Jump to content

Абтай хан: Засвар хоорондын ялгаа

Wikibilig-с
Created article
(Өөрчлөлт алга)

13:16, 27 Тавдугаар сар 2019-ий байдлаарх засвар

ᠵᠠᠯᠠᠶᠢᠷ ᠤᠨ ᠬᠤᠩ ᠲᠠᠶᠢᠵᠢ ᠶᠢᠨ ᠭᠤᠲᠤᠭᠠᠷ ᠬᠥᠪᠡᠭᠦᠨ ᠤᠬᠤᠨᠤᠬᠤ ᠦᠶᠢᠵᠡᠩ ᠨᠣᠶᠠᠨ ᠤ ᠣᠲᠤᠭ ᠰᠡᠯᠡᠩᠭᠡ ᠮᠥᠷᠦᠨ᠎ᠡ ᠪᠦᠬᠦᠢ ᠳᠦᠷ ᠄ ᠮᠣᠳᠤᠨ ᠪᠠᠷᠰ ᠵᠢᠯ ᠳᠦᠷ ᠡᠴᠡᠩᠬᠡᠨ ᠵᠣᠷᠢᠭᠲᠤ ᠬᠠᠲᠤᠨ ᠠᠴᠠ ᠨᠢᠭᠡᠨ ᠬᠡᠦᠬᠡᠨ ᠨᠢᠷᠠᠶᠢᠯᠠᠪᠠᠰᠤ ᠬᠣᠮᠤᠬᠤᠢ ᠬᠤᠷᠤᠭᠤᠨ ᠠᠨᠤ ᠬᠠᠷᠠ ᠴᠢᠰᠤᠲᠠᠢ ᠲᠥᠷᠦᠭᠰᠡᠨ ᠪᠤᠶᠤ ᠄ ᠨᠢᠷᠠᠢ ᠶᠢ ᠠᠨᠤ ᠠᠪᠠᠲᠠᠢ ᠬᠡᠮᠡᠨ ᠨᠡᠷᠡᠶᠢᠳᠪᠡᠢ ᠄ ᠲᠡᠨᠳᠡ ᠡᠴᠡ ᠠᠷᠪᠠᠨ ᠳᠥᠷᠪᠡᠨ ᠨᠠᠰᠤᠨ ᠠᠴᠠ ᠪᠠᠨ ᠬᠣᠷᠢᠨ ᠳᠣᠯᠤᠭᠠᠨ ᠬᠦᠷᠲᠡᠯ᠎ᠡ ᠦᠷᠭᠦᠯᠵᠢᠳᠡ ᠳᠠᠶᠢᠰᠤᠨ ᠤ ᠦᠶᠢᠯᠡ ᠦᠶᠢᠯᠡᠯᠡᠳᠴᠦ ᠄ ᠬᠠᠷᠢ ᠳᠠᠶᠢᠰᠤᠨ ᠢ ᠥᠪᠡᠷ ᠦᠨ ᠡᠷᠬᠡ ᠳᠦᠷ ᠢᠶᠡᠨ ᠣᠷᠤᠭᠤᠯᠵᠤ᠄ ᠬᠠᠮᠤᠭ ᠠᠬ᠎ᠠ ᠳᠡᠭᠦᠦᠰ ᠢᠶᠡᠨ ᠥᠪᠡᠷ ᠡᠴᠡ ᠢᠯᠭᠠᠯ ᠦᠭᠡᠢ ᠲᠡᠳᠬᠦᠵᠦ᠄ ᠬᠠᠮᠤᠭ ᠠᠬᠢ ᠲᠦᠰᠢᠶᠡᠲᠦ ᠬᠠᠭᠠᠨ ᠬᠡᠮᠡᠨ ᠴᠣᠯᠤ ᠡᠷᠭᠦᠭᠳᠡᠵᠦ ᠶᠡᠬᠡᠳᠡ ᠠᠯᠳᠠᠷᠰᠢᠪᠠᠢ ᠅