᠠᠮᠢᠳᠤᠷᠠᠬᠤ ᠣᠷᠴᠢᠨ ᠢ ᠬᠠᠮᠠᠭᠠᠯᠠᠬᠤ ᠨᠢ ᠬᠠᠮᠠᠭᠠᠯᠠᠬᠤ ᠶᠠᠪᠤᠳᠠᠯ ᠰᠢᠢᠳᠪᠦᠷᠢᠯᠡᠬᠦ ᠡᠭᠦᠷᠭᠡ ᠲᠡᠢ᠃ ᠮᠣᠩᠭᠣᠯ ᠪᠥᠬᠡᠩ ᠳᠡᠯᠡᠬᠡᠢ ᠶᠢᠨ ᠥᠭᠡᠷ᠎ᠡ ᠬᠠᠮᠢᠭ᠎ᠠ ᠴᠤ ᠪᠠᠶᠢᠬᠤ ᠦᠭᠡᠢ᠂ ᠵᠥᠪᠬᠡᠨ ᠮᠣᠩᠭᠣᠯ ᠤᠯᠤᠰ ᠲᠤ ᠪᠠᠶᠢᠳᠠᠭ᠃<ref> ᠮᠣᠩᠭᠣᠯ ᠤᠨ ᠦᠨᠳᠦᠰᠦᠨ ᠦ ᠭᠠᠵᠠᠷ ᠵᠦᠢ</ref>