"Архаг ядаргааны хам шинж"-ны өөр хувилбарууд

Wikibilig-с
бNo edit summary
Tags: Mobile edit Mobile web edit

(5 дундын хувилбарууд 2 хэрэглэгчид харагдахгүй)
3-р мөр: 3-р мөр:
[[File:Aysha Lee.jpg|thumb|ᠠᠷᠬᠠᠭ
ᠶᠠᠳᠠᠷᠠᠭᠠᠨ ᠊ᠤ
ᠬᠠᠮ ᠰᠢᠨᠵᠢ
Myalgic
Encephalomyelitis
ᠣᠨᠣᠰᠢ ᠲᠠᠢ
ᠪᠦᠰᠡᠭᠦᠢ]]
[[File:Aysha Lee.jpg|thumb|ᠠᠷᠬᠠᠭ
ᠶᠠᠳᠠᠷᠠᠭᠠᠨ ᠊ᠤ
ᠬᠠᠮ ᠰᠢᠨᠵᠢ
Myalgic
Encephalomyelitis
ᠣᠨᠣᠰᠢ ᠲᠠᠢ
ᠪᠦᠰᠡᠭᠦᠢ]]
=ᠰᠢᠨᠵᠢ ᠲᠡᠮᠳᠡᠭ=
=ᠰᠢᠨᠵᠢ ᠲᠡᠮᠳᠡᠭ=
[[Category:ᠠᠨᠠᠭᠠᠬᠤ ᠤᠬᠠᠭᠠᠨ]]
•           ᠪᠠᠶ᠋ᠢᠩᠭᠤ ᠶᠠᠳᠠᠷᠠᠬᠤ

•           ᠪᠠᠶᠢᠩᠭᠤ ᠶᠠᠳᠠᠷᠠᠬᠤ
•           ᠪᠠᠶ᠋ᠢᠨ ᠪᠠᠶ᠋ᠢᠨ ᠬᠣᠭᠣᠯᠠᠢ ᠡᠪᠡᠳᠬᠦ

•           ᠪᠠᠶᠢᠨ ᠪᠠᠶᠢᠨ ᠬᠣᠭᠣᠯᠠᠢ ᠡᠪᠡᠳᠬᠦ

•           ᠪᠠᠭ᠎ᠠ ᠵᠡᠷᠭᠡ ᠬᠠᠯᠠᠭᠤᠷᠠᠬᠤ
•           ᠪᠠᠭ᠎ᠠ ᠵᠡᠷᠭᠡ ᠬᠠᠯᠠᠭᠤᠷᠠᠬᠤ
14-р мөр: 14-р мөр:
•           ᠲᠣᠯᠣᠭᠠᠢ ᠡᠪᠡᠳᠬᠦ
•           ᠲᠣᠯᠣᠭᠠᠢ ᠡᠪᠡᠳᠬᠦ

•           ᠪᠤᠯᠴᠢᠩ᠂ ᠦᠶᠡᠷ ᠡᠪᠡᠳᠬᠦ
•           ᠪᠤᠯᠴᠢᠩ᠂ ᠦᠶ ‍ᠡ᠋ ᠪᠡᠷ ᠡᠪᠡᠳᠬᠦ

•           ᠭᠡᠳᠡᠰᠦ ᠡᠪᠭᠦᠶ᠋ᠢᠷᠬᠡᠬᠦ᠂ ᠭᠡᠳᠡᠰᠦ ᠴᠣᠴᠢᠷᠠᠯ ᠤᠨ ᠬᠠᠮᠰᠢᠨᠵᠢ ᠢᠯᠡᠷᠡᠬᠦ

•           ᠭᠡᠳᠡᠰᠦ ᠡᠪᠭᠦᠶᠢᠷᠬᠡᠬᠦ᠂ ᠭᠡᠳᠡᠰᠦ ᠴᠣᠴᠢᠷᠠᠯ ᠤᠨ ᠬᠠᠮᠰᠢᠨᠵᠢ ᠢᠯᠡᠷᠡᠬᠦ
•           ᠰᠡᠳᠬᠢᠯ ᠰᠠᠨᠠᠭᠠᠨ ᠤ ᠳ᠋ᠢᠰᠲᠷᠧᠰᠰ ᠲᠥ ᠤᠷᠤᠬᠤ

•           ᠰᠡᠳᠬᠢᠯ ᠰᠠᠨᠠᠭᠠᠨ ᠤ ᠳ᠋ᠢᠰᠲᠷᠡᠰᠰᠲ ᠤᠷᠤᠬᠤ
•           ᠨᠣᠢᠢᠷᠭᠦᠶ᠋ᠢᠳᠡᠬᠦ

•           ᠨᠣᠢᠷᠭᠦᠦᠶᠢᠡᠬᠦ
•           ᠠᠩᠬᠠᠷᠤᠯ ᠲᠥᠪᠯᠡᠷᠡᠬᠦ ᠴᠢᠳᠠᠪᠤᠷᠢ ᠠᠯᠳᠠᠭᠳᠠᠬᠤ᠂ ᠣᠢ ᠲᠣᠭᠲᠠᠭᠠᠯᠳᠠ ᠪᠠᠭᠤᠷᠠᠬᠤ

•           ᠠᠩᠬᠠᠷᠤᠯ ᠲᠥᠪᠯᠡᠷᠡᠬᠦ ᠴᠢᠳᠠᠪᠤᠷᠢ ᠠᠯᠳᠠᠭᠳᠠᠬᠤ᠂ ᠣᠢ ᠲᠣᠭᠲᠠᠭᠠᠯ ᠳᠤ ᠪᠠᠭᠤᠷᠠᠬᠤ
=ᠶᠡᠷᠦᠩᠬᠡᠢ ᠣᠶᠢᠯᠠᠭᠠᠯᠲᠠ=
=ᠶᠡᠷᠦᠩᠬᠡᠢ ᠣᠶᠢᠯᠠᠭᠠᠯᠲᠠ=
ᠠᠷᠬᠠᠭ ᠶᠠᠳᠠᠷᠠᠭᠠᠨ ᠤ ᠬᠠᠮᠰᠢᠨᠵᠢ (ᠠ᠊᠂ᠶᠠ᠊᠂ᠬᠠ᠊᠂) ᠨᠢ 6 ᠰᠠᠷ᠎ᠠ ᠠᠴᠠ ᠤᠳᠠᠭᠠᠨ ᠬᠤᠭᠤᠴᠠᠭ᠎ᠠ ᠪᠠᠷ ᠶᠠᠳᠠᠷᠠᠬᠤ ᠰᠢᠨᠵᠢ ᠢᠯᠡᠷᠡᠭᠰᠡᠨ ᠦ ᠳᠠᠷᠠᠭ᠎ᠠ ᠪᠠᠷ ᠲᠠᠨᠢᠨ ᠮᠡᠳᠡᠬᠦᠢ ᠶᠢᠨ ᠦᠢᠯᠡ ᠠᠵᠢᠯᠯᠠᠭ᠎ᠠ ᠠᠯᠳᠠᠭᠳᠠᠬᠤ ᠪᠠᠶᠢᠳᠠᠯ ᠢᠶᠠᠷ ᠢᠯᠡᠷᠡᠳᠡᠭ᠃ ᠰᠢᠯᠲᠠᠭᠠᠨ ᠨᠢ ᠲᠣᠳᠣᠷᠬᠠᠢ ᠦᠭᠡᠢ ᠬᠡᠳᠦᠢ ᠴᠤ ᠵᠠᠷᠢᠮ ᠮᠡᠷᠭᠡᠵᠢᠯᠲᠡᠨ ᠧ᠊᠂ᠪᠠ᠊᠂ᠸᠢ᠊᠂ ᠍ ᠦᠨ ᠠᠷᠬᠠᠭ ᠬᠠᠯᠳᠠᠪᠤᠷᠢ ᠶᠢᠨ ᠤᠯᠠᠮ ᠠᠴᠠ ᠡᠭᠦᠰᠳᠡᠭ ᠭᠡᠵᠦ ᠦᠵᠡᠳᠡᠭ᠃ ᠣᠯᠠᠨ ᠲᠥᠷᠥᠯ ᠦᠨ᠂ ᠬᠣᠭᠣᠷᠣᠨᠳᠣ ᠪᠠᠨ ᠬᠣᠯᠪᠣᠭ᠎ᠠ ᠦᠭᠡᠢ ᠬᠠᠯᠳᠠᠪᠤᠷᠢᠲᠤ ᠡᠪᠡᠳᠴᠢᠨ ᠨᠦᠭᠦᠳ ᠢᠶᠡᠷ ᠡᠪᠡᠳᠴᠢᠯᠡᠭᠰᠡᠨ ᠦ ᠳᠠᠷᠠᠭ᠎ᠠ ᠬᠦᠮᠦᠨ ᠦ ᠪᠡᠶ᠎ᠡ ᠤᠳᠠᠭᠠᠨ ᠬᠤᠭᠤᠴᠠᠭ᠎ᠠ ᠪᠠᠷ ᠰᠤᠯᠢᠳᠠᠵᠤ᠂ ᠡᠨᠡ ᠦᠶ᠎ᠡ ᠳᠦ ᠲᠠᠨᠢᠨ ᠮᠡᠳᠡᠬᠦᠢ ᠶᠢᠨ ᠥᠭᠡᠷᠡᠴᠢᠯᠡᠯᠲᠡ ᠨᠦᠭᠦᠳ ᠨᠡᠮᠡᠵᠦ ᠢᠯᠡᠷᠡᠪᠡᠯ ᠡᠭᠦᠨ ᠢ ᠠ᠊᠂ᠶᠠ᠊᠂ᠬᠠ᠊᠂ ᠭᠡᠵᠦ ᠨᠡᠷᠡᠯᠡᠳᠡᠭ᠃
ᠠᠷᠬᠠᠭ ᠶᠠᠳᠠᠷᠠᠭᠠᠨ ᠤ ᠬᠠᠮᠰᠢᠨᠵᠢ (ᠠ᠊᠂ᠶᠠ᠊᠂ᠬᠠ᠊᠂) ᠨᠢ 6 ᠰᠠᠷ᠎ᠠ ᠠᠴᠠ ᠤᠳᠠᠭᠠᠨ ᠬᠤᠭᠤᠴᠠᠭ᠎ᠠ ᠪᠠᠷ ᠶᠠᠳᠠᠷᠠᠬᠤ ᠰᠢᠨᠵᠢ ᠢᠯᠡᠷᠡᠭᠰᠡᠨ ᠦ ᠳᠠᠷᠠᠭ᠎ᠠ ᠪᠠᠷ ᠲᠠᠨᠢᠨ ᠮᠡᠳᠡᠬᠦᠢ ᠶᠢᠨ ᠦᠢᠯᠡ ᠠᠵᠢᠯᠯᠠᠭ᠎ᠠ ᠠᠯᠳᠠᠭᠳᠠᠬᠤ ᠪᠠᠶᠢᠳᠠᠯ ᠢᠶᠠᠷ ᠢᠯᠡᠷᠡᠳᠡᠭ᠃ ᠰᠢᠯᠲᠠᠭᠠᠨ ᠨᠢ ᠲᠣᠳᠣᠷᠬᠠᠢ ᠦᠭᠡᠢ ᠬᠡᠳᠦᠢ ᠴᠤ ᠵᠠᠷᠢᠮ ᠮᠡᠷᠭᠡᠵᠢᠯᠲᠡᠨ ᠧ᠊᠂ᠪᠠ᠊᠂ᠸᠢ᠊᠂ ᠍ ᠦᠨ ᠠᠷᠬᠠᠭ ᠬᠠᠯᠳᠠᠪᠤᠷᠢ ᠶᠢᠨ ᠤᠯᠠᠮ ᠠᠴᠠ ᠡᠭᠦᠰᠳᠡᠭ ᠭᠡᠵᠦ ᠦᠵᠡᠳᠡᠭ᠃ ᠣᠯᠠᠨ ᠲᠥᠷᠥᠯ ᠦᠨ᠂ ᠬᠣᠭᠣᠷᠣᠨᠳᠣ ᠪᠠᠨ ᠬᠣᠯᠪᠣᠭ᠎ᠠ ᠦᠭᠡᠢ ᠬᠠᠯᠳᠠᠪᠤᠷᠢᠲᠤ ᠡᠪᠡᠳᠴᠢᠨ ᠨᠦᠭᠦᠳ ᠢᠶᠡᠷ ᠡᠪᠡᠳᠴᠢᠯᠡᠭᠰᠡᠨ ᠦ ᠳᠠᠷᠠᠭ᠎ᠠ ᠬᠦᠮᠦᠨ ᠦ ᠪᠡᠶ᠎ᠡ ᠤᠳᠠᠭᠠᠨ ᠬᠤᠭᠤᠴᠠᠭ᠎ᠠ ᠪᠠᠷ ᠰᠤᠯᠢᠳᠠᠵᠤ᠂ ᠡᠨᠡ ᠦᠶ᠎ᠡ ᠳᠦ ᠲᠠᠨᠢᠨ ᠮᠡᠳᠡᠬᠦᠢ ᠶᠢᠨ ᠥᠭᠡᠷᠡᠴᠢᠯᠡᠯᠲᠡ ᠨᠦᠭᠦᠳ ᠨᠡᠮᠡᠵᠦ ᠢᠯᠡᠷᠡᠪᠡᠯ ᠡᠭᠦᠨ ᠢ ᠠ᠊᠂ᠶᠠ᠊᠂ᠬᠠ᠊᠂ ᠭᠡᠵᠦ ᠨᠡᠷᠡᠯᠡᠳᠡᠭ᠃
50-р мөр: 51-р мөр:
•           ᠡᠵᠡᠨ ᠪᠡᠶ᠎ᠡ ᠶᠢᠨ ᠳᠠᠷᠬᠠᠯᠠᠭ᠎ᠠ ᠲᠣᠭᠲᠠᠯᠴᠠᠭ᠎ᠠ ᠬᠠᠯᠳᠠᠪᠤᠷᠢ ᠶᠢ ᠬᠢᠨᠠᠯᠲᠠᠨ ᠳᠤ ᠪᠠᠨ ᠪᠠᠶᠢᠯᠭᠠᠵᠤ ᠪᠠᠶᠢᠳᠠᠭ᠃
•           ᠡᠵᠡᠨ ᠪᠡᠶ᠎ᠡ ᠶᠢᠨ ᠳᠠᠷᠬᠠᠯᠠᠭ᠎ᠠ ᠲᠣᠭᠲᠠᠯᠴᠠᠭ᠎ᠠ ᠬᠠᠯᠳᠠᠪᠤᠷᠢ ᠶᠢ ᠬᠢᠨᠠᠯᠲᠠᠨ ᠳᠤ ᠪᠠᠨ ᠪᠠᠶᠢᠯᠭᠠᠵᠤ ᠪᠠᠶᠢᠳᠠᠭ᠃

•           ᠳᠠᠷᠬᠠᠯᠠᠭ᠎ᠠ ᠰᠤᠯᠠᠷᠠᠬᠤ ᠦᠶ᠎ᠡ ᠳᠦ᠂ ᠢᠯᠠᠩᠭᠤᠶ᠎ᠠ ᠡᠰ ᠦᠨ ᠳᠠᠷᠬᠠᠯᠠᠭ᠎ᠠ ᠰᠤᠯᠠᠷᠠᠬᠤ ᠦᠶ᠎ᠡ ᠳᠦ ᠸᠢᠷᠦᠰ ᠳᠠᠬᠢᠨ ᠢᠳᠡᠪᠬᠢᠵᠢᠵᠤ᠂ ᠳᠠᠬᠢᠭᠰᠠᠨ ᠬᠠᠯᠳᠠᠪᠤᠷᠢ ᠶᠢ ᠡᠭᠦᠰᠬᠡᠳᠡᠭ᠃
•           ᠳᠠᠷᠬᠠᠯᠠᠭ᠎ᠠ ᠰᠤᠯᠠᠷᠠᠬᠤ ᠦᠶ᠎ᠡ ᠳᠦ᠂ ᠢᠯᠠᠩᠭᠤᠶ᠎ᠠ [[ᠡᠰ ( ᠪᠢᠣᠯᠣᠭᠢ)|ᠡᠰ]] ᠦᠨ ᠳᠠᠷᠬᠠᠯᠠᠭ᠎ᠠ ᠰᠤᠯᠠᠷᠠᠬᠤ ᠦᠶ᠎ᠡ ᠳᠦ ᠸᠢᠷᠦᠰ ᠳᠠᠬᠢᠨ ᠢᠳᠡᠪᠬᠢᠵᠢᠵᠤ᠂ ᠳᠠᠬᠢᠭᠰᠠᠨ ᠬᠠᠯᠳᠠᠪᠤᠷᠢ ᠶᠢ ᠡᠭᠦᠰᠬᠡᠳᠡᠭ᠃

•           ᠬᠠᠯᠳᠠᠪᠤᠷᠢ ᠨᠢ ᠳᠠᠩ ᠢᠶᠠᠷ ᠢᠶᠠᠨ ᠳᠠᠷᠬᠠᠯᠠᠭ᠎ᠠ ᠶᠢ ᠳᠠᠷᠤᠩᠭᠤᠶᠢᠯᠠᠵᠤ ᠴᠢᠳᠠᠬᠤ ᠪᠥᠭᠡᠳ ᠥᠭᠡᠷ᠎ᠡ ᠡᠪᠡᠳᠴᠢᠨ ᠡᠭᠦᠰᠬᠦ ᠳᠦ ᠬᠦᠷᠭᠡᠵᠦ ᠪᠣᠯᠤᠨ᠎ᠠ᠃
•           ᠬᠠᠯᠳᠠᠪᠤᠷᠢ ᠨᠢ ᠳᠠᠩ ᠢᠶᠠᠷ ᠢᠶᠠᠨ ᠳᠠᠷᠬᠠᠯᠠᠭ᠎ᠠ ᠶᠢ ᠳᠠᠷᠤᠩᠭᠤᠶᠢᠯᠠᠵᠤ ᠴᠢᠳᠠᠬᠤ ᠪᠥᠭᠡᠳ ᠥᠭᠡᠷ᠎ᠡ ᠡᠪᠡᠳᠴᠢᠨ ᠡᠭᠦᠰᠬᠦ ᠳᠦ ᠬᠦᠷᠭᠡᠵᠦ ᠪᠣᠯᠤᠨ᠎ᠠ᠃

08:39, 20 Дөрөвдүгээр сар 2022-ий байдлаарх одоогийн засвар

ᠠᠷᠬᠠᠭ ᠶᠠᠳᠠᠷᠠᠭᠠᠨ ᠊ᠤ ᠬᠠᠮ ᠰᠢᠨᠵᠢ

ᠠᠷᠬᠠᠭ
ᠶᠠᠳᠠᠷᠠᠭᠠᠨ ᠊ᠤ
ᠬᠠᠮ ᠰᠢᠨᠵᠢ
Myalgic
Encephalomyelitis

ᠣᠨᠣᠰᠢ ᠲᠠᠢ
ᠪᠦᠰᠡᠭᠦᠢ

ᠰᠢᠨᠵᠢ ᠲᠡᠮᠳᠡᠭ[засварлах | кодоор засварлах]

•           ᠪᠠᠶ᠋ᠢᠩᠭᠤ ᠶᠠᠳᠠᠷᠠᠬᠤ

•           ᠪᠠᠶ᠋ᠢᠨ ᠪᠠᠶ᠋ᠢᠨ ᠬᠣᠭᠣᠯᠠᠢ ᠡᠪᠡᠳᠬᠦ

•           ᠪᠠᠭ᠎ᠠ ᠵᠡᠷᠭᠡ ᠬᠠᠯᠠᠭᠤᠷᠠᠬᠤ

•           ᠲᠤᠩᠭᠠᠯᠠᠭ ᠤᠨ ᠪᠤᠯᠴᠢᠷᠬᠠᠢ ᠲᠣᠮᠣᠷᠠᠬᠤ (ᠬᠥᠵᠦᠭᠦᠦ᠂ ᠰᠤᠭᠤ)

•           ᠲᠣᠯᠣᠭᠠᠢ ᠡᠪᠡᠳᠬᠦ

•           ᠪᠤᠯᠴᠢᠩ᠂ ᠦᠶ ‍ᠡ᠋ ᠪᠡᠷ ᠡᠪᠡᠳᠬᠦ

•           ᠭᠡᠳᠡᠰᠦ ᠡᠪᠭᠦᠶ᠋ᠢᠷᠬᠡᠬᠦ᠂ ᠭᠡᠳᠡᠰᠦ ᠴᠣᠴᠢᠷᠠᠯ ᠤᠨ ᠬᠠᠮᠰᠢᠨᠵᠢ ᠢᠯᠡᠷᠡᠬᠦ

•           ᠰᠡᠳᠬᠢᠯ ᠰᠠᠨᠠᠭᠠᠨ ᠤ ᠳ᠋ᠢᠰᠲᠷᠧᠰᠰ ᠲᠥ ᠤᠷᠤᠬᠤ

•           ᠨᠣᠢᠢᠷᠭᠦᠶ᠋ᠢᠳᠡᠬᠦ

•           ᠠᠩᠬᠠᠷᠤᠯ ᠲᠥᠪᠯᠡᠷᠡᠬᠦ ᠴᠢᠳᠠᠪᠤᠷᠢ ᠠᠯᠳᠠᠭᠳᠠᠬᠤ᠂ ᠣᠢ ᠲᠣᠭᠲᠠᠭᠠᠯᠳᠠ ᠪᠠᠭᠤᠷᠠᠬᠤ

ᠶᠡᠷᠦᠩᠬᠡᠢ ᠣᠶᠢᠯᠠᠭᠠᠯᠲᠠ[засварлах | кодоор засварлах]

ᠠᠷᠬᠠᠭ ᠶᠠᠳᠠᠷᠠᠭᠠᠨ ᠤ ᠬᠠᠮᠰᠢᠨᠵᠢ (ᠠ᠊᠂ᠶᠠ᠊᠂ᠬᠠ᠊᠂) ᠨᠢ 6 ᠰᠠᠷ᠎ᠠ ᠠᠴᠠ ᠤᠳᠠᠭᠠᠨ ᠬᠤᠭᠤᠴᠠᠭ᠎ᠠ ᠪᠠᠷ ᠶᠠᠳᠠᠷᠠᠬᠤ ᠰᠢᠨᠵᠢ ᠢᠯᠡᠷᠡᠭᠰᠡᠨ ᠦ ᠳᠠᠷᠠᠭ᠎ᠠ ᠪᠠᠷ ᠲᠠᠨᠢᠨ ᠮᠡᠳᠡᠬᠦᠢ ᠶᠢᠨ ᠦᠢᠯᠡ ᠠᠵᠢᠯᠯᠠᠭ᠎ᠠ ᠠᠯᠳᠠᠭᠳᠠᠬᠤ ᠪᠠᠶᠢᠳᠠᠯ ᠢᠶᠠᠷ ᠢᠯᠡᠷᠡᠳᠡᠭ᠃ ᠰᠢᠯᠲᠠᠭᠠᠨ ᠨᠢ ᠲᠣᠳᠣᠷᠬᠠᠢ ᠦᠭᠡᠢ ᠬᠡᠳᠦᠢ ᠴᠤ ᠵᠠᠷᠢᠮ ᠮᠡᠷᠭᠡᠵᠢᠯᠲᠡᠨ ᠧ᠊᠂ᠪᠠ᠊᠂ᠸᠢ᠊᠂ ᠍ ᠦᠨ ᠠᠷᠬᠠᠭ ᠬᠠᠯᠳᠠᠪᠤᠷᠢ ᠶᠢᠨ ᠤᠯᠠᠮ ᠠᠴᠠ ᠡᠭᠦᠰᠳᠡᠭ ᠭᠡᠵᠦ ᠦᠵᠡᠳᠡᠭ᠃ ᠣᠯᠠᠨ ᠲᠥᠷᠥᠯ ᠦᠨ᠂ ᠬᠣᠭᠣᠷᠣᠨᠳᠣ ᠪᠠᠨ ᠬᠣᠯᠪᠣᠭ᠎ᠠ ᠦᠭᠡᠢ ᠬᠠᠯᠳᠠᠪᠤᠷᠢᠲᠤ ᠡᠪᠡᠳᠴᠢᠨ ᠨᠦᠭᠦᠳ ᠢᠶᠡᠷ ᠡᠪᠡᠳᠴᠢᠯᠡᠭᠰᠡᠨ ᠦ ᠳᠠᠷᠠᠭ᠎ᠠ ᠬᠦᠮᠦᠨ ᠦ ᠪᠡᠶ᠎ᠡ ᠤᠳᠠᠭᠠᠨ ᠬᠤᠭᠤᠴᠠᠭ᠎ᠠ ᠪᠠᠷ ᠰᠤᠯᠢᠳᠠᠵᠤ᠂ ᠡᠨᠡ ᠦᠶ᠎ᠡ ᠳᠦ ᠲᠠᠨᠢᠨ ᠮᠡᠳᠡᠬᠦᠢ ᠶᠢᠨ ᠥᠭᠡᠷᠡᠴᠢᠯᠡᠯᠲᠡ ᠨᠦᠭᠦᠳ ᠨᠡᠮᠡᠵᠦ ᠢᠯᠡᠷᠡᠪᠡᠯ ᠡᠭᠦᠨ ᠢ ᠠ᠊᠂ᠶᠠ᠊᠂ᠬᠠ᠊᠂ ᠭᠡᠵᠦ ᠨᠡᠷᠡᠯᠡᠳᠡᠭ᠃

ᠠ᠊᠂ᠶᠠ᠊᠂ᠬᠠ᠊᠂ ᠨᠢ ᠠᠷᠬᠠᠭ ᠧ᠊᠂ᠪᠠ᠊᠂ᠸᠢ᠊᠂ ᠍ ᠦᠨ ᠬᠠᠯᠳᠠᠪᠤᠷᠢ᠂ ᠠᠷᠬᠠᠭ ᠮᠣᠨᠣᠨᠤᠺᠯᠶᠣᠽ ᠲᠥᠰᠲᠦ ᠬᠠᠮᠰᠢᠨᠵᠢᠲᠡᠢ ᠠᠳᠠᠯᠢ ᠤᠳᠬ᠎ᠠ ᠲᠠᠢ ᠪᠢᠰᠢ᠃

ᠠ᠊᠂ᠶᠠ᠊᠂ᠬᠠ᠊᠂ ᠍ ᠢ ᠤᠷᠢᠳᠤ ᠡᠮᠦᠨ᠎ᠡ ᠡᠨᠼᠡᠹᠠᠯᠣᠮᠢᠶᠠᠯᠠᠭᠢ ᠭᠡᠵᠦ ᠨᠡᠷᠡᠯᠡᠳᠡᠭ ᠪᠠᠶᠢᠴᠠᠢ᠃ ᠤᠴᠢᠷ ᠨᠢ ᠡᠨᠡ ᠡᠪᠡᠳᠴᠢᠨ ᠦ ᠦᠶ᠎ᠡ ᠳᠦ ᠡᠨᠼᠡᠹᠠᠯᠢᠲ (ᠲᠠᠨᠢᠨ ᠮᠡᠳᠡᠬᠦᠢ ᠶᠢᠨ ᠦᠢᠯᠡ ᠠᠵᠢᠯᠯᠠᠭᠠᠨ ᠤ ᠠᠯᠳᠠᠭᠳᠠᠯ) ᠍ ᠦᠨ ᠰᠢᠨᠵᠢ᠂ ᠠᠷᠤᠭ ᠶᠠᠰᠤᠨ ᠤ ᠪᠤᠯᠴᠢᠩ ᠤᠨ (ᠠᠷᠬᠠᠭ ᠶᠠᠳᠠᠷᠠᠭ᠎ᠠ) ᠰᠢᠨᠵᠢ ᠨᠦᠭᠦᠳ ᠬᠠᠮᠲᠤ ᠢᠯᠡᠷᠡᠳᠡᠭ᠃ ᠲᠠᠨᠢᠨ ᠮᠡᠳᠡᠬᠦᠢ ᠶᠢᠨ ᠦᠢᠯᠡ ᠠᠵᠢᠯᠯᠠᠭᠠᠨ ᠤ ᠠᠯᠳᠠᠭᠳᠠᠯ ᠤᠨ ᠰᠢᠨᠵᠢ ᠨᠦᠭᠦᠳ ᠢᠯᠡᠷᠡᠭᠡ ᠦᠭᠡᠢ ᠲᠣᠬᠢᠶᠠᠯᠳᠤᠯ ᠳᠤ ᠡᠭᠦᠨ ᠢ ᠠ᠊᠂ᠶᠠ᠊᠂ᠬᠠ᠊᠂ ᠭᠡᠵᠦ ᠠᠪᠴᠤ ᠦᠵᠡᠬᠦ ᠦᠭᠡᠢ᠃

ᠡᠨᠡᠬᠦ ᠬᠠᠮᠰᠢᠨᠵᠢ ᠨᠢ ᠡᠮᠡᠭᠲᠡᠶᠢᠴᠦᠳ ᠲᠦ ᠢᠯᠡᠭᠦᠦ᠂ ᠵᠠᠯᠠᠭᠤ᠂ ᠳᠤᠮᠳᠠ ᠨᠠᠰᠤᠨ ᠤ ᠨᠠᠰᠤᠨ ᠳᠤ ᠬᠦᠷᠭᠡᠴᠢᠳ ᠦᠨ ᠳᠤᠮᠳᠠ ᠲᠦᠭᠡᠮᠡᠯ ᠲᠣᠬᠢᠶᠠᠯᠳᠤᠳᠠᠭ᠃

ᠬᠠᠯᠳᠠᠪᠤᠷᠢᠲᠤ ᠡᠪᠡᠳᠴᠢᠨ ᠦ ᠴᠣᠴᠢᠮᠠᠭ ᠦᠶ᠎ᠡ ᠳᠦ ᠶᠠᠳᠠᠷᠴᠢ᠂ ᠰᠤᠯᠢᠳᠠᠬᠤ ᠰᠢᠨᠵᠢ ᠢᠯᠡᠷᠡᠳᠡᠭ ᠴᠤ ᠡᠪᠡᠳᠴᠢᠨ ᠡᠳᠡᠭᠡᠷᠡᠬᠦ ᠳᠦ ᠶᠠᠳᠠᠷᠠᠭ᠎ᠠ ᠠᠷᠢᠯᠤᠭᠰᠠᠨ ᠪᠠᠶᠢᠳᠠᠭ᠃ ᠬᠠᠷᠢᠨ ᠠ᠊᠂ᠶᠠ᠊᠂ᠬᠠ᠊᠂ ᠍ ᠲᠡᠢ ᠡᠪᠡᠳᠴᠢᠲᠡᠨ ᠨᠦᠭᠦᠳ ᠦᠨ ᠬᠤᠪᠢ ᠳᠤ ᠬᠠᠯᠳᠠᠪᠤᠷᠢᠲᠤ ᠡᠪᠡᠳᠴᠢᠨ ᠦ ᠬᠤᠷᠴᠠ ᠦᠶ᠎ᠡ ᠳᠦ ᠢᠯᠡᠷᠡᠵᠦ ᠪᠠᠶᠢᠭᠰᠠᠨ ᠶᠠᠳᠠᠷᠠᠭ᠎ᠠ ᠠᠷᠢᠯᠬᠤ ᠦᠭᠡᠢ᠂ 6 ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠦᠷᠭᠦᠯᠵᠢᠯᠡᠭᠰᠡᠭᠡᠷ ᠪᠠᠶᠢᠳᠠᠭ᠃

ᠠ᠊᠂ᠶᠠ᠊᠂ᠬᠠ᠊᠂ ᠍ ᠲᠡᠢ ᠬᠦᠮᠦᠰ ᠤᠳᠠᠭᠠᠨ ᠬᠤᠭᠤᠴᠠᠭᠠᠨ ᠳᠤ ᠶᠠᠳᠠᠷᠴᠢ᠂ ᠲᠠᠨᠢᠨ ᠮᠡᠳᠡᠬᠦᠢ ᠶᠢᠨ ᠦᠢᠯᠡ ᠠᠵᠢᠯᠯᠠᠭ᠎ᠠ ᠠᠯᠳᠠᠭᠳᠠᠭᠰᠠᠨ ᠪᠠᠶᠢᠳᠠᠭ ᠲᠤᠯᠠ ᠡᠳᠦᠷ ᠲᠤᠲᠤᠮ ᠤᠨ ᠦᠢᠯᠡ ᠠᠵᠢᠯᠯᠠᠭ᠎ᠠ ᠶᠢ ᠪᠠᠨ ᠭᠦᠢᠴᠡᠳᠭᠡᠵᠦ ᠴᠢᠳᠠᠬᠤ ᠪᠠᠨ ᠪᠣᠯᠢᠳᠠᠭ᠃ ᠢᠩᠭᠢᠭᠰᠡᠨ ᠢᠶᠡᠷ ᠰᠡᠳᠬᠢᠯ ᠭᠤᠲᠤᠷᠠᠯ ᠳᠤ ᠠᠪᠲᠠᠵᠤ ᠡᠬᠢᠯᠡᠳᠡᠭ᠃ ᠮᠥᠨ ᠪᠣᠭᠣᠨᠢ ᠬᠤᠭᠤᠴᠠᠭᠠᠨ ᠤ ᠣᠢ ᠲᠣᠭᠲᠠᠭᠠᠯ ᠳᠤ ᠠᠯᠳᠠᠭᠳᠠᠵᠤ᠂ ᠬᠡᠪ ᠦᠨ ᠶᠠᠷᠢᠵᠤ ᠪᠠᠶᠢᠬᠤ ᠳᠤ ᠪᠠᠨ ᠲᠣᠳᠣᠷᠬᠠᠢ ᠦᠭᠡ ᠶᠢ ᠣᠯᠵᠤ᠂ ᠬᠡᠯᠡᠬᠦ ᠴᠢᠳᠠᠪᠤᠷᠢ ᠦᠭᠡᠢ ᠪᠣᠯᠤᠭᠰᠠᠨ ᠪᠠᠶᠢᠳᠠᠭ᠃ ᠶᠠᠭᠤᠮ᠎ᠠ ᠶᠢ ᠤᠶᠢᠯᠠᠭᠠᠬᠤ ᠴᠢᠳᠠᠪᠤᠷᠢ᠂ ᠬᠥᠳᠡᠯᠭᠡᠭᠡᠨ ᠦ ᠬᠢᠭᠡᠳ ᠬᠡᠯᠡ ᠶᠠᠷᠢᠶᠠᠨ ᠤ ᠬᠤᠷᠳᠤ᠂ ᠰᠢᠯᠲᠠᠭᠠᠨ ᠢ ᠢᠯᠡᠷᠡᠭᠦᠯᠬᠦ᠂ ᠣᠶᠤᠨ ᠤ ᠴᠢᠳᠠᠪᠤᠷᠢ ᠨᠤᠭᠤᠳ ᠪᠠᠭ᠎ᠠ ᠵᠡᠷᠭᠡ ᠥᠭᠡᠷᠡᠴᠢᠯᠡᠭᠳᠡᠭᠰᠡᠨ ᠪᠠᠶᠢᠳᠠᠭ᠃ ᠤᠷᠢᠳᠤ ᠡᠮᠦᠨ᠎ᠡ ᠬᠡᠪ ᠦᠨ ᠭᠦᠢᠴᠡᠳᠭᠡᠳᠡᠭ ᠪᠠᠶᠢᠭᠰᠠᠨ ᠦᠢᠯᠡᠳᠦᠯ ᠦᠳ ᠢᠶᠡᠨ ᠭᠦᠢᠴᠡᠳᠭᠡᠭᠰᠡᠨ ᠦ ᠳᠠᠷᠠᠭ᠎ᠠ ᠶᠡᠬᠡ ᠪᠡᠷ ᠶᠠᠳᠠᠷᠴᠢ᠂ ᠮᠥᠨ ᠤᠳᠠᠭᠠᠨ ᠬᠤᠭᠤᠴᠠᠭᠠᠨ ᠳᠤ ᠤᠨᠲᠠᠵᠤ ᠠᠮᠠᠷᠠᠭᠰᠠᠨ ᠴᠤ ᠪᠡᠶ᠎ᠡ ᠮᠠᠬᠠᠪᠣᠳ ᠨᠢ ᠰᠡᠷᠭᠦᠭᠰᠡᠨ ᠮᠡᠳᠡᠷᠡᠮᠵᠢ ᠲᠥᠷᠳᠡᠭᠡ ᠦᠭᠡᠢ᠃

ᠠᠷᠬᠠᠭ ᠡᠫᠰᠢᠲᠡᠢᠨ-ᠪᠠᠷᠷ ᠣᠢᠷᠦ᠋ᠰᠲ ᠶᠢᠨ ᠬᠠᠯᠳᠠᠪᠤᠷᠢ[засварлах | кодоор засварлах]

ᠧ᠊᠂ᠪᠠ᠊᠂ᠸᠢ᠊᠂ ᠨᠢ ᠭᠡᠷᠫᠡᠰᠡᠢᠨ ᠪᠦᠯᠦᠭ ᠦᠨ ᠣᠢᠷᠦ᠋ᠰᠲ ᠶᠢᠨ ᠨᠢᠭᠡ ᠪᠥᠭᠡᠳ ᠡᠨᠡ ᠪᠦᠯᠦᠭ ᠲᠦ Herpes simplex I ᠪᠤᠶᠤ II ᠲᠥᠷᠥᠯ᠂ Varicella Zoster ᠸᠢᠷᠦᠰ᠂ ᠼᠢᠲ᠋ᠣᠮᠡᠭᠠᠯᠣᠣᠢᠷᠦᠢᠰ᠂ ᠫᠰ᠋ᠤᠮᠠᠷᠪᠡᠶᠡᠰ ᠸᠢᠷᠦᠰ ᠬᠠᠮᠢᠶᠠᠷᠤᠭᠳᠠᠳᠠᠭ᠃ ᠡᠳᠡᠭᠡᠷ ᠣᠢᠷᠦ᠋ᠰᠲᠤᠳ ᠶᠢᠨ ᠨᠡᠶᠢᠲᠡᠯᠢᠭ ᠨᠢᠭᠡ ᠰᠢᠨᠵᠢ ᠴᠢᠨᠠᠷ ᠨᠢ ᠬᠠᠯᠳᠠᠪᠤᠷᠢᠯᠠᠭᠰᠠᠨ ᠤ ᠪᠠᠨ ᠳᠠᠷᠠᠭ᠎ᠠ ᠠᠮᠢᠳᠤᠷᠠᠯ ᠤᠨ ᠲᠤᠷᠰᠢᠳᠠ ᠳᠠᠬᠢᠭᠰᠠᠨ ᠬᠠᠯᠳᠠᠪᠤᠷᠢ ᠶᠢ ᠡᠭᠦᠰᠬᠡᠳᠡᠭ᠃ ᠡᠨᠡᠬᠦ ᠳᠠᠬᠢᠭᠰᠠᠨ ᠬᠠᠯᠳᠠᠪᠤᠷᠢ ᠨᠢ ᠳᠠᠷᠬᠠᠯᠠᠭ᠎ᠠ ᠬᠡᠪ ᠦᠨ ᠪᠠᠶᠢᠬᠤ ᠦᠶ᠎ᠡ ᠳᠦ ᠢᠳᠡᠪᠬᠢᠵᠢᠬᠤ ᠦᠭᠡᠢ ᠪᠥᠭᠡᠳ ᠳᠠᠷᠬᠠᠯᠠᠭ᠎ᠠ ᠳᠠᠷᠤᠩᠭᠤᠶᠢᠯᠠᠭᠳᠠᠭᠰᠠᠨ ᠦᠶ᠎ᠡ ᠳᠦ ᠢᠳᠡᠪᠬᠢᠵᠢᠵᠤ᠂ ᠣᠢᠷᠦ᠋ᠰᠲ ᠶᠢᠨ ᠷᠡᠫᠯᠢᠺᠠᠴᠢ᠂ ᠲᠠᠷᠬᠠᠯᠲᠠ ᠨᠡᠮᠡᠭᠳᠡᠳᠡᠭ᠃ ᠡᠨᠡ ᠨᠢ ᠳᠠ‍᠂ᠣ᠊᠂ᠬᠣ᠊᠂ ᠍ ᠲᠠᠢ᠂ ᠬᠠᠪᠤᠳᠠᠷᠲᠠᠢ᠂ ᠡᠮ ᠦᠨ ᠨᠥᠯᠥᠭᠡ ᠳᠦ ᠳᠠᠷᠬᠠᠯᠠᠭ᠎ᠠ ᠳᠠᠷᠤᠩᠭᠤᠶᠢᠯᠠᠭᠳᠠᠭᠰᠠᠨ ᠬᠦᠮᠦᠰ ᠲᠦ ᠭᠡᠷᠫᠡᠰ ᠣᠢᠷᠦ᠋ᠰᠲ ᠶᠢᠨ ᠬᠠᠯᠳᠠᠪᠤᠷᠢ ᠶᠢᠨ ᠢᠯᠡᠷᠡᠯ ᠡᠴᠡ ᠬᠠᠷᠠᠭᠳᠠᠳᠠᠭ᠃

ᠧ᠊᠂ᠪᠠ᠊᠂ᠸᠢ᠊᠂ ᠍ ᠦᠨ ᠬᠠᠯᠳᠠᠪᠤᠷᠢ ᠬᠦᠨᠳᠦ ᠪᠠᠶᠢᠩᠭᠤ ᠣᠷᠣᠰᠢᠵᠤ ᠪᠠᠶᠢᠳᠠᠭ᠃ ᠨᠠᠰᠤᠨ ᠳᠤ ᠬᠦᠷᠬᠦ ᠦᠶ᠎ᠡ ᠶᠢᠨ ᠡᠬᠢᠨ ᠳᠦ ᠪᠠᠷᠤᠭ ᠪᠦᠬᠦ ᠬᠦᠮᠦᠨ ᠦ ᠴᠢᠰᠤᠨ ᠳᠤ ᠧ᠊᠂ᠪᠠ᠊᠂ᠸᠢ᠊᠂ ᠍ ᠦᠨ ᠡᠰᠡᠷᠭᠦᠪᠡᠶ᠎ᠡ ᠢᠯᠡᠷᠡᠵᠦ ᠪᠠᠶᠢᠳᠠᠭ᠃ ᠬᠡᠦᠬᠡᠳ ᠨᠠᠰᠤᠨ ᠳᠤ ᠠᠩᠬᠠᠳᠠᠭᠴᠢ ᠬᠠᠯᠳᠠᠪᠤᠷᠢ ᠲᠣᠬᠢᠶᠠᠯᠳᠣᠬᠤ ᠦᠶ᠎ᠡ ᠳᠦ ᠶᠠᠮᠠᠷ ᠨᠢᠭᠡᠨ ᠰᠢᠨᠵᠢ ᠲᠡᠮᠳᠡᠭ ᠢᠯᠡᠷᠡᠳᠡᠭ ᠦᠭᠡᠢ᠃ ᠬᠠᠷᠢᠨ ᠠᠩᠬᠠᠳᠠᠭᠴᠢ ᠬᠠᠯᠳᠠᠪᠤᠷᠢ ᠥᠰᠪᠦᠷᠢ ᠨᠠᠰᠤ᠂ ᠨᠠᠰᠤᠨ ᠳᠤ ᠬᠦᠷᠬᠦ ᠦᠶ᠎ᠡ ᠶᠢᠨ ᠡᠬᠢᠨ ᠳᠦ ᠢᠯᠡᠷᠡᠭᠰᠡᠨ ᠪᠣᠯ ᠬᠠᠯᠳᠠᠪᠤᠷᠢᠲᠤ ᠮᠣᠨᠣᠨᠤᠺᠯᠽᠵ ᠶᠢᠨ ᠡᠮᠨᠡᠯᠡᠵᠦᠢᠨ ᠰᠢᠨᠵᠢ ᠨᠡᠶᠢᠲᠡ ᠬᠠᠯᠳᠠᠪᠤᠷᠢ ᠶᠢᠨ 50% ᠍ ᠳᠦ ᠲᠣᠬᠢᠶᠠᠯᠳᠤᠳᠠᠭ᠃

1940-1950 ᠍ ᠊ᠭᠠᠳ ᠣᠨ ᠤ ᠦᠶ᠎ᠡ ᠳᠦ ᠮᠣᠨᠣᠨᠤᠺᠡᠠᠵᠠ ᠲᠥᠰᠲᠦ ᠬᠠᠮᠰᠢᠨᠵᠢ ᠳᠠᠬᠢᠯᠲᠠ ᠲᠠᠢ ᠪᠠᠷ᠂ ᠤᠳᠠᠭᠠᠨ ᠬᠤᠭᠤᠴᠠᠭ᠎ᠠ ᠪᠠᠷ ᠢᠯᠡᠷᠡᠵᠦ ᠪᠠᠶᠢᠭᠰᠠᠨ ᠲᠤᠬᠠᠢ ᠢᠯᠡᠳᠬᠡᠯ ᠦᠳ ᠲᠦ ᠳᠤᠷᠢᠳᠠᠰᠤᠨ ᠪᠠᠶᠢᠳᠠᠭ ᠴᠤ ᠠᠷᠬᠠᠭ ᠶᠠᠳᠠᠷᠠᠭᠠᠨ ᠤ ᠬᠠᠮᠰᠢᠨᠵᠡ ᠶᠢᠨ ᠲᠤᠬᠠᠢ ᠬᠡᠪᠯᠡᠯ ᠳᠦ ᠪᠢᠴᠢᠭᠳᠡᠵᠦ ᠡᠬᠢᠯᠡᠭᠡ ᠦᠭᠡᠢ ᠪᠠᠶᠢᠴᠠᠢ᠃ ᠡᠨᠡ ᠨᠢ 1980 ᠍ ᠊ᠭᠠᠳ ᠣᠨ ᠤ ᠳᠤᠮᠳᠠᠭᠤᠷ ᠪᠢᠴᠢᠭᠳᠡᠵᠦ ᠡᠬᠢᠯᠡᠭᠰᠡᠨ ᠪᠠᠶᠢᠳᠠᠭ᠃ ᠡᠨᠡ ᠬᠠᠮᠰᠢᠨᠵᠡ ᠶᠢᠨ ᠦᠶ᠎ᠡ ᠳᠦ ᠢᠯᠡᠷᠡᠳᠡᠭ ᠰᠢᠨᠵᠢ ᠲᠡᠮᠳᠡᠭ ᠦᠳ ᠲᠡᠢ ᠡᠪᠡᠳᠴᠢᠲᠡᠨ ᠨᠦᠭᠦᠳ ᠦᠨ ᠨᠡᠯᠢᠶᠡᠳ ᠬᠤᠪᠢ ᠳᠤ ᠧ᠊᠂ᠪᠠ᠊᠂ᠸᠢ᠊᠂ ᠍ ᠦᠨ ᠡᠰᠡᠷᠭᠦᠪᠡᠶ᠎ᠡ ᠰᠡᠶᠢᠪᠦᠩ ᠳᠦ ᠶᠡᠬᠡᠰᠰᠦᠨ ᠪᠠᠶᠢᠳᠠᠭ᠃

ᠧ᠊᠂ᠪᠠ᠊᠂ᠸᠢ᠊᠂ ᠍ ᠦᠨ ᠬᠠᠯᠳᠠᠪᠤᠷᠢ ᠨᠢ᠄

•           ᠧ᠊᠂ᠪᠠ᠊᠂ᠸᠢ᠊᠂ ᠪᠣᠯᠤᠨ ᠭᠡᠷᠫᠡᠰᠡᠢᠨ ᠪᠤᠰᠤᠳ ᠪᠦᠯᠦᠭ ᠦᠨ ᠣᠢᠷᠦ᠋ᠰᠲ ᠤᠳ ᠨᠢ ᠨᠠᠰᠤᠨ ᠲᠤᠷᠰᠢ ᠶᠢᠨ ᠳᠠᠯᠳᠠ ᠬᠠᠯᠳᠠᠪᠤᠷᠢ ᠶᠢ ᠡᠭᠦᠰᠬᠡᠳᠡᠭ᠃

•           ᠡᠵᠡᠨ ᠪᠡᠶ᠎ᠡ ᠶᠢᠨ ᠳᠠᠷᠬᠠᠯᠠᠭ᠎ᠠ ᠲᠣᠭᠲᠠᠯᠴᠠᠭ᠎ᠠ ᠬᠠᠯᠳᠠᠪᠤᠷᠢ ᠶᠢ ᠬᠢᠨᠠᠯᠲᠠᠨ ᠳᠤ ᠪᠠᠨ ᠪᠠᠶᠢᠯᠭᠠᠵᠤ ᠪᠠᠶᠢᠳᠠᠭ᠃

•           ᠳᠠᠷᠬᠠᠯᠠᠭ᠎ᠠ ᠰᠤᠯᠠᠷᠠᠬᠤ ᠦᠶ᠎ᠡ ᠳᠦ᠂ ᠢᠯᠠᠩᠭᠤᠶ᠎ᠠ ᠡᠰ ᠦᠨ ᠳᠠᠷᠬᠠᠯᠠᠭ᠎ᠠ ᠰᠤᠯᠠᠷᠠᠬᠤ ᠦᠶ᠎ᠡ ᠳᠦ ᠸᠢᠷᠦᠰ ᠳᠠᠬᠢᠨ ᠢᠳᠡᠪᠬᠢᠵᠢᠵᠤ᠂ ᠳᠠᠬᠢᠭᠰᠠᠨ ᠬᠠᠯᠳᠠᠪᠤᠷᠢ ᠶᠢ ᠡᠭᠦᠰᠬᠡᠳᠡᠭ᠃

•           ᠬᠠᠯᠳᠠᠪᠤᠷᠢ ᠨᠢ ᠳᠠᠩ ᠢᠶᠠᠷ ᠢᠶᠠᠨ ᠳᠠᠷᠬᠠᠯᠠᠭ᠎ᠠ ᠶᠢ ᠳᠠᠷᠤᠩᠭᠤᠶᠢᠯᠠᠵᠤ ᠴᠢᠳᠠᠬᠤ ᠪᠥᠭᠡᠳ ᠥᠭᠡᠷ᠎ᠡ ᠡᠪᠡᠳᠴᠢᠨ ᠡᠭᠦᠰᠬᠦ ᠳᠦ ᠬᠦᠷᠭᠡᠵᠦ ᠪᠣᠯᠤᠨ᠎ᠠ᠃

•           ᠳᠠᠷᠬᠠᠯᠠᠭᠠᠨ ᠤ ᠦᠢᠯᠡ ᠠᠵᠢᠯᠯᠠᠭ᠎ᠠ ᠠᠯᠳᠠᠭᠳᠠᠭᠰᠠᠨ ᠰᠢᠨᠵᠢ ᠪᠡᠷ ᠢᠯᠡᠷᠡᠳᠡᠭ ᠣᠯᠠᠨ ᠡᠪᠡᠳᠴᠢᠨ ᠦ ᠦᠶ᠎ᠡ ᠳᠦ ᠧ᠊᠂ᠪᠠ᠊᠂ᠸᠢ᠊᠂ ᠍ ᠦᠨ ᠡᠰᠡᠷᠭᠦ ᠪᠡᠶ᠎ᠡ ᠶᠢᠨ ᠬᠡᠮᠵᠢᠶ᠎ᠡ ᠶᠡᠬᠡᠰᠰᠦᠨ ᠪᠠᠶᠢᠳᠠᠭ᠃

•           ᠭᠡᠷᠫᠡᠰᠡᠢᠨ ᠪᠦᠯᠦᠭ ᠦᠨ ᠪᠣᠯᠤᠨ ᠤᠯᠠᠭᠠᠨ ᠪᠤᠷᠬᠠᠨ ᠤ ᠣᠢᠷᠦ᠋ᠰᠲ ᠶᠢᠨ ᠡᠰᠡᠷᠭᠦᠪᠡᠶ᠎ᠡ ᠶᠢᠨ ᠲᠦᠪᠰᠢᠨ ᠠᠷᠬᠠᠭ ᠶᠠᠳᠠᠷᠠᠭᠠᠨ ᠤ ᠬᠠᠮᠰᠢᠨᠵᠢᠲᠡᠢ ᠡᠰᠡᠪᠡᠯ ᠮᠣᠨᠣᠨᠤᠺᠡᠠᠵᠠ ᠲᠥᠰᠲᠦ ᠬᠠᠮᠰᠢᠨᠵᠢᠲᠡᠢ ᠡᠪᠡᠳᠴᠢᠲᠡᠨ ᠨᠦᠭᠦᠳ ᠲᠦ ᠶᠡᠬᠡᠰᠰᠦᠨ ᠪᠠᠶᠢᠳᠠᠭ᠃

ᠼᠢᠲ᠋ᠣᠮᠡᠭᠠᠯᠣᠣᠢᠷᠦᠢᠰ

ᠼᠢᠲ᠋ᠣᠮᠡᠭᠠᠯᠣᠣᠢᠷᠦ᠋ᠰᠲ ᠶᠢᠨ ᠬᠠᠯᠳᠠᠪᠤᠷᠢ ᠨᠢ ᠧ᠊᠂ᠪᠠ᠊᠂ᠸᠢ᠊᠂ ᠍ ᠬᠣᠯᠪᠣᠭᠠᠲᠤ ᠬᠠᠯᠳᠠᠪᠤᠷᠢᠤᠳᠲᠡᠢ ᠲᠥᠰᠲᠡᠢ ᠰᠢᠨᠵᠢ ᠪᠡᠷ ᠢᠯᠡᠷᠡᠳᠡᠭ᠃ ᠳᠡᠯᠢᠭᠦᠦ ᠲᠣᠮᠣᠷᠠᠬᠤ᠂ ᠡᠯᠢᠭᠡᠨ ᠳᠦ ᠨᠦᠯᠦᠭᠡᠯᠡᠬᠦ᠂ ᠬᠡᠪ ᠦᠨ ᠪᠤᠰᠤ ᠯᠢᠮᠹᠣᠼᠢᠲᠡᠭᠦᠳ ᠨᠢ ᠡᠨᠡ ᠣᠢᠷᠦ᠋ᠰᠲ ᠶᠢᠨ ᠬᠠᠯᠳᠠᠪᠤᠷᠢ ᠶᠢᠨ ᠦᠶ᠎ᠡ ᠶᠢᠨ ᠨᠣᠴᠢᠲᠠᠢ ᠰᠢᠨᠵᠢ ᠨᠦᠭᠦᠳ ᠶᠤᠮ᠃ ᠬᠡᠳᠦᠢ ᠪᠡᠷ ᠡᠨᠡ ᠨᠢ ᠨᠠᠰᠤᠲᠠᠢ ᠬᠦᠮᠦᠰ ᠢ ᠭᠣᠣᠯᠴᠢᠯᠠᠨ ᠬᠠᠮᠤᠷᠳᠠᠭ ᠴᠤ᠂ 20-30 ᠨᠠᠰᠤᠨ ᠤ ᠬᠢᠨ ᠳᠤ ᠲᠣᠬᠢᠶᠠᠯᠳᠤᠪᠠᠯ ᠬᠣᠭᠣᠯᠠᠢ ᠡᠪᠡᠳᠬᠦ᠂ ᠬᠣᠭᠤᠯᠠᠢᠨ ᠤ ᠲᠤᠩᠭᠠᠯᠠᠭ ᠤᠨ ᠵᠠᠩᠭᠢᠯᠠᠭ᠎ᠠ ᠲᠣᠮᠣᠷᠠᠬᠤ ᠵᠡᠷᠭᠡ ᠰᠢᠨᠵᠢ ᠨᠦᠭᠦᠳ ᠢᠯᠡᠷᠡᠳᠡᠭ ᠦᠭᠡᠢ᠃

ᠮᠡᠳᠡᠷᠡᠮᠡᠲᠡᠭᠡᠢ ᠪᠠᠶᠢᠳᠠᠯ

ᠳᠠᠷᠬᠠᠯᠠᠭᠠᠨ ᠤ ᠲᠣᠭᠲᠠᠯᠴᠠᠭ᠎ᠠ ᠶᠢ ᠰᠠᠶᠢᠵᠢᠷᠠᠭᠤᠯᠬᠤ ᠨᠢ ᠡᠵᠡᠨ ᠪᠡᠶ᠎ᠡ ᠶᠢᠨ ᠲᠡᠰᠪᠦᠷᠢ ᠳᠦ ᠴᠢᠨᠠᠷ ᠢ ᠰᠠᠶᠢᠵᠢᠷᠠᠭᠤᠯᠬᠤ ᠳᠤ ᠬᠠᠮᠤᠭ ᠤᠨ ᠴᠢᠬᠤᠯᠠ ᠡᠭᠦᠷᠭᠡ ᠲᠡᠢ ᠪᠥᠭᠡᠳ ᠡᠪᠡᠳᠴᠢᠨ ᠢ ᠡᠳᠡᠭᠡᠭᠡᠬᠦ ᠳᠦ ᠴᠤ ᠭᠡᠰᠡᠨ ᠠᠴᠢ ᠲᠤᠰᠠᠲᠠᠢ ᠪᠠᠶᠢᠳᠠᠭ᠃ ᠠᠷᠬᠠᠭ ᠶᠠᠳᠠᠷᠠᠭᠠᠨ ᠤ ᠬᠠᠮᠰᠢᠨᠵᠢ ᠨᠢ ᠤᠳᠠᠭᠠᠨ ᠬᠤᠭᠤᠴᠠᠭ᠎ᠠ ᠪᠠᠷ ᠬᠡᠪ ᠦᠨ ᠪᠠᠶᠢᠳᠠᠯ ᠨᠢ ᠠᠯᠳᠠᠭᠳᠠᠵᠤ᠂ ᠳᠠᠷᠤᠩᠭᠤᠶᠢᠯᠠᠭᠳᠠᠭᠰᠠᠨ ᠳᠠᠷᠬᠠᠯᠠᠭᠠᠨ ᠤ ᠪᠠᠶᠢᠳᠠᠯ ᠠᠴᠠ ᠡᠭᠦᠳᠦᠯ ᠲᠡᠢ ᠪᠥᠭᠡᠳ ᠰᠡᠳᠬᠢᠴᠡ ᠰᠡᠳᠬᠢᠯ ᠬᠥᠳᠡᠯᠦᠯ ᠡᠴᠡ ᠠᠪᠬᠠᠭᠤᠯᠤᠭᠠᠳ ᠹᠢᠽᠢᠣᠯᠣᠭᠢ ᠪᠢᠣᠬᠢᠮᠢᠢᠨ ᠠᠯᠢ ᠴᠤ ᠲᠦᠪᠰᠢᠨ ᠳᠦ ᠰᠢᠨᠵᠢ ᠲᠡᠮᠳᠡᠭ ᠢᠯᠡᠷᠡᠳᠡᠭ᠃

ᠵᠠᠷᠢᠮ ᠰᠤᠳᠤᠯᠭᠠᠨ ᠠᠴᠠ ᠦᠵᠡᠬᠦ ᠳᠦ ᠠ᠊᠂ᠶᠠ᠊᠂ᠬᠠ᠊᠂ ᠍ ᠲᠡᠢ ᠡᠪᠡᠳᠴᠢᠲᠡᠨ ᠨᠦᠭᠦᠳ ᠲᠦ ᠨᠠᠲ᠋ᠦᠶᠢᠷᠠᠯ ᠺᠢᠯᠯᠡᠷ ᠡᠰ ᠦᠨ ᠲᠣᠭ᠎ᠠ᠂ ᠢᠳᠡᠪᠬᠢ ᠪᠠᠭᠤᠷᠠᠭᠰᠠᠨ ᠪᠠᠶᠢᠬᠤ ᠳᠤ ᠵᠠᠷᠢᠮ ᠰᠤᠳᠤᠯᠭᠠᠨ ᠳᠤ ᠥᠭᠡᠷᠡᠴᠢᠯᠡᠯᠲᠡ ᠢᠯᠡᠷᠡᠭᠡ ᠦᠭᠡᠢ ᠪᠠᠶᠢᠳᠠᠭ᠃ ᠪᠤᠰᠤᠳ ᠰᠤᠳᠤᠯᠭᠠᠨ ᠨᠤᠭᠤᠳ ᠤ ᠡᠰ ᠦᠨ ᠢᠳᠡᠪᠬᠢᠵᠢᠯ ᠤᠨ ᠮᠠᠷᠺᠡᠷ᠂ ᠬᠠᠷᠰᠢᠯ᠂ ᠳᠠᠷᠬᠠᠯᠠᠭ᠎ᠠ ᠲᠣᠭᠲᠠᠯᠴᠠᠭᠠᠨ ᠤ ᠡᠪᠡᠳᠴᠢᠨ ᠨᠦᠭᠦᠳ ᠵᠡᠷᠭᠡ ᠶᠢ ᠰᠤᠳᠤᠯᠤᠭᠰᠠᠨ ᠪᠣᠯᠪᠠᠴᠤ ᠨᠢᠭᠡᠳᠦᠭᠰᠡᠨ ᠳ᠋ᠦᠨᠨᠡᠯᠲᠡᠨᠳᠡ ᠬᠦᠷᠴᠦ ᠴᠢᠳᠠᠬᠤ ᠦᠭᠡᠢ ᠪᠠᠶᠢᠭ᠎ᠠ᠃

ᠮᠥᠭᠥᠨᠴᠥᠷᠲᠥᠯᠲᠡ

ᠺᠠᠨᠳᠢᠳᠠ ᠮᠥᠭᠥᠨᠴᠡᠷ ᠦᠨ ᠲᠥᠷᠥᠯ ᠦᠳ ᠨᠢ ᠭᠡᠳᠡᠰᠦᠨ ᠦ ᠵᠠᠮ ᠳᠤ ᠪᠠᠶᠢᠩᠭᠤ ᠣᠷᠣᠰᠢᠳᠣᠭ ᠪᠠ ᠲᠡᠳᠡᠨ ᠦ ᠤᠷᠭᠤᠯᠲᠠ ᠨᠢ ᠭᠡᠳᠡᠰᠦᠨ ᠦ ᠪᠤᠰᠤᠳ ᠪᠠᠺᠲ᠋ᠧᠷᠢ ᠨᠤᠭᠤᠳ ᠪᠣᠯᠤᠨ ᠳᠠᠷᠬᠠᠯᠠᠭᠠᠨ ᠤ ᠲᠣᠭᠲᠠᠯᠴᠠᠭ᠎ᠠ ᠪᠠᠷ ᠬᠢᠨᠠᠭᠳᠠᠵᠤ ᠪᠠᠶᠢᠳᠠᠭ᠃ ᠡᠨᠡᠬᠦ ᠲᠡᠩᠴᠡᠪᠦᠷᠢ ᠠᠯᠳᠠᠭᠳᠠᠬᠤ ᠳᠤ (ᠠᠩᠲ᠋ᠢᠪᠢᠣᠲ᠋ᠢᠺ ᠬᠡᠷᠡᠭᠯᠡᠬᠦ᠂ ᠳᠠᠷᠬᠠᠯᠠᠭ᠎ᠠ ᠳᠠᠷᠤᠩᠭᠤᠶᠢᠯᠠᠬᠤ ᠡᠮᠦ ᠳᠦ ᠬᠡᠷᠡᠭᠯᠡᠬᠦ᠂ ᠬᠢᠮᠢ ᠡᠮᠴᠢᠯᠡᠭᠡ᠂ ᠼᠢᠲ᠋ᠣᠮᠡᠭᠠᠯᠣᠣᠢᠷᠦᠢᠰ᠂ ᠧ᠊᠂ᠪᠠ᠊᠂ᠸᠢ᠊᠂ ᠍ ᠦᠨ ᠬᠠᠯᠳᠠᠪᠤᠷᠢ᠂ ᠳᠠ‍᠂ᠣ᠊᠂ᠬᠣ᠊᠂ ᠪᠣᠯᠤᠨ ᠪᠤᠰᠤᠳ ᠡᠪᠡᠳᠴᠢᠨ ᠨᠦᠭᠦᠳ) ᠺᠠᠨᠳᠢᠳᠠᠭᠡ ᠶᠢᠨ ᠫᠷᠣᠯᠢᠹᠡᠷᠠᠼᠢ ᠡᠷᠴᠢᠮᠵᠢᠳᠡᠭ᠃ ᠺᠠᠨᠳᠢᠳᠠ ᠮᠥᠭᠥᠨᠴᠡᠷ ᠨᠢ ᠠᠨᠲ᠋ᠢᠭᠡᠨ ᠡᠰᠡᠷᠡᠭ ᠲᠥᠷᠦᠭᠴᠢ ᠰᠢᠨᠵᠢ ᠴᠢᠨᠠᠷ ᠲᠠᠢ ᠪᠥᠭᠡᠳ ᠲᠡᠭᠦᠨ ᠦ ᠵᠠᠳᠠᠷᠠᠯ ᠤᠨ ᠪᠦᠲᠦᠭᠡᠭᠳᠡᠬᠦᠨ ᠨᠦᠭᠦᠳ ᠨᠢ ᠳᠠᠷᠬᠠᠯᠠᠭ᠎ᠠ ᠲᠣᠭᠲᠠᠯᠴᠠᠭᠠᠨᠳ᠋ ᠲᠣᠭᠲᠠᠮᠠᠯ ᠰᠠᠭᠠᠳ ᠤᠴᠠᠷᠠᠭᠤᠯᠵᠤ ᠪᠠᠶᠢᠳᠠᠭ᠃

ᠬᠦᠰᠦᠨᠦᠭᠲᠦ 3.1 ᠠ᠊᠂ᠶᠠ᠊᠂ᠬᠠ᠊᠂ ᠍ ᠦᠨ ᠡᠮᠨᠡᠯᠡᠵᠦᠢᠨ ᠢᠯᠡᠷᠡᠯ ᠦᠳ

ᠢᠯᠡᠷᠡᠬᠦ ᠰᠢᠨᠵᠢ ᠨᠦᠭᠦᠳ ᠡᠪᠡᠳᠴᠢᠲᠡᠨ ᠨᠦᠭᠦᠳ ᠦᠨ %
ᠡᠪᠡᠳᠴᠢᠨ ᠦ ᠲᠡᠦᠬᠡ ᠡᠴᠡ
ᠭᠣᠣᠯ ᠵᠣᠪᠢᠭᠤᠷ ᠨᠢ ᠶᠠᠳᠠᠷᠠᠭᠠᠨ ᠤ ᠬᠠᠮᠰᠢᠨᠵᠢ (ᠰᠢᠯᠲᠠᠭᠠᠨ ᠨᠢ ᠲᠣᠳᠣᠷᠬᠠᠢ ᠦᠭᠡᠢ) 30
ᠶᠠᠳᠠᠷᠠᠭᠠᠨ ᠤ ᠬᠦᠨᠳᠦ ᠶᠢᠨ ᠵᠡᠷᠭᠡ
ᠬᠡᠪᠲᠡᠷᠢ ᠶᠢᠨ ᠪᠠᠶᠢᠳᠠᠯ ᠲᠠᠢ᠂ ᠪᠠᠷᠤᠭ ᠶᠠᠭᠤ ᠴᠤ ᠬᠢᠵᠦ ᠴᠢᠳᠠᠬᠤ ᠦᠭᠡᠢ ᠪᠣᠯᠳᠠᠭ 28
ᠭᠡᠷ ᠦᠨ ᠬᠥᠩᠭᠡᠨ ᠠᠵᠢᠯ᠂ ᠲᠡᠭᠦᠨ ᠲᠡᠢ ᠳᠦᠢᠴᠡᠬᠦᠢᠴᠡ ᠠᠵᠢᠯ ᠢ ᠬᠢᠬᠦ ᠴᠢᠳᠠᠪᠤᠷᠢ ᠦᠭᠡᠢ ᠪᠣᠯᠳᠠᠭ 13
ᠭᠡᠷ ᠪᠣᠯᠤᠨ ᠠᠵᠢᠯ ᠳᠡᠭᠡᠷ᠎ᠡ ᠪᠡᠨ ᠬᠢᠳᠡᠭ ᠪᠦᠬᠦ ᠦᠢᠯᠡᠳᠦᠯ ᠢ ᠭᠦᠢᠴᠡᠳᠭᠡᠬᠦ ᠴᠢᠳᠠᠪᠤᠷᠢᠲᠠᠢ ᠴᠤ ᠠᠮᠠᠷᠬᠠᠨ ᠶᠠᠳᠠᠷᠠᠳᠠᠭ᠂ ᠥᠭᠡᠷ᠎ᠡ ᠠᠵᠢᠯ ᠬᠢᠬᠦ ᠡᠨᠧᠷᠭᠢ ᠦᠯᠳᠡᠭᠡ ᠦᠭᠡᠢ ᠮᠡᠲᠦ ᠰᠠᠨᠠᠭᠳᠠᠳᠠᠭ 60
ᠶᠠᠳᠠᠷᠠᠭᠠᠨ ᠤ ᠳᠠᠪᠲᠠᠮᠵᠢ
ᠥᠭᠡᠷᠡᠴᠢᠯᠡᠭᠳᠡᠬᠦ ᠦᠭᠡᠢ᠂ ᠪᠠᠶᠢᠩᠭᠤ ᠶᠢᠨ ᠶᠠᠳᠠᠷᠠᠯ ᠳᠤ 15
ᠶᠠᠮᠠᠷ ᠨᠢᠭᠡᠨ ᠪᠠᠶᠢᠳᠠᠯ ᠢᠶᠠᠷ ᠪᠠᠶᠢᠩᠭᠤ ᠶᠠᠳᠠᠷᠠᠨ᠎ᠠ᠂ ᠭᠡᠬᠦ ᠳᠦ ᠪᠡᠨ ᠰᠠᠶᠢᠵᠢᠷᠠᠳᠠᠭ ᠴᠤ ᠪᠦᠷᠢᠨ ᠠᠷᠢᠯᠳᠠᠭ ᠦᠭᠡᠢ 23
ᠶᠠᠳᠠᠷᠠᠬᠤ᠂ ᠬᠡᠪ ᠦᠨ ᠪᠣᠯᠬᠤ ᠰᠢᠨᠵᠢ ᠨᠦᠭᠦᠳ ᠡᠭᠡᠯᠵᠢᠯᠡᠨ᠎ᠡ 63
ᠳᠠᠪᠲᠠᠭᠳᠠᠭᠰᠠᠨ ᠹᠠᠷᠠᠨᠭᠢᠲᠤ (ᠵᠠᠯᠭᠢᠭᠤᠷ ᠤᠨ ᠦᠷᠪᠢᠰᠦᠯ) 60
ᠳᠠᠪᠲᠠᠭᠳᠠᠭᠰᠠᠨ ᠪᠤᠯᠴᠢᠩ ᠤᠨ ᠡᠪᠡᠳᠦᠯᠲᠡ 80
ᠪᠤᠯᠴᠢᠩ ᠤᠨ ᠡᠪᠡᠳᠦᠯᠲᠡ ᠶᠢᠨ ᠬᠦᠨᠳᠦ ᠶᠢᠨ ᠵᠡᠷᠭᠡ (N=31)
ᠪᠦᠬᠦ ᠦᠢᠯᠡᠳᠦᠯ ᠢᠶᠡᠨ ᠵᠣᠭᠰᠣᠭᠠᠵᠤ᠂ ᠠᠮᠠᠷᠠᠬᠤ ᠳᠤ ᠬᠦᠷᠭᠡᠳᠡᠭᠡ 39
ᠬᠡᠪ ᠦᠨ ᠦᠶ᠎ᠡ ᠳᠦ ᠭᠦᠢᠴᠡᠳᠭᠡᠳᠡᠭ ᠠᠵᠢᠯ ᠤᠳ ᠢᠶᠠᠨ ᠬᠢᠵᠦ ᠴᠢᠳᠠᠬᠤ ᠴᠤ ᠪᠤᠯᠴᠢᠩ ᠤᠨ ᠡᠪᠡᠳᠦᠯᠲᠡ ᠡᠴᠡ ᠪᠣᠯᠵᠤ ᠬᠦᠨᠳᠦᠷᠡᠯᠲᠡᠢ ᠪᠣᠯᠳᠠᠭ 23
ᠬᠡᠪ ᠦᠨ ᠦᠢᠯᠡᠳᠦᠯ ᠬᠢᠬᠦ ᠳᠦ ᠰᠠᠭᠠᠳ ᠪᠣᠯᠬᠤ ᠦᠭᠡᠢ ᠴᠤ ᠠᠮᠠᠷᠠᠵᠤ ᠪᠠᠶᠢᠬᠤ ᠦᠶ᠎ᠡ ᠳᠦ ᠮᠡᠳᠡᠷᠡᠭᠳᠡᠳᠡᠭ 39
ᠳᠠᠪᠲᠠᠭᠳᠠᠭᠰᠠᠨ ᠲᠣᠯᠣᠭᠠᠢ ᠶᠢᠨ ᠡᠪᠡᠳᠦᠯᠲᠡ 83
ᠲᠣᠯᠣᠭᠠᠢ ᠶᠢᠨ ᠡᠪᠡᠳᠦᠯᠲᠡ ᠶᠢᠨ ᠬᠦᠨᠳᠦ ᠶᠢᠨ ᠵᠡᠷᠭᠡ
ᠪᠦᠬᠦ ᠦᠢᠯᠡᠳᠦᠯ ᠢᠶᠡᠨ ᠵᠣᠭᠰᠣᠭᠠᠵᠤ᠂ ᠠᠮᠠᠷᠠᠬᠤ ᠳᠤ ᠬᠦᠷᠭᠡᠳᠡᠭᠡ 55
ᠬᠡᠪ ᠦᠨ ᠦᠶ᠎ᠡ ᠳᠦ ᠭᠦᠢᠴᠡᠳᠭᠡᠳᠡᠭ ᠠᠵᠢᠯ ᠤᠳ ᠢᠶᠠᠨ ᠬᠢᠵᠦ ᠴᠢᠳᠠᠬᠤ ᠴᠤ ᠪᠤᠯᠴᠢᠩ ᠤᠨ ᠡᠪᠡᠳᠦᠯᠲᠡ ᠡᠴᠡ ᠪᠣᠯᠵᠤ ᠬᠦᠨᠳᠦᠷᠡᠯᠲᠡᠢ ᠪᠠᠶᠢᠳᠠᠭ 33
ᠬᠡᠪ ᠦᠨ ᠦᠢᠯᠡᠳᠦᠯ ᠬᠢᠬᠦ ᠳᠦ ᠰᠠᠭᠠᠳ ᠪᠣᠯᠬᠤ ᠦᠭᠡᠢ ᠴᠤ ᠠᠮᠠᠷᠠᠵᠤ ᠪᠠᠶᠢᠬᠤ ᠦᠶ᠎ᠡ ᠳᠦ ᠮᠡᠳᠡᠷᠡᠭᠳᠡᠳᠡᠭ 12
ᠶᠠᠳᠠᠷᠠᠭ᠎ᠠ᠂ ᠬᠣᠭᠣᠯᠠᠢ ᠶᠢᠨ ᠡᠪᠡᠳᠦᠯᠲᠡ᠂ ᠪᠤᠯᠴᠢᠩ ᠤᠨ ᠡᠪᠡᠳᠦᠯᠲᠡ᠂ ᠲᠣᠯᠣᠭᠠᠢ ᠶᠢᠨ ᠡᠪᠡᠳᠦᠯᠲᠡ 45
ᠬᠣᠯᠪᠣᠭᠠᠲᠠᠢ ᠰᠢᠨᠵᠢ ᠲᠡᠮᠳᠡᠭ ᠦᠳ
ᠰᠡᠳᠬᠢᠯ ᠭᠤᠲᠤᠷᠠᠯ ᠪᠣᠯᠤᠨ ᠪᠤᠰᠤᠳ ᠵᠠᠩ ᠠᠭᠠᠰᠢ ᠶᠢᠨ ᠥᠭᠡᠷᠡᠴᠢᠯᠡᠯᠲᠡ ᠨᠦᠭᠦᠳ 78
ᠨᠣᠢᠷᠭᠦᠦᠶᠢᠡᠯ 73
ᠠᠩᠬᠠᠷᠤᠯ ᠲᠥᠪᠯᠡᠷᠡᠭᠦᠯᠬᠦ ᠴᠢᠳᠠᠪᠤᠷᠢ ᠠᠯᠳᠠᠭᠳᠠᠬᠤ 65
ᠪᠤᠬᠢᠨᠢᠳᠤᠯ 60
ᠳᠣᠲᠣᠷ᠎ᠠ ᠮᠠᠭᠤᠬᠠᠶᠢᠷᠠᠬᠤ 55
ᠲᠣᠮᠣᠷᠠᠭᠰᠠᠨ ᠲᠤᠩᠭᠠᠯᠠᠭ ᠤᠨ ᠵᠠᠩᠭᠢᠯᠠᠭ᠎ᠠ ᠨᠤᠭᠤᠳ (N=39) 44
ᠬᠣᠳᠣᠭᠣᠳᠣᠨ ᠤ ᠡᠪᠡᠳᠦᠯᠲᠡ 40
ᠰᠠᠭᠤᠯᠭᠠᠯᠲᠠ 38
ᠬᠠᠨᠢᠶᠠᠯᠭᠠᠯᠲᠠ 38
ᠲᠤᠭᠤᠷᠠᠯᠲᠠ 35
ᠠᠷᠠᠰᠤᠨ ᠤ ᠥᠪᠡᠷᠮᠢᠴᠡ ᠮᠡᠳᠡᠷᠡᠮᠵᠢ ᠲᠥᠷᠥᠬᠦ 33
ᠬᠣᠭᠣᠯᠠᠨ ᠤ ᠳᠤᠷᠠᠰᠢᠯ ᠪᠠᠭᠤᠷᠠᠬᠤ 30
ᠦᠶᠡᠨᠡᠢ ᠡᠪᠡᠳᠦᠯᠲᠡ 30
ᠪᠦᠭᠡᠯᠵᠢᠯᠲᠡ 25
ᠭᠡᠷ᠎ᠡ ᠳᠦ ᠪᠡᠨ ᠪᠠᠶᠢᠬᠤ ᠳᠤ ᠳᠠᠪᠲᠠᠭᠳᠠᠨ ᠬᠠᠯᠠᠭᠤᠷᠠᠬᠤ 25
ᠬᠤᠷᠤᠭᠤ ᠳᠠᠪᠲᠠᠭᠳᠠᠨ ᠬᠠᠪᠤᠳᠬᠤ (N=30) 20
ᠵᠢᠩ ᠪᠠᠭᠤᠷᠠᠬᠤ 15
ᠵᠢᠩ ᠨᠡᠮᠡᠬᠦ 5
ᠡᠮᠴᠢ ᠳᠦ ᠡᠨᠡ ᠠᠰᠠᠭᠤᠳᠠᠯ ᠢᠶᠠᠷ ᠤᠷᠢᠳᠤ ᠡᠮᠦᠨ᠎ᠡ ᠬᠠᠨᠳᠤᠵᠤ ᠪᠠᠶᠢᠭᠰᠠᠨ 55
ᠡᠨᠡ ᠠᠰᠠᠭᠤᠳᠠᠯ ᠢᠶᠠᠷ ᠨᠢᠭᠡ ᠪᠤᠰᠤ ᠡᠮᠴᠢ ᠳᠦ ᠬᠠᠨᠳᠤᠵᠤ ᠪᠠᠶᠢᠭᠰᠠᠨ 25
ᠡᠨᠡ ᠠᠰᠠᠭᠤᠳᠠᠯ ᠨᠢ ᠭᠡᠷ ᠪᠣᠯᠤᠨ ᠠᠵᠢᠯ ᠳᠡᠭᠡᠷ᠎ᠡ ᠠᠰᠠᠭᠤᠳᠠᠯ᠂ ᠰᠲᠷᠡᠰᠰᠢ ᠶᠢ ᠡᠭᠦᠰᠬᠡᠵᠦ ᠪᠠᠶᠢᠭᠰᠠᠨ 60
ᠡᠪᠡᠳᠴᠢᠲᠡᠨ ᠨᠦᠭᠦᠳ ᠵᠠᠷᠢᠮᠳᠠᠭᠠᠨ ᠡᠳᠡᠭᠡᠷ ᠪᠦᠬᠦ ᠰᠢᠨᠵᠢ ᠲᠡᠮᠳᠡᠭ 《ᠮᠢᠨᠦ ᠲᠣᠯᠣᠭᠠᠢ ᠳᠤ ᠪᠠᠶᠢᠭ᠎ᠠ ᠪᠠᠶᠢᠬᠤ》 ᠭᠡᠵᠦ ᠪᠣᠳᠣᠳᠠᠭ 58
ᠤᠷᠢᠳᠤ ᠡᠪᠡᠳᠴᠢᠯᠡᠭᠰᠡᠨ ᠡᠪᠡᠳᠴᠢᠨ ᠨᠦᠭᠦᠳ
ᠮᠣᠨᠣᠨᠤᠺᠯᠶᠣᠽ 26
ᠠᠮᠠᠨ ᠤ ᠭᠡᠷᠫᠡᠰ (ᠬᠣᠮᠣᠬᠠᠢ ᠳᠣᠯᠢᠶᠠᠬᠤ) 38
ᠪᠡᠯᠡᠭ ᠦᠨ ᠭᠡᠷᠫᠡᠰ 0
Herpes zoster (ᠪᠦᠰᠡᠯᠡᠭᠦᠷ ᠦᠯᠳᠡ᠂ ᠮᠣᠭᠠᠢ ᠶᠠᠷ᠎ᠠ) 0
ᠬᠠᠷᠰᠢᠯ (ᠬᠦᠨᠡᠰᠦᠨ ᠦ ᠪᠦᠲᠦᠭᠡᠭᠳᠡᠬᠦᠨ᠂ ᠡᠮ᠂ ᠡᠰᠡᠪᠡᠯ ᠬᠠᠷᠰᠢᠯ ᠤᠨ ᠭᠠᠷᠤᠯᠲᠠᠢ ᠷᠢᠨᠢᠲ) 53
ᠪᠣᠳᠠᠲᠤ ᠦᠵᠡᠯᠭᠡ
ᠭᠦᠢᠯᠡᠰᠦᠨ ᠪᠤᠯᠴᠢᠷᠬᠠᠢ/ᠵᠠᠯᠭᠢᠭᠤᠷ ᠤᠨ ᠡᠺᠰᠰᠤᠳᠠᠲᠤ 0
ᠬᠦᠵᠦᠭᠦᠨ ᠦ ᠠᠳᠡᠨᠣᠫᠠᠲ
ᠤᠷᠳᠤ ᠲᠠᠯ᠎ᠠ ᠶᠢᠨ 15
ᠠᠷᠤ ᠲᠠᠯ᠎ᠠ ᠶᠢᠨ 3
ᠡᠷᠡᠭᠦᠨ ᠳᠣᠣᠷᠠᠬᠢ ᠪᠤᠯᠴᠢᠷᠬᠠᠢ ᠲᠣᠮᠣᠷᠠᠭᠰᠠᠨ ᠡᠰᠡᠪᠡᠯ ᠡᠮᠵᠡᠭᠯᠡᠯ ᠲᠡᠢ (N=38) 13
ᠡᠯᠢᠭᠡ ᠲᠣᠮᠣᠷᠠᠭᠰᠠᠨ᠂ ᠡᠰᠡᠪᠡᠯ ᠳᠡᠯᠢᠭᠦᠦ ᠲᠣᠮᠣᠷᠠᠭᠰᠠᠨ 0
ᠪᠡᠶ᠎ᠡ ᠶᠢᠨ ᠲᠧᠮᠫᠧᠷᠠᠲᠦ᠋ᠷ > 37.5 0

ᠡᠨᠡᠬᠦ ᠬᠦᠰᠦᠨᠦᠭᠲᠦ ᠨᠢ 17-50 ᠨᠠᠰᠤᠨ ᠤ᠂ ᠮᠡᠳᠡᠭᠳᠡᠵᠦ ᠪᠤᠢ ᠥᠭᠡᠷ᠎ᠡ ᠶᠠᠮᠠᠷ ᠨᠢᠭᠡ ᠬᠠᠯᠳᠠᠪᠤᠷᠢᠲᠤ ᠡᠪᠡᠳᠴᠢᠨ ᠦᠭᠡᠢ᠂ ᠠᠷᠬᠠᠭ ᠮᠣᠨᠣᠨᠤᠺᠯᠶᠣᠽ ᠲᠥᠰᠲᠦ ᠬᠠᠮᠰᠢᠨᠵᠡ ᠶᠢᠨ ᠰᠢᠨᠵᠢ ᠲᠡᠮᠳᠡᠭ ᠦᠳ ᠢᠯᠡᠷᠡᠵᠦ ᠪᠠᠶᠢᠭ᠎ᠠ 40 ᠡᠪᠡᠳᠴᠢᠲᠡᠨ ᠦ ᠰᠢᠨᠵᠢ ᠲᠡᠮᠳᠡᠭ᠂ ᠦᠵᠡᠯᠭᠡ ᠶᠢᠨ ᠥᠭᠡᠷᠡᠴᠢᠯᠡᠯᠲᠡ ᠶᠢ ᠬᠠᠷᠢᠴᠠᠭᠤᠯᠤᠭᠰᠠᠨ ᠬᠦᠰᠦᠨᠦᠭᠲᠦ ᠶᠤᠮ᠃

ᠠᠷᠬᠠᠭ ᠶᠠᠳᠠᠷᠠᠭᠠᠨ ᠤ ᠬᠠᠮᠰᠢᠨᠵᠡ ᠶᠢᠨ ᠦᠶ᠎ᠡ ᠶᠢᠨ ᠳᠠᠷᠬᠠᠯᠠᠭ᠎ᠠ ᠳᠠᠷᠤᠨᠭᠤᠢᠯᠠᠭᠳᠠᠯ

ᠠᠷᠬᠠᠭ ᠶᠠᠳᠠᠷᠠᠭᠠᠨ ᠤ ᠬᠠᠮᠰᠢᠨᠵᠢ ᠨᠢ ᠳᠠᠷᠬᠠᠯᠠᠭ᠎ᠠ ᠤᠳᠠᠭᠠᠨ ᠬᠤᠭᠤᠴᠠᠭᠠᠨ ᠳᠤ ᠪᠠᠭᠤᠷᠠᠭᠰᠠᠨ ᠪᠣᠯᠤᠨ ᠠᠯᠳᠠᠭᠳᠠᠭᠰᠠᠨ ᠢ ᠢᠯᠡᠷᠬᠡᠶᠢᠯᠡᠬᠦ ᠰᠢᠨᠵᠢ ᠲᠡᠮᠳᠡᠭ ᠪᠥᠭᠡᠳ ᠦᠷ᠎ᠡ ᠳ᠋ᠦᠩ ᠳᠦ ᠨᠢ ᠡᠵᠡᠨ ᠪᠡᠶ᠎ᠡ ᠶᠢᠨ ᠡᠰᠡᠷᠭᠦᠴᠡᠯ ᠰᠤᠯᠤᠷᠴᠢ᠂ ᠠᠮᠢᠨ ᠴᠢᠬᠤᠯᠠ ᠡᠨᠧᠺᠭᠢ ᠨᠦᠭᠦᠳ ᠠᠯᠳᠠᠭᠳᠠᠳᠠᠭ᠃ ᠡᠨᠡ ᠦᠶ᠎ᠡ ᠳᠦ ᠧ᠊᠂ᠪᠠ᠊᠂ᠸᠢ᠊᠂ ᠍ ᠦᠨ ᠡᠰᠡᠷᠭᠦ ᠪᠡᠶ᠎ᠡ ᠶᠢ ᠰᠢᠨᠵᠢᠯᠡᠬᠦ ᠨᠢ ᠡᠵᠡᠨ ᠪᠡᠶ᠎ᠡ ᠶᠢᠨ ᠶᠡᠷᠦᠩᠬᠡᠢ ᠡᠰᠡᠷᠭᠦᠴᠡᠯ᠂ ᠳᠠᠷᠬᠠᠯᠠᠭᠠᠨ ᠤ ᠦᠢᠯᠡ ᠠᠵᠢᠯᠯᠠᠭ᠎ᠠ ᠶᠢ ᠬᠡᠮᠵᠢᠬᠦ ᠳᠦ ᠴᠢᠬᠤᠯᠠ ᠠᠴᠢ ᠬᠣᠯᠪᠣᠭᠳᠠᠯ ᠲᠠᠢ ᠪᠠᠶᠢᠬᠤ ᠮᠠᠭᠠᠳᠯᠠᠯ ᠲᠠᠢ᠃ ᠡᠰᠡᠷᠭᠦ ᠪᠡᠶ᠎ᠡ ᠶᠢᠨ ᠬᠡᠮᠵᠢᠶ᠎ᠡ ᠰᠠᠷ᠎ᠠ ᠵᠢᠯ ᠢᠶᠡᠷ ᠶᠡᠬᠡ ᠬᠡᠮᠵᠢᠶᠡᠲᠡᠢ ᠪᠡᠷ ᠢᠯᠡᠷᠡᠬᠦ ᠨᠢ ᠢᠯᠡᠭᠦᠦ ᠬᠦᠨᠳᠦ᠂ ᠳᠠᠷᠬᠠᠯᠠᠭ᠎ᠠ ᠲᠣᠭᠲᠠᠯᠴᠠᠭᠠᠨ ᠤ ᠡᠪᠡᠳᠴᠢᠨ ᠨᠦᠭᠦᠳ ᠪᠠᠶᠢᠭ᠎ᠠ ᠶᠢ ᠬᠠᠷᠠᠭᠤᠯᠳᠠᠭ᠃

ᠣᠨᠣᠰᠢᠯᠠᠭ᠎ᠠ

ᠰᠢᠯᠲᠠᠭᠠᠨ ᠨᠢ ᠣᠳᠣ ᠶᠢ ᠬᠦᠷᠲᠡᠯ᠎ᠡ ᠲᠣᠳᠣᠷᠬᠠᠢ ᠪᠤᠰᠤ ᠪᠠᠶᠢᠭ᠎ᠠ ᠤᠴᠢᠷ ᠠᠴᠠ ᠪᠤᠰᠤᠳ ᠡᠪᠡᠳᠴᠢᠨ ᠨᠦᠭᠦᠳ ᠢ ᠦᠭᠡᠶᠢᠰᠬᠡᠵᠦ᠂ ᠶᠠᠳᠠᠷᠠᠭ᠎ᠠ 6 ᠰᠠᠷ᠎ᠠ ᠠᠴᠠ ᠳᠡᠭᠡᠭᠰᠢ ᠬᠤᠭᠤᠴᠠᠭᠠᠨ ᠳᠤ ᠦᠷᠭᠦᠯᠵᠢᠯᠡᠵᠦ᠂ ᠲᠠᠨᠢᠨ ᠮᠡᠳᠡᠬᠦᠢ ᠶᠢᠨ ᠥᠭᠡᠷᠡᠴᠢᠯᠡᠯᠲᠡ ᠢᠯᠡᠷᠡᠭᠰᠡᠨ ᠪᠣᠯ ᠠ᠊᠂ᠶᠠ᠊᠂ᠬᠠ᠊᠂ ᠭᠡᠰᠡᠨ ᠣᠨᠣᠰᠢ ᠶᠢ ᠲᠠᠪᠢᠳᠠᠭ᠃

ᠴᠢᠰᠤᠨ ᠳᠤ ᠧ᠊᠂ᠪᠠ᠊᠂ᠸᠢ᠊᠂ ᠍ ᠦᠨ ᠡᠰᠡᠷᠭᠦ ᠪᠡᠶ᠎ᠡ ᠶᠢᠨ ᠬᠡᠮᠵᠢᠶ᠎ᠡ ᠶᠡᠬᠡ ᠪᠠᠶᠢᠬᠤ ᠨᠢ ᠣᠨᠣᠰᠢ ᠶᠢ ᠪᠠᠲᠤᠳᠬᠠᠬᠤ ᠰᠠᠶᠢᠨ ᠠᠷᠭ᠎ᠠ ᠪᠣᠯᠳᠠᠭ ᠪᠠᠶᠢᠬᠤ ᠮᠠᠭᠠᠳᠯᠠᠯ ᠲᠠᠢ᠃ ᠧ᠊᠂ᠪᠠ᠊᠂ᠸᠢ᠊᠂ ᠍ ᠦᠨ ᠡᠰᠡᠷᠭᠦ ᠪᠡᠶ᠎ᠡ ᠶᠢᠨ ᠬᠡᠮᠵᠢᠶ᠎ᠡ ᠶᠡᠬᠡᠰᠬᠦ ᠨᠢ ᠤᠷᠢᠳᠤ ᠡᠮᠦᠨ᠎ᠡ ᠧ᠊᠂ᠪᠠ᠊᠂ᠸᠢ᠊᠂ ᠍ ᠦᠨ ᠬᠠᠯᠳᠠᠪᠤᠷᠢ ᠠᠪᠤᠭᠰᠠᠨ ᠢ ᠢᠯᠡᠳᠭᠡᠬᠦ ᠪᠣᠯᠬᠤ ᠠᠴᠠ ᠣᠳᠣ ᠡᠭᠦᠰᠦᠭᠰᠡᠨ ᠠᠷᠬᠠᠭ ᠶᠠᠳᠠᠷᠠᠭᠠᠨ ᠤ ᠪᠠᠶᠢᠳᠠᠯ ᠢ ᠢᠯᠡᠷᠬᠡᠶᠢᠯᠡᠬᠦ ᠦᠭᠡᠢ᠃

ᠯᠠᠪᠣᠷᠠᠲ᠋ᠣᠷ ᠶᠢᠨ ᠰᠢᠨᠵᠢᠯᠡᠭᠡ ᠨᠢ 2 ᠦᠨᠳᠦᠰᠦᠨ ᠴᠢᠭᠯᠡᠯ ᠲᠡᠢ ᠪᠠᠶᠢᠳᠠᠭ᠃ ᠨᠢᠭᠡ ᠨᠢ ᠠᠷᠬᠠᠭ ᠶᠠᠳᠠᠷᠠᠭ᠎ᠠ ᠶᠢ ᠡᠭᠦᠰᠬᠡᠵᠦ ᠪᠠᠶᠢᠭ᠎ᠠ ᠪᠤᠰᠤᠳ ᠰᠢᠯᠲᠠᠭᠠᠨ ᠢ ᠣᠨᠣᠰᠢᠯᠠᠬᠤ᠂ ᠨᠥᠭᠥᠭᠡ ᠨᠢ ᠠ᠊᠂ᠶᠠ᠊᠂ᠬᠠ᠊᠂ ᠍ ᠦᠨ ᠣᠨᠣᠰᠢ ᠶᠢ ᠢᠯᠡᠳᠭᠡᠬᠦ ᠰᠢᠨᠵᠢᠯᠡᠭᠡᠨ ᠨᠦᠭᠦᠳ ᠢ ᠬᠢᠬᠦ ᠶᠤᠮ᠃

ᠥᠷᠥᠨ᠎ᠡ ᠶᠢᠨ ᠠᠨᠠᠭᠠᠬᠤ ᠤᠬᠠᠭᠠᠨ ᠤ ᠡᠮᠴᠢᠯᠡᠭᠡ

ᠠ᠊᠂ᠶᠠ᠊᠂ᠬᠠ᠊᠂ ᠨᠢ ᠶᠡᠬᠡᠩᠬᠢ ᠲᠣᠬᠢᠶᠠᠯᠳᠤᠯ ᠳᠤ ᠣᠢᠷᠦ᠋ᠰᠲ ᠶᠢᠨ ᠬᠠᠯᠳᠠᠪᠤᠷᠢ ᠶᠢᠨ ᠰᠢᠯᠲᠠᠭᠠᠨ ᠲᠠᠢ ᠪᠠᠶᠢᠳᠠᠭ ᠲᠤᠯᠠ ᠲᠣᠭᠲᠠᠭᠰᠠᠨ ᠡᠮᠴᠢᠯᠡᠭᠡ ᠪᠠᠶᠢᠳᠠᠭ ᠦᠭᠡᠢ᠃ ᠠ᠊᠂ᠶᠠ᠊᠂ᠬᠠ᠊᠂ ᠍ ᠦᠨ ᠦᠶ᠎ᠡ ᠳᠦ ᠣᠢᠷᠦ᠋ᠰᠲ ᠶᠢᠨ ᠡᠰᠡᠷᠭᠦ ᠡᠮ ᠦᠳ ᠢ ᠬᠡᠷᠡᠭᠯᠡᠭᠰᠡᠨ ᠪᠣᠯᠪᠠᠴᠤ ᠦᠷ᠎ᠡ ᠳ᠋ᠦᠩ ᠦᠭᠡᠢ ᠪᠠᠶᠢᠴᠠᠢ᠃ ᠰᠤᠳᠤᠯᠭᠠᠨ ᠨᠤᠭᠤᠳ ᠢᠶᠠᠷ ᠰᠲ᠋ᠡᠷᠣᠢᠳᠠ᠂ ᠡᠯᠢᠭᠡᠨ ᠦ ᠡᠺᠰᠲᠷᠠᠺᠲ᠂ ᠬᠡᠯᠢᠲᠠᠵᠢᠭᠤᠯᠬᠤ ᠡᠮᠴᠢᠯᠡᠭᠡ᠂ ᠰᠤᠳᠠᠰᠤ ᠪᠠᠷ ᠲᠠᠷᠢᠬᠤ ᠠᠮᠢᠨᠳᠡᠮ᠂ ᠡ 12 ᠠᠮᠢᠨᠳᠡᠮ ᠡᠮᠴᠢᠯᠡᠭᠡ᠂ ᠠᠮᠢᠨᠳᠡᠮ᠂ ᠡᠷᠦᠳᠡᠰᠦ ᠶᠢᠨ ᠨᠡᠮᠡᠯᠲᠡ᠂ ᠰᠡᠳᠬᠢᠯ ᠭᠤᠲᠤᠷᠠᠯ ᠤᠨ ᠡᠰᠡᠷᠭᠦ ᠡᠮᠦ ᠳᠦ ᠵᠡᠷᠭᠡ ᠪᠤᠰᠤᠳ ᠡᠮ ᠦᠨ ᠪᠣᠳᠠᠰ ᠤᠳ ᠪᠦᠭᠦᠳᠡ ᠦᠷ᠎ᠡ ᠳ᠋ᠦᠩ ᠦᠭᠡᠢ ᠪᠠᠶᠢᠴᠠᠢ᠃

ᠪᠠᠶᠢᠭᠠᠯᠢ ᠶᠢᠨ ᠠᠨᠠᠭᠠᠬᠤ ᠤᠬᠠᠭᠠᠨ ᠤ ᠡᠮᠴᠢᠯᠡᠭᠡ

ᠠᠷᠬᠠᠭ ᠶᠠᠳᠠᠷᠠᠭᠠᠨ ᠤ ᠬᠠᠮᠰᠢᠨᠵᠡ ᠶᠢᠨ ᠡᠮᠴᠢᠯᠡᠭᠡ ᠨᠢ ᠪᠡᠶ᠎ᠡ ᠶᠢᠨ ᠶᠡᠷᠦᠩᠬᠡᠢ ᠪᠠᠶᠢᠳᠠᠯ ᠪᠣᠯᠤᠨ ᠳᠠᠷᠬᠠᠯᠠᠭ᠎ᠠ ᠰᠠᠶᠢᠵᠢᠷᠠᠭᠤᠯᠬᠤ ᠳᠤ᠂ ᠧ᠊᠂ᠪᠠ᠊᠂ᠸᠢ᠊᠂ ᠪᠣᠯᠤᠨ ᠪᠤᠰᠤᠳ ᠣᠢᠷᠦ᠋ᠰᠲ ᠶᠢ ᠳᠠᠬᠢᠨ ᠢᠳᠡᠪᠬᠢᠵᠢᠬᠢᠭᠡᠰᠦ ᠰᠡᠷᠭᠡᠶᠢᠯᠡᠬᠦ ᠳᠦ ᠴᠢᠭᠯᠡᠭᠳᠡᠳᠡᠭ᠃

ᠳᠡᠭᠡᠷᠡᠬᠢ ᠵᠠᠷᠴᠢᠮ ᠨᠢ ᠬᠣᠣᠷᠭᠦᠶᠢᠵᠢᠭᠦᠯᠬᠦ᠂ ᠳᠡᠮᠵᠢᠬᠦ ᠡᠮᠴᠢᠯᠡᠭᠡ᠂ ᠡᠵᠡᠨ ᠪᠡᠶ᠎ᠡ ᠶᠢᠨ ᠳᠠᠷᠬᠠᠯᠠᠭ᠎ᠠ ᠶᠢ ᠢᠳᠡᠪᠬᠢᠵᠢᠭᠦᠯᠬᠦ ᠡᠮᠴᠢᠯᠡᠭᠡ ᠭᠡᠰᠡᠨ 3 ᠦᠨᠳᠦᠰᠦᠨ ᠦᠢᠯᠡ ᠠᠵᠢᠯᠯᠠᠭᠠᠨ ᠳᠤ ᠦᠨᠳᠦᠰᠦᠯᠡᠭᠳᠡᠭᠰᠡᠨ ᠪᠠᠶᠢᠳᠠᠭ᠃

ᠬᠣᠣᠷᠭᠦᠶᠢᠵᠢᠭᠦᠯᠬ

ᠡᠨᠡᠬᠦ ᠵᠠᠷᠴᠢᠮ ᠨᠢ ᠭᠠᠳᠠᠭᠠᠳᠤ ᠬᠣᠷᠣ ᠳᠤ (ᠬᠢᠮᠢ ᠶᠢᠨ ᠪᠣᠳᠠᠰ᠂ ᠡᠮ ᠦᠨ ᠪᠣᠳᠠᠰ᠂ ᠬᠦᠨᠡᠰᠦᠨ ᠦ ᠬᠣᠷᠣ ᠳᠤ᠂ ᠬᠦᠨᠡᠰᠦᠨ ᠦ ᠬᠠᠷᠰᠢᠯ) ᠍ ᠳᠤ ᠬᠣᠷᠣᠳᠠᠬᠤ ᠠᠴᠠ ᠰᠡᠷᠭᠡᠶᠢᠯᠡᠵᠦ᠂ ᠳᠣᠲᠣᠷ᠎ᠠ ᠬᠣᠷᠣ ᠳᠤ (ᠭᠡᠳᠡᠰᠦᠨ ᠦ ᠬᠣᠷᠣ ᠳᠤ᠂ Candida albicans᠂ ᠪᠤᠰᠤᠳ ᠡᠮᠭᠡᠭ ᠲᠥᠷᠦᠭᠴᠢᠳ᠂ ᠴᠢᠯᠦᠭᠡᠲᠦ ᠷᠠᠳᠢᠺᠠᠯ᠂ ᠬᠦᠨᠳᠦ ᠮᠧᠲ᠋ᠠᠯ ᠤᠳ) ᠍ ᠠᠴᠠ ᠪᠡᠶ᠎ᠡ ᠮᠠᠬᠠᠪᠣᠳ ᠢ ᠴᠡᠪᠡᠷᠯᠡᠬᠦ ᠳᠦ ᠴᠢᠭᠯᠡᠭᠳᠡᠳᠡᠭ᠃ ᠢᠯᠭᠠᠷᠠᠭᠤᠯᠬᠤ ᠡᠷᠬᠡᠲᠡᠨ ᠨᠦᠭᠦᠳ ᠦᠨ (ᠭᠡᠳᠡᠰᠦ᠂ ᠡᠯᠢᠭᠡ᠂ ᠰᠥᠰᠦᠨ ᠦ ᠵᠠᠮ᠂ ᠪᠥᠭᠡᠷ᠎ᠡ᠂ ᠲᠤᠩᠭᠠᠯᠠᠭ᠂ ᠷᠡᠲ᠋ᠢᠭᠤᠯᠠ ᠡᠨᠳᠣᠲ᠋ᠡᠯ ᠤᠨ ᠲᠣᠭᠲᠠᠯᠴᠠᠭ᠎ᠠ᠂ ᠠᠭᠤᠰᠭᠢ᠂ ᠠᠷᠠᠰᠤ) ᠦᠢᠯᠡ ᠠᠵᠢᠯᠯᠠᠭ᠎ᠠ ᠶᠢ ᠰᠠᠶᠢᠵᠢᠷᠠᠭᠤᠯᠵᠤ᠂ ᠳᠡᠮᠵᠢᠵᠦ᠂ ᠨᠥᠬᠥᠨ ᠲᠥᠯᠵᠢᠭᠦᠯᠬᠦ ᠵᠠᠮ ᠢᠶᠠᠷ ᠬᠣᠣᠷᠭᠦᠶᠢᠵᠢᠭᠦᠯᠬᠦ ᠨᠢ ᠬᠠᠮᠤᠭ ᠤᠨ ᠲᠣᠬᠢᠷᠠᠮᠵᠢᠲᠠᠢ᠃ ᠧ᠊᠂ᠪᠠ᠊᠂ᠸᠢ᠊᠂ ᠍ ᠲᠡᠢ ᠬᠣᠯᠪᠣᠭᠠᠲᠠᠢ ᠡᠮᠭᠡᠭ ᠢ ᠰᠡᠵᠢᠭᠯᠡᠵᠦ ᠪᠠᠶᠢᠭ᠎ᠠ ᠦᠶ᠎ᠡ ᠳᠦ ᠡᠯᠢᠭᠡ᠂ ᠲᠤᠩᠭᠠᠯᠠᠭ ᠤᠨ ᠲᠣᠭᠲᠠᠯᠴᠠᠭ᠎ᠠ ᠶᠢ ᠬᠣᠣᠷᠭᠦᠶᠢᠵᠢᠭᠦᠯᠬᠦ ᠨᠢ ᠨᠡᠩ ᠴᠢᠬᠤᠯᠠ᠃ ᠤᠴᠢᠷ ᠨᠢ ᠡᠳᠡᠭᠡᠷ ᠡᠮᠭᠡᠭ ᠦᠨ ᠦᠶ᠎ᠡ ᠶᠢᠨ ᠢᠯᠡᠷᠡᠯ ᠦᠳ (ᠲᠤᠩᠭᠠᠯᠠᠭ ᠤᠨ ᠵᠠᠨᠭᠢᠯᠠᠭᠠᠨ ᠤ ᠲᠣᠮᠣᠷᠠᠯ᠂ ᠡᠯᠢᠭᠡ᠂ ᠳᠡᠯᠢᠭᠦᠨ ᠦ ᠲᠣᠮᠣᠷᠠᠯ᠂ ᠡᠯᠢᠭᠡᠨ ᠦ ᠦᠷᠪᠢᠰᠦᠯ᠂ ᠰᠢᠷᠠᠯᠠᠯᠲᠠ᠂ ᠪᠤᠷᠺᠢᠲᠲᠡ ᠶᠢᠨ ᠯᠢᠮᠹᠣᠮ᠎ᠠ) ᠨᠢ ᠴᠢᠰᠤ᠂ ᠲᠤᠩᠭᠠᠯᠠᠭ ᠤᠨ ᠲᠣᠭᠲᠠᠯᠴᠠᠭᠠᠲᠠᠢ ᠬᠣᠯᠪᠣᠭ᠎ᠠ ᠲᠠᠢ ᠪᠠᠶᠢᠳᠠᠭ᠃ ᠦᠷᠪᠢᠰᠦᠯ ᠦᠨ ᠭᠡᠮᠲᠦᠯ ᠡᠴᠡ ᠬᠠᠮᠠᠭᠠᠯᠠᠬᠤ᠂ ᠬᠡᠪ ᠦᠨ ᠦᠢᠯᠡ ᠠᠵᠢᠯᠯᠠᠭ᠎ᠠ᠂ ᠭᠠᠳᠠᠭᠰᠢᠯᠠᠯ ᠳᠤ᠂ ᠢᠯᠭᠠᠷᠠᠭᠤᠯᠤᠯᠲᠠ ᠶᠢ ᠳᠡᠮᠵᠢᠬᠦ᠂ ᠢᠳᠡᠪᠬᠢᠵᠢᠭᠦᠯᠬᠦ ᠨᠢ ᠬᠠᠮᠤᠭ ᠤᠨ ᠴᠢᠬᠤᠯᠠ᠃

ᠦᠢᠯᠡᠴᠢᠯᠡᠭᠡ ᠬᠦᠴᠦᠨ ᠵᠦᠢᠯ
ᠯᠢᠫᠣᠲᠣᠭᠣᠫᠢᠺ (ᠡᠯᠢᠭᠡᠨ ᠦ ᠥᠭᠡᠬᠦ ᠶᠢ ᠬᠠᠶᠢᠯᠤᠭᠤᠯᠬᠤ) ᠮᠧᠲ᠋ᠢᠶᠣᠨᠢᠨ (ᠬᠣᠯᠢᠨ᠂ ᠢᠨᠦᠽᠢᠲ᠋ᠣᠯ)
ᠰᠥᠰᠦᠨ ᠦ ᠨᠡᠶᠢᠯᠡᠭᠵᠢᠯ᠂ ᠤᠷᠤᠰᠬᠠᠯ ᠢ ᠳᠡᠮᠵᠢᠬᠦ ᠻᠠᠷᠨᠢᠲ᠋ᠢᠨ

Cheledonium majus

Chionanthus virginicus

Curcuma longa

Cynara scolymus

Hydrastis Canadensis

Taraxacum officinalis

ᠡᠯᠢᠭᠡ ᠬᠠᠮᠠᠭᠠᠯᠠᠬᠤ Silybum marianum

ᠻᠠᠲ᠋ᠧᠬᠢᠨ

ᠦᠷᠪᠢᠰᠦᠯ ᠦᠨ ᠡᠰᠡᠷᠭᠦ Silybum marianum

Scutellaria baicalensis

ᠡᠯᠢᠭᠡᠨ ᠦ ᠡᠰ ᠢ ᠨᠥᠬᠥᠨ ᠲᠥᠯᠵᠢᠭᠦᠯᠬᠦ Silybum marianum

Cynara scolymus

Glycyrrhiza glabra

ᠡᠯᠢᠭᠡᠨ ᠦ ᠧᠻᠰᠲ᠋ᠷᠠᠻᠲ ᠣᠳ

ᠺᠦᠫᠹᠹᠡᠷᠢ ᠶᠢᠨ ᠡᠰ ᠢ ᠢᠳᠡᠪᠬᠢᠵᠢᠭᠦᠯᠬᠦ Echinacea angustifolia

Baptisia tinctoria

ᠡᠯᠢᠭᠡᠨ ᠦ ᠦᠢᠯᠡ ᠠᠵᠢᠯᠯᠠᠭ᠎ᠠ ᠶᠢ ᠰᠠᠶᠢᠵᠢᠷᠠᠭᠤᠯᠬᠤ

ᠰᠥᠰᠦᠨ ᠦ ᠨᠡᠶᠢᠯᠡᠭᠵᠢᠯ᠂ ᠢᠯᠭᠠᠷᠠᠯ ᠢ ᠢᠳᠡᠪᠬᠢᠵᠢᠭᠦᠯᠬᠦ ᠨᠢ ᠡᠯᠢᠭᠡ ᠶᠢ ᠬᠣᠣᠷᠭᠦᠶᠢᠵᠢᠭᠦᠯᠬᠦ ᠤᠯᠠᠮᠵᠢᠯᠠᠯᠲᠤ ᠠᠷᠭ᠎ᠠ ᠶᠤᠮ᠃ ᠪᠤᠰᠤᠳ ᠠᠷᠭ᠎ᠠ ᠬᠡᠮᠵᠢᠶ᠎ᠡ ᠨᠦᠭᠦᠳ ᠲᠦ ᠡᠯᠢᠭᠡᠨ ᠦ ᠡᠰ ᠢ ᠦᠷᠪᠢᠰᠦᠯ᠂ ᠴᠢᠯᠦᠭᠡᠲᠦ ᠷᠠᠳᠢᠺᠠᠯ ᠤᠨ ᠭᠡᠮᠲᠦᠯ ᠡᠴᠡ ᠬᠠᠮᠠᠭᠠᠯᠠᠬᠤ᠂ ᠡᠯᠢᠭᠡᠨ ᠦ ᠡᠰ ᠦᠨ ᠨᠥᠬᠥᠨ ᠲᠥᠯᠦᠵᠢᠯᠲᠡ ᠶᠢ ᠰᠠᠶᠢᠵᠢᠷᠠᠭᠤᠯᠬᠤ᠂ ᠡᠯᠢᠭᠡᠨ ᠦ ᠮᠠᠺᠷᠣᠹᠠᠭ (ᠺᠦᠫᠹᠹᠡᠷᠢ ᠶᠢᠨ ᠡᠰᠡ) ᠍ ᠢ ᠢᠳᠡᠪᠬᠢᠵᠢᠭᠦᠯᠬᠦ ᠵᠡᠷᠭᠡ ᠣᠷᠣᠨ᠎ᠠ᠃

ᠳᠡᠯᠢᠭᠦᠦ᠂ ᠲᠤᠩᠭᠠᠯᠠᠭ ᠤᠨ ᠲᠣᠭᠲᠠᠯᠴᠠᠭ᠎ᠠ

ᠲᠤᠩᠭᠠᠯᠠᠭ ᠤᠨ ᠤᠷᠤᠰᠬᠠᠯ᠂ ᠳᠡᠯᠢᠭᠦᠦ ᠪᠣᠯᠤᠨ ᠲᠤᠩᠭᠠᠯᠠᠭ ᠤᠨ ᠡᠳ᠋ ᠍ ᠦᠨ ᠴᠢᠰᠤᠨ ᠬᠠᠩᠭᠠᠮᠵᠢ᠂ ᠯᠢᠮᠹᠣᠼᠢᠲᠢ ᠶᠢᠨ ᠢᠳᠡᠪᠬᠢᠵᠢᠯ ᠵᠡᠷᠭᠡ ᠶᠢ ᠰᠠᠶᠢᠵᠢᠷᠠᠭᠤᠯᠬᠤ ᠵᠠᠮ ᠢᠶᠠᠷ ᠡᠳᠡᠭᠡᠷ ᠡᠳ᠋ ᠍ ᠦᠳ ᠢ ᠴᠡᠪᠡᠷᠯᠡᠳᠡᠭ᠃ ᠲᠤᠩᠭᠠᠯᠠᠭ ᠤᠨ ᠤᠷᠤᠰᠬᠠᠯ ᠢ ᠰᠠᠶᠢᠵᠢᠷᠠᠭᠤᠯᠬᠤ ᠪᠣᠯᠤᠨ ᠲᠤᠩᠭᠠᠯᠠᠭ ᠤᠨ ᠵᠣᠭᠰᠤᠨᠭᠢᠰᠢᠯᠠᠭᠠᠰᠤ ᠰᠡᠷᠭᠡᠶᠢᠯᠡᠬᠦ ᠳᠦ ᠳᠠᠷᠠᠭᠠᠬᠢ ᠠᠷᠭ᠎ᠠ ᠨᠤᠭᠤᠳ ᠢ ᠬᠡᠷᠡᠭᠯᠡᠨ᠎ᠡ᠃ ᠡᠭᠦᠨ ᠳᠦ᠄

•           ᠪᠤᠯᠴᠢᠩ ᠤᠨ ᠦᠢᠯᠡ ᠠᠵᠢᠯᠯᠠᠭ᠎ᠠ ᠪᠤᠶᠤ ᠳᠠᠰᠬᠠᠯ᠂ ᠰᠤᠩᠭᠠᠯᠲᠠ ᠬᠢᠬᠦ

•           ᠮᠥᠴᠢᠳ ᠢ ᠡᠷᠭᠦᠬᠦ

•           ᠮᠠᠰᠰᠠᠵᠢ (ᠢᠯᠠᠩᠭᠤᠶ᠎ᠠ ᠯᠢᠮᠹᠠᠲ᠋ᠢᠺ ᠮᠠᠰᠰᠠᠵᠢ ᠯᠢᠮᠹᠢ ᠶᠢᠨ ᠤᠷᠤᠰᠬᠠᠯ ᠰᠠᠶᠢᠵᠢᠷᠠᠭᠤᠯᠬᠤ) ᠬᠢᠬᠦ

•           ᠬᠠᠯᠠᠭᠤᠨ᠂ ᠬᠦᠢᠲᠡᠨ ᠭᠢᠳ᠋ᠷᠣᠲ᠋ᠡᠷᠠᠫᠢ (ᠤᠰᠤᠨ ᠡᠮᠴᠢᠯᠡᠭᠡ) ᠬᠢᠬᠦ ᠵᠡᠷᠭᠡ ᠣᠷᠣᠨ᠎ᠠ᠃

ᠳᠡᠯᠢᠭᠦᠨ ᠦ ᠴᠢᠰᠤᠨ ᠬᠠᠩᠭᠠᠮᠵᠢ ᠶᠢ ᠪᠡᠷᠪᠡᠷᠢᠨ ᠠᠯᠺᠠᠯᠣᠢᠳ ᠠᠭᠤᠯᠳᠠᠭ barberry (Berberis vulgaris)᠂ ᠣᠷᠡᠭᠠᠨ ᠤᠰᠤᠨ ᠦᠵᠦᠮ (Berberis aquafolium)᠂ goldenseal (Hydrastis canadensis) ᠵᠡᠷᠭᠡ ᠤᠷᠭᠤᠮᠠᠯ ᠢ ᠬᠡᠷᠡᠭᠯᠡᠵᠦ ᠬᠢᠳᠡᠭ᠃ ᠴᠢᠰᠤᠨ ᠬᠠᠩᠭᠠᠮᠵᠢ ᠰᠠᠶᠢᠵᠢᠷᠠᠬᠤ ᠳᠤ ᠳᠡᠯᠢᠭᠦᠨ ᠡᠴᠡ ᠳᠠᠷᠬᠠᠯᠠᠭ᠎ᠠ ᠰᠠᠶᠢᠵᠢᠷᠠᠭᠤᠯᠬᠤ ᠪᠣᠳᠠᠰ ᠤᠳ ᠤᠨ ᠢᠯᠭᠠᠷᠠᠯ ᠢ ᠡᠷᠴᠢᠮᠵᠢᠳᠡᠭ᠃

ᠳᠠᠷᠬᠠᠯᠠᠭ᠎ᠠ ᠳᠡᠮᠵᠢᠬᠦ

ᠳᠠᠷᠬᠠᠯᠠᠭᠠᠨ ᠤ ᠦᠢᠯᠡ ᠠᠵᠢᠯᠯᠠᠭ᠎ᠠ ᠶᠢ ᠬᠡᠪ ᠦᠨ ᠪᠠᠶᠢᠯᠭᠠᠬᠤ ᠶᠢᠨ ᠲᠤᠯᠠᠳᠠ ᠬᠤᠪᠢ ᠬᠦᠮᠦᠨ ᠦ ᠡᠷᠡᠭᠦᠯ ᠮᠡᠨᠳᠦ ᠶᠢᠨ ᠪᠠᠶᠢᠳᠠᠯ ᠰᠠᠶᠢᠨ ᠪᠠᠶᠢᠬᠤ ᠱᠠᠭᠠᠷᠳᠠᠯᠭ᠎ᠠ ᠲᠠᠢ᠃ ᠡᠭᠦᠨ ᠳᠦ ᠴᠢᠨᠠᠷᠲᠠᠢ᠂ ᠰᠠᠶᠢᠨ ᠬᠣᠭᠣᠯᠠ ᠢᠳᠡᠬᠦ (ᠡᠰᠯᠢᠭ᠂ ᠨᠡᠶᠢᠯᠡᠮᠡᠯ ᠨᠡᠭᠦᠷᠡᠰᠦ ᠤᠰᠤ ᠪᠠᠷ ᠪᠠᠶᠠᠯᠢᠭ᠂ ᠥᠭᠡᠬᠦ ᠲᠣᠰ ᠪᠠᠭᠠᠲᠠᠢ᠂ ᠤᠭᠤᠷᠠᠭ ᠳᠤᠮᠳᠠᠴᠢ ᠬᠡᠮᠵᠢᠶ᠎ᠡ ᠪᠡᠷ ᠠᠭᠤᠯᠰᠤᠨ ᠪᠠᠶᠢᠭᠠᠯᠢ ᠶᠢᠨ ᠭᠠᠷᠤᠯᠲᠠᠢ᠂ ᠪᠦᠬᠦᠯᠢ ᠦᠷ᠎ᠡ ᠶᠢᠨ᠂ ᠠᠮᠢᠳᠤ ᠬᠦᠨᠡᠰᠦᠨ ᠦ ᠪᠦᠲᠦᠭᠡᠭᠳᠡᠬᠦᠨ ᠨᠦᠭᠦᠳ)᠂ ᠡᠳᠦᠷ ᠲᠦ 8-10 ᠠᠶᠠᠭ᠎ᠠ ᠤᠰᠤ (ᠴᠡᠪᠡᠷᠰᠢᠭᠦᠯᠦᠭᠰᠡᠨ ᠤᠰᠤ ᠪᠠᠶᠢᠬᠤ ᠨᠢ ᠰᠠᠶᠢᠨ) ᠤᠤᠭᠤᠬᠤ᠂ ᠰᠠᠭᠤᠷᠢ ᠠᠮᠢᠨᠳᠡᠮ ᠡᠷᠦᠳᠡᠰᠦ ᠶᠢᠨ ᠨᠡᠮᠡᠯᠲᠡ ᠪᠡᠯᠡᠳᠦᠮᠡᠯ (ᠠᠮᠠᠷᠬᠠᠨ ᠰᠢᠮᠡᠭᠳᠡᠬᠦ ᠬᠡᠯᠪᠡᠷᠢ ᠶᠢᠨ᠂ ᠪᠢᠣᠯᠣᠭ ᠤᠨ ᠭᠠᠷᠤᠯᠲᠠᠢ᠂ ᠪᠢᠴᠢᠯ ᠡᠷᠦᠳᠡᠰᠦ ᠶᠢ ᠬᠠᠩᠭᠠᠯᠲᠠᠲᠠᠢ ᠬᠡᠮᠵᠢᠶ᠎ᠡ ᠪᠡᠷ ᠠᠭᠤᠯᠰᠤᠨ)᠂ ᠡᠳᠦᠷ ᠪᠦᠷᠢ 30 ᠮᠢᠨᠦ᠋ᠲ ᠠᠢᠷᠣᠪᠢᠺ ᠪᠣᠯᠤᠨ 15-30 ᠮᠢᠨᠤᠲᠤ ᠶᠢᠨ ᠢᠳᠡᠪᠬᠢ ᠭᠦᠢ ᠰᠤᠩᠭᠠᠯᠲᠠ ᠶᠢᠨ ᠳᠠᠰᠬᠠᠯ ᠤᠨ ᠬᠥᠲᠥᠯᠪᠦᠷᠢ (ᠲᠡᠰᠪᠦᠷᠢ ᠪᠣᠯᠤᠨ ᠨᠥᠬᠥᠴᠡᠯ ᠪᠠᠶᠢᠳᠠᠯ ᠠᠴᠠ ᠬᠠᠮᠢᠶᠠᠷᠤᠭᠠᠳ ᠥᠭᠡᠷᠡᠴᠢᠯᠡᠵᠦ ᠪᠣᠯᠤᠨ᠎ᠠ)᠂ ᠡᠳᠦᠷ ᠪᠦᠷᠢ ᠭᠦᠨᠵᠡᠭᠡᠢ ᠠᠮᠢᠰᠬᠤᠯ ᠠᠪᠬᠤ᠂ ᠲᠠᠶᠢᠪᠤᠰᠢᠷᠠᠭᠤᠯᠬᠤ ᠳᠠᠰᠬᠠᠯ ᠤᠳ ᠬᠢᠬᠦ᠂ ᠡᠳᠦᠷ ᠪᠦᠷᠢ ᠪᠢᠰᠢᠯᠭᠠᠯ᠂ ᠵᠠᠯᠪᠠᠷᠢᠯ ᠦᠢᠯᠡᠳᠬᠦ᠂ ᠭᠡᠷ ᠪᠦᠯᠡ ᠶᠢᠨ ᠬᠢᠨ᠂ ᠨᠠᠢᠵᠤᠳᠠᠲᠠᠢᠭ᠎ᠠ ᠲᠣᠭᠯᠠᠵᠤ᠂ ᠬᠥᠭᠵᠢᠯᠳᠦᠬᠦ ᠴᠠᠭ ᠭᠠᠷᠭᠠᠬᠤ᠂ ᠡᠳᠦᠷ ᠲᠦ 6-8 ᠴᠠᠭ ᠤᠨᠲᠠᠵᠤ ᠪᠠᠶᠢᠬᠤ ᠵᠡᠷᠭᠡ ᠠᠷᠭ᠎ᠠ ᠬᠡᠮᠵᠢᠶ᠎ᠡ ᠨᠦᠭᠦᠳ ᠣᠷᠣᠨ᠎ᠠ.ᠳᠠᠷᠬᠠᠯᠠᠭ᠎ᠠ ᠲᠣᠭᠲᠠᠯᠴᠠᠭ᠎ᠠ ᠶᠢ ᠬᠡᠳᠦ ᠬᠡᠳᠦᠨ ᠬᠦᠨᠡᠰᠦᠨ ᠦ ᠨᠡᠮᠡᠯᠲᠡ᠂ ᠤᠷᠭᠤᠮᠠᠯ ᠤᠨ ᠬᠦᠴᠦᠨ ᠵᠦᠢᠯᠡᠰ ᠢ ᠬᠡᠷᠡᠭᠯᠡᠵᠦ ᠰᠠᠶᠢᠵᠢᠷᠠᠭᠤᠯᠵᠤ ᠪᠣᠯᠤᠨ᠎ᠠ᠃ ᠳᠠᠷᠬᠠᠯᠠᠭ᠎ᠠ ᠲᠣᠭᠲᠠᠯᠴᠠᠭᠠᠨ ᠤ ᠡᠰ ᠦᠨ ᠬᠠᠮᠠᠭᠠᠯᠠᠬᠤ ᠲᠣᠭᠲᠠᠯᠴᠠᠭ᠎ᠠ (ᠢᠯᠠᠩᠭᠤᠶ᠎ᠠ ᠤ ᠯᠢᠮᠹᠣᠼᠲᠤ᠂ ᠢᠨᠲ᠋ᠡᠷᠹᠡᠷᠣᠨ᠂ ᠮᠠᠺᠷᠣᠹᠠᠭ᠂ ᠨᠠᠲ᠋ᠦᠶᠢᠷᠠᠯ ᠺᠢᠯᠯᠡᠷ ᠡᠰ) ᠨᠢ ᠸᠢᠷᠦᠰ᠂ ᠮᠥᠭᠥᠨᠴᠡᠷ᠂ ᠬᠠᠪᠤᠳᠠᠷ ᠤᠨ ᠡᠰᠡᠷᠭᠦ ᠦᠢᠯᠡᠴᠢᠯᠡᠳᠡᠭ ᠲᠤᠯᠠ ᠳᠠᠷᠬᠠᠯᠠᠭᠠᠨ ᠤ ᠡᠨᠡᠬᠦ ᠬᠡᠰᠡᠭ ᠢ ᠢᠳᠡᠪᠬᠢᠵᠢᠭᠦᠯᠬᠦ ᠨᠢ ᠭᠣᠣᠯ ᠵᠣᠷᠢᠯᠭ᠎ᠠ ᠶᠤᠮ᠃ ᠡᠰ ᠦᠨ ᠳᠠᠷᠬᠠᠯᠠᠭᠠᠨ ᠤ ᠭᠠᠵᠢᠭ ᠨᠢ ᠧ᠊᠂ᠪᠠ᠊᠂ᠸᠢ᠊᠂ ᠍ ᠬᠣᠯᠪᠣᠭᠠᠲᠤ ᠡᠮᠭᠡᠭ ᠦᠳ ᠦᠨ ᠦᠶ᠎ᠡ ᠳᠦ ᠣᠯᠠᠨᠲᠠ ᠲᠣᠬᠢᠶᠠᠯᠳᠤᠳᠠᠭ᠃

ᠨᠠᠰᠤᠲᠠᠢ ᠬᠦᠮᠦᠰ ᠲᠦ ᠡᠰᠡ ᠬᠣᠯᠪᠣᠭᠠᠲᠤ ᠳᠠᠷᠬᠠᠯᠠᠭ᠎ᠠ ᠲᠣᠭᠲᠠᠯᠴᠠᠭᠠᠨ ᠤ ᠬᠥᠭᠰᠢᠷᠡᠯᠲᠡ ᠲᠡᠢ ᠬᠣᠯᠪᠣᠭ᠎ᠠ ᠲᠠᠢ ᠥᠭᠡᠷᠡᠴᠢᠯᠡᠯᠲᠡ ᠶᠢ ᠬᠦᠨᠡᠰᠦᠨ ᠦ ᠨᠡᠮᠡᠯᠲᠡ ᠬᠡᠷᠡᠭᠯᠡᠨ ᠵᠠᠰᠠᠬᠤ ᠪᠣᠯᠤᠮᠵᠢ ᠲᠠᠢ ᠶᠤᠮ᠃ ᠬᠥᠭᠰᠢᠨ ᠬᠦᠮᠦᠰ ᠲᠦ ᠡᠰ ᠦᠨ ᠳᠠᠷᠬᠠᠯᠠᠭᠠᠨ ᠤ ᠬᠠᠷᠢᠭᠤ ᠤᠷᠪᠠᠯ ᠪᠠᠭᠤᠷᠠᠭᠰᠠᠨ ᠲᠠᠢ ᠬᠣᠯᠪᠣᠭᠠᠲᠠᠢ ᠪᠠᠷ ᠧ᠊᠂ᠪᠠ᠊᠂ᠸᠢ᠊᠂ ᠍ ᠦᠨ ᠡᠰᠡᠷᠭᠦ ᠪᠡᠶ᠎ᠡ ᠶᠢᠨ ᠬᠡᠮᠵᠢᠶ᠎ᠡ ᠶᠡᠬᠡᠰᠰᠦᠨ ᠪᠠᠶᠢᠳᠠᠭ᠃

ᠡᠬᠢ ᠰᠤᠷᠪᠤᠯᠵᠢ[засварлах | кодоор засварлах]

http://natmedmn.blogspot.com

ᠲᠦᠯᠬᠢᠭᠦᠷ ᠦᠭᠡᠰ[засварлах | кодоор засварлах]

Chronic fatigue syndrome