"ᠮᠠᠵᠠᠭᠠᠯᠠᠶ ᠬᠢᠮᠡᠯ ᠳᠠᠭᠠᠭᠤᠯᠢ"-ны өөр хувилбарууд
(Link) |
(Link) |
||
88-р мөр: | 88-р мөр: | ||
ᠣᠭᠲᠠᠷᠭᠤᠶ ᠋ᠳᠤ ᠰᠠᠴᠤᠷᠠᠭ ᠲᠤᠶᠠᠭ ᠊ᠠ᠋ ᠶᠡᠬᠡ᠂ ᠪᠠᠰᠠ ᠬᠦᠢᠲᠡᠨ ᠲᠤᠯᠠ ᠵᠢᠵᠢᠭ ᠬᠢᠮᠡᠯ ᠳᠠᠭᠠᠭᠤᠯᠢ ᠨᠤᠭᠤᠳ ᠬᠡᠳᠦᠢ ᠨᠠᠷᠠᠨ ᠤ ᠵᠠᠢ ᠬᠤᠷᠢᠶᠠᠭᠤᠷ ᠲᠠᠢ ᠪᠣᠯᠪᠠᠴᠤ ᠤᠳᠠᠭᠠᠨ ᠠᠵᠢᠯᠯᠳᠠᠭ ᠦᠭᠡᠢ ᠠᠵᠡᠢ᠃ | ᠣᠭᠲᠠᠷᠭᠤᠶ ᠋ᠳᠤ ᠰᠠᠴᠤᠷᠠᠭ ᠲᠤᠶᠠᠭ ᠊ᠠ᠋ ᠶᠡᠬᠡ᠂ ᠪᠠᠰᠠ ᠬᠦᠢᠲᠡᠨ ᠲᠤᠯᠠ ᠵᠢᠵᠢᠭ ᠬᠢᠮᠡᠯ ᠳᠠᠭᠠᠭᠤᠯᠢ ᠨᠤᠭᠤᠳ ᠬᠡᠳᠦᠢ ᠨᠠᠷᠠᠨ ᠤ ᠵᠠᠢ ᠬᠤᠷᠢᠶᠠᠭᠤᠷ ᠲᠠᠢ ᠪᠣᠯᠪᠠᠴᠤ ᠤᠳᠠᠭᠠᠨ ᠠᠵᠢᠯᠯᠳᠠᠭ ᠦᠭᠡᠢ ᠠᠵᠡᠢ᠃ | ||
ᠡᠳᠦᠭᠡ ᠮᠣᠩᠭᠤᠯ ᠤᠯᠤᠰ ᠤᠨ ᠶᠡᠬᠡ ᠰᠤᠷᠭᠠᠭᠤᠯᠢ ᠳ᠋ᠤ [[ᠲᠡᠮᠡᠦᠯᠦᠯ ᠬᠢᠮᠡᠯ | ᠡᠳᠦᠭᠡ ᠮᠣᠩᠭᠤᠯ ᠤᠯᠤᠰ ᠤᠨ ᠶᠡᠬᠡ ᠰᠤᠷᠭᠠᠭᠤᠯᠢ ᠳ᠋ᠤ [[ᠲᠡᠮᠡᠦᠯᠦᠯ ᠬᠢᠮᠡᠯ ᠳᠠᠭᠠᠭᠤᠯᠢ|ᠲᠡᠮᠡᠦᠯᠦᠯ]] ᠬᠡᠮᠡᠬᠦ Cubecast ᠬᠥᠭᠵᠢᠭᠦᠯᠦᠯᠲᠡ ᠶᠠᠪᠤᠭᠳᠠᠵᠤ ᠪᠠᠢᠢᠨ ᠠ᠋᠃ | ||
ᠡᠨᠡ ᠨᠢ ᠮᠠᠵᠠᠭᠠᠯᠠᠢ ᠬᠢᠮᠡᠯ ᠳᠠᠭᠠᠭᠤᠯᠢ ᠢᠢ ᠪᠦᠲᠢᠭᠡᠭᠰᠡᠨ ᠲᠥᠰᠦᠯ ᠦᠨ ᠦᠷ ᠡ᠋ ᠳ᠋ᠦ᠋ᠩ ᠶᠤᠮ᠃ | ᠡᠨᠡ ᠨᠢ ᠮᠠᠵᠠᠭᠠᠯᠠᠢ ᠬᠢᠮᠡᠯ ᠳᠠᠭᠠᠭᠤᠯᠢ ᠢᠢ ᠪᠦᠲᠢᠭᠡᠭᠰᠡᠨ ᠲᠥᠰᠦᠯ ᠦᠨ ᠦᠷ ᠡ᠋ ᠳ᠋ᠦ᠋ᠩ ᠶᠤᠮ᠃ |
21:53, 5 Гуравдугаар сар 2021-ий байдлаарх одоогийн засвар
|
ᠮᠠᠵᠠᠭᠠᠯᠠᠶ Mazaalai
Bird MM, NUMSAT 1 | |
---|---|
ᠦᠢᠯᠳᠪᠦᠷᠢᠯᠡᠭᠴᠢ | ᠮᠣᠩᠭᠤᠯ ᠤᠯᠤᠰ ᠤᠨ ᠶᠡᠬᠡ ᠰᠤᠷᠭᠠᠭᠤᠯᠢ (МУИС) |
ᠵᠣᠷᠢᠯᠭ ᠠ᠋ | ᠷᠠᠳᠢᠣ᠋radio ᠰᠣᠨᠢᠷᠬᠠᠯ᠂ ᠵᠠᠢ ᠢᠢᠨ ᠲᠠᠨᠳᠠᠯᠲᠠ |
ᠭᠠᠷᠤᠭᠠᠨ ᠤ ᠲᠠᠯᠠᠪᠠᠢ | ᠻᠧᠩᠨᠧᠳᠢKennedy ᠰᠠᠨᠰᠠᠷ ᠤᠨ ᠲᠦᠪ |
ᠴᠣᠢᠢᠯᠠᠭᠤᠷ | Falcon 9 FT, CRS-11 |
ᠬᠥᠭᠡᠷᠭᠡᠭᠰᠡᠨ | 2017 ᠣᠨ ᠤ 6 ᠰᠠᠷ ᠠ᠋ ᠢᠢᠨ 3᠂ 21:07 UTC |
ᠲᠣᠭᠤᠷᠢᠭ ᠵᠠᠮ ᠳ᠋ᠤ ᠭᠠᠷᠤᠭᠰᠠᠨ | 2017 ᠣᠨ ᠤ 6 ᠰᠠᠷ ᠠ᠋ ᠢᠢᠨ 7 |
ᠲᠣᠭᠤᠷᠢᠭ ᠵᠠᠮ ᠳ᠋ᠠᠬᠢ ᠥᠷᠲᠡᠭᠡ | ᠻᠢᠪᠣ (きぼう) ᠮᠣᠳᠦ᠋ᠯ |
COSPAR ID | 1998-067MW |
SCN | 42822 |
ᠬᠥᠯᠭᠡ ᠢᠢᠨ ᠲᠥᠷᠦᠯ | 1U CubeSat |
ᠮᠠᠰᠰ | 1 kg |
ᠬᠡᠮᠵᠢᠶ ᠡ᠋ | 10 x 10 x 10 cm |
ᠦᠢᠯᠡ ᠠᠵᠢᠯᠯᠠᠭ ᠠ᠋ ᠵᠣᠭᠰᠤᠭᠰᠠᠨ | 11 May 2019 |
ᠲᠣᠭᠤᠷᠢᠭ ᠵᠠᠮ ᠤᠨ ᠲᠥᠷᠦᠯ | ᠨᠠᠮ ᠲᠣᠭᠤᠷᠢᠭ ᠵᠠᠮ |
ᠳᠡᠭᠡᠳᠦ ᠥᠨᠳᠦᠷ | 403.7 km |
ᠳᠣᠣᠷᠠᠳᠤ ᠥᠨᠳᠦᠷ | 397.8 km |
ᠲᠣᠭᠤᠷᠢᠭ ᠵᠠᠮ ᠤᠨ ᠬᠠᠵᠠᠢᠢᠯᠲᠠ | 51.64° |
ᠲᠣᠭᠤᠷᠢᠭ ᠵᠠᠮ ᠤᠨ ᠮᠥᠴᠡᠯᠭᠡ | 92.57 ᠮᠢᠨᠦ᠋ᠲ |
ᠮᠠᠵᠠᠭᠠᠯᠠᠶ ᠨᠢ ᠬᠥᠭᠵᠢᠵᠦ ᠪᠤᠢ ᠣᠷᠤᠨ ᠨᠤᠭᠤᠳ ᠳᠤ ᠰᠠᠨᠰᠠᠷ ᠰᠤᠳᠤᠯᠤᠯ ᠤᠨ ᠰᠠᠯᠪᠤᠷᠶ ᠲᠤ ᠠᠵᠢᠯᠯᠠᠬᠤ ᠢᠨ᠍ᠵᠧᠨᠧᠷ ᠦᠳengineer ᠪᠡᠯᠡᠳᠬᠡᠵᠦ ᠥᠭᠬᠦ ᠵᠣᠷᠢᠯᠭ ᠠ᠋ ᠲᠠᠢ ᠶᠠᠫᠣᠨJapan ᠤᠯᠤᠰ ᠤᠨ "ᠰᠢᠪᠠᠭᠤᠳ" (Birds) ᠲᠥᠰᠦᠯ ᠦᠨ ᠬᠦᠷᠢᠶᠡᠨ ᠳᠦ ᠮᠣᠩᠭᠤᠯ ᠤᠨ ᠡᠷᠳᠡᠮᠲᠡᠨ ᠵᠠᠯᠠᠭᠤᠴᠤᠳ ᠤᠨ ᠪᠦᠲᠦᠭᠡᠭᠰᠡᠨ ᠬᠢᠮᠡᠯ ᠳᠠᠭᠠᠭᠤᠯᠢ᠃
ᠮᠠᠵᠠᠭᠠᠯᠠᠢ ᠬᠢᠮᠡᠯ ᠳᠠᠭᠠᠭᠤᠯᠢ ᠢᠢ 2017 ᠣᠨ ᠤ 6 ᠰᠠᠷ ᠠ᠋ ᠢᠢᠨ 3 ᠳ᠋ᠤ ᠬᠥᠭᠡᠷᠭᠡᠭᠰᠡᠨ᠃
ᠲᠤᠷᠰᠢᠯᠲᠠ ᠢᠢᠨ ᠵᠣᠷᠢᠯᠭᠤᠯᠤᠯᠲᠠ ᠪᠠᠷ ᠬᠥᠭᠡᠷᠭᠡᠭᠰᠡᠨ ᠪᠠ 1.1 ᠵᠢᠯ ᠠᠵᠢᠯᠯᠠᠬᠤ ᠪᠠᠷ ᠲᠣᠭᠠᠴᠠᠭᠠᠯᠠᠭᠰᠠᠨ ᠪᠠᠢᠢᠭᠰᠠᠨ᠃
ᠲᠣᠭᠤᠷᠢᠭ ᠵᠠᠮ ᠡᠴᠡ ᠡᠬᠡ ᠳᠡᠯᠡᠬᠡᠢ ᠦᠷᠦᠭᠦ ᠲᠥᠷᠦ ᠢᠢᠨ ᠳᠠᠭᠤᠯᠠᠯ ᠳᠠᠮᠵᠢᠭᠤᠯᠬᠤ ᠲᠥᠯᠦᠪᠯᠡᠭᠡ ᠲᠡᠢ ᠪᠠᠢᠢᠭᠰᠠᠨ᠃
2019 ᠣᠨ ᠤ 5 ᠰᠠᠷ ᠠ᠋ ᠢᠢᠨ 11 ᠳ᠋ᠤ ᠦᠢᠯᠡ ᠠᠵᠢᠯᠯᠠᠭ ᠠ᠋ ᠪᠠᠨ ᠬᠦᠢᠴᠡᠳᠬᠡᠵᠦ ᠳᠠᠭᠤᠰᠬᠠᠭᠠᠳ ᠲᠣᠭᠤᠷᠢᠭ ᠵᠠᠮ ᠡᠴᠡ ᠪᠠᠨ ᠭᠠᠷᠤᠭᠰᠠᠨ᠃
ᠨᠡᠢᠢᠲᠡ 707 ᠬᠣᠨᠤᠭ ᠪᠤᠶᠤ 16,968 ᠴᠠᠭ ᠠᠵᠢᠯᠯᠠᠭᠰᠠᠨ ᠪᠠᠢᠢᠨ ᠠ᠋᠃
ᠵᠠᠢ ᠬᠤᠷᠢᠶᠠᠭᠤᠷ ᠤᠳ ᠲᠤ ᠮᠥᠴᠡᠯᠭᠡ ᠢᠢᠨ ᠲᠣᠭ ᠠ᠋cycle count ᠭᠡᠵᠦ ᠦᠵᠡᠭᠦᠯᠦᠯᠲᠡ ᠪᠠᠢᠢᠳᠠᠭ᠃
ᠡᠨᠡ ᠨᠢ ᠬᠡᠳᠦᠨ ᠤᠳᠠᠭ ᠠ᠋ ᠴᠡᠨᠡᠭᠯᠡᠬᠦ ᠲᠣᠭ ᠠ᠋᠂ ᠨᠠᠰᠤᠨ ᠤ ᠬᠢᠵᠠᠭᠠᠷ ᠭᠡᠵᠦ ᠪᠣᠯᠤᠨ ᠠ᠋᠃
ᠣᠭᠲᠠᠷᠭᠤᠶ ᠋ᠳᠤ ᠰᠠᠴᠤᠷᠠᠭ ᠲᠤᠶᠠᠭ ᠊ᠠ᠋ ᠶᠡᠬᠡ᠂ ᠪᠠᠰᠠ ᠬᠦᠢᠲᠡᠨ ᠲᠤᠯᠠ ᠵᠢᠵᠢᠭ ᠬᠢᠮᠡᠯ ᠳᠠᠭᠠᠭᠤᠯᠢ ᠨᠤᠭᠤᠳ ᠬᠡᠳᠦᠢ ᠨᠠᠷᠠᠨ ᠤ ᠵᠠᠢ ᠬᠤᠷᠢᠶᠠᠭᠤᠷ ᠲᠠᠢ ᠪᠣᠯᠪᠠᠴᠤ ᠤᠳᠠᠭᠠᠨ ᠠᠵᠢᠯᠯᠳᠠᠭ ᠦᠭᠡᠢ ᠠᠵᠡᠢ᠃
ᠡᠳᠦᠭᠡ ᠮᠣᠩᠭᠤᠯ ᠤᠯᠤᠰ ᠤᠨ ᠶᠡᠬᠡ ᠰᠤᠷᠭᠠᠭᠤᠯᠢ ᠳ᠋ᠤ ᠲᠡᠮᠡᠦᠯᠦᠯ ᠬᠡᠮᠡᠬᠦ Cubecast ᠬᠥᠭᠵᠢᠭᠦᠯᠦᠯᠲᠡ ᠶᠠᠪᠤᠭᠳᠠᠵᠤ ᠪᠠᠢᠢᠨ ᠠ᠋᠃
ᠡᠨᠡ ᠨᠢ ᠮᠠᠵᠠᠭᠠᠯᠠᠢ ᠬᠢᠮᠡᠯ ᠳᠠᠭᠠᠭᠤᠯᠢ ᠢᠢ ᠪᠦᠲᠢᠭᠡᠭᠰᠡᠨ ᠲᠥᠰᠦᠯ ᠦᠨ ᠦᠷ ᠡ᠋ ᠳ᠋ᠦ᠋ᠩ ᠶᠤᠮ᠃
ᠢᠢᠨ ᠬᠦ ᠥᠪᠡᠷᠰᠡᠳ ᠢᠢᠡᠨ ᠬᠢᠮᠡᠯ ᠳᠠᠭᠠᠭᠤᠯᠢ ᠪᠦᠲᠢᠭᠡᠵᠦ᠂ ᠬᠥᠭᠡᠷᠭᠡᠬᠦ ᠬᠡᠮᠵᠢᠶᠡᠨ ᠳᠦ ᠬᠦᠷᠦᠭᠰᠡᠨ ᠢᠨᠦ ᠳᠣᠷᠪᠢ ᠲᠠᠢ ᠦᠷ ᠡ᠋ ᠳ᠋ᠦ᠋ᠩ ᠮᠥᠨ᠃.
ᠬᠢᠴᠡ᠂ ᠪᠦᠲᠢᠴᠡ[засварлах | кодоор засварлах]
ᠮᠠᠵᠠᠭᠠᠯᠠᠶ ᠬᠢᠮᠡᠯ ᠳᠠᠭᠠᠭᠤᠯᠢ ᠨᠢ CubeSat 1U ᠰᠠᠭᠤᠷᠢ ᠳᠡᠭᠡᠷ᠎ᠡ ᠤᠭᠰᠠᠷᠠᠭᠰᠠᠨ᠂ ᠲᠠᠯ᠎ᠠ ᠲᠠᠯ᠎ᠠ ᠲᠡᠢᠢᠰᠢ 10 ᠰᠠᠨᠲ᠋ᠢᠮᠧᠲ᠋ᠷcentimeter ᠬᠡᠮᠵᠢᠶ᠎ᠡ ᠲᠡᠢ᠂ 1 ᠻᠢᠯᠣᠭᠷᠠᠮkilogram ᠮᠠᠰᠰ ᠲᠠᠢ ᠵᠢᠵᠢᠭ ᠬᠢᠮᠡᠯ ᠳᠠᠭᠠᠭᠤᠯᠢ ᠶᠤᠮ᠃
ᠶᠡᠬᠡ ᠪᠡᠶ᠎ᠡ ᠳᠡᠭᠡᠷᠡᠬᠢ ᠨᠠᠷᠠᠨ ᠤ ᠵᠠᠢ ᠪᠠᠷ ᠴᠠᠬᠢᠯᠭᠠᠨ ᠲᠡᠵᠢᠭᠡᠯ ᠬᠠᠩᠭᠠᠳᠠᠭ᠃ ᠳᠡᠯᠡᠬᠡᠢ ᠦᠷᠦᠭᠦ ᠴᠢᠭᠯᠡᠭᠦᠯᠬᠦ ᠳ᠋ᠦ ᠪᠡᠨ ᠴᠠᠬᠢᠯᠭᠠᠨ ᠰᠣᠷᠢᠨᠵᠢᠨ ᠠᠰᠢᠭᠯᠠᠨ ᠰᠣᠷᠢᠨᠵᠢᠨ ᠣᠷᠣᠨ ᠤ ᠳᠠᠭᠠᠭᠤ ᠭᠦᠢᠴᠡᠳᠭᠡᠭᠰᠡᠨ᠃
ᠵᠢᠯᠤᠭᠤᠳᠤᠯᠭ ᠠ ᠶᠢ GPS ᠬᠦᠯᠢᠶᠡᠨ ᠠᠪᠤᠭᠴᠢ ᠠᠰᠢᠭᠯᠠᠨ ᠬᠡᠷᠡᠭᠵᠢᠭᠦᠯᠦᠭᠰᠡᠨ᠃[1]
ᠠᠰᠢᠭ ᠲᠠᠢ ᠠᠴᠢᠶ᠎ᠠ ᠨᠢ ᠬᠣᠶᠠᠷ ᠳ᠋ᠢᠵᠢᠲ᠋ᠠᠯdigital CCD ᠻᠠᠮᠧᠷcamera᠂ ᠣᠭᠲᠠᠷᠭᠤᠢ ᠶᠢᠨ ᠰᠠᠴᠤᠷᠠᠭ ᠲᠤᠶᠠᠭ᠎ᠠ ᠮᠡᠳᠡᠷᠡᠭᠴᠢ᠂ ᠠᠭᠠᠷ ᠮᠠᠨᠳᠤᠯ ᠤᠨ ᠨᠢᠭᠲᠠ ᠬᠡᠮᠵᠢᠬᠦ ᠬᠡᠷᠡᠭᠰᠡᠯ ᠪᠠᠶ᠋ᠢᠭᠰᠠᠨ᠃
0᠂3 ᠮᠸᠭᠠᠫᠢᠻᠰᠧᠯmegapixel ᠪᠠ 5 ᠮᠸᠭᠠᠫᠢᠻᠰᠧᠯ ᠦᠨ ᠻᠠᠮᠧᠷ ᠤᠳ ᠣᠫᠲ᠋ᠢᠻoptic ᠪᠣᠯᠤᠨ ᠢᠨ᠍ᠹᠷᠠinfra ᠤᠯᠠᠭᠠᠨ ᠲᠤᠶᠠᠭᠠᠨ ᠤ ᠵᠤᠷᠪᠤᠰ ᠲᠤ ᠳᠡᠯᠡᠬᠡᠢ ᠶᠢᠨ ᠭᠠᠳᠠᠷᠭᠤ ᠶᠢᠨ ᠵᠢᠷᠤᠭ ᠢ 100 ᠮᠧᠲ᠋ᠧᠷ ᠦᠨ ᠨᠠᠷᠢᠪᠴᠢᠯᠠᠯ ᠲᠠᠢ ᠠᠪᠴᠤ ᠪᠠᠶ᠋ᠢᠭᠰᠠᠨ᠃
ᠷᠠᠳᠢᠣ᠋ ᠰᠣᠨᠢᠷᠬᠠᠭᠴᠢᠳ ᠲᠤ ᠵᠣᠷᠢᠭᠤᠯᠵᠤ ᠵᠢᠵᠢᠭ ᠳᠠᠮᠵᠢᠭᠤᠯᠤᠭᠴᠢ ᠰᠠᠭᠤᠷᠢᠯᠠᠭᠤᠯᠤᠭᠰᠠᠨ᠃
ᠳᠠᠮᠵᠢᠭᠤᠯᠤᠭᠴᠢ ᠨᠢ 437 ᠮᠧᠭᠠᠾᠧᠷᠽ (MHz) ᠵᠤᠷᠪᠤᠰ ᠲᠤ ᠠᠵᠢᠯᠯᠠᠵᠤ ᠪᠠᠶ᠋ᠢᠪᠠ᠃[2]
ᠵᠣᠷᠢᠯᠲᠡ[засварлах | кодоор засварлах]
- ᠮᠣᠩᠭᠣᠯ ᠣᠷᠣᠨ ᠤ ᠨᠤᠲᠤᠭ ᠳᠡᠪᠢᠰᠬᠡᠷ ᠲᠦ ᠪᠠᠶ᠋ᠢᠭᠠᠯᠶ ᠢᠢᠨ ᠭᠠᠮᠰᠢᠭ ᠢ ᠪᠠᠭᠤᠷᠠᠭᠤᠯᠬᠤ ᠵᠣᠷᠢᠯᠭ ᠠ ᠪᠠᠷ ᠢᠯᠡᠭᠦᠦ ᠨᠠᠷᠢᠪᠴᠢᠯᠠᠭᠰᠠᠨ ᠵᠢᠷᠤᠭᠯᠠᠯ ᠬᠢᠬᠦ᠃[3]
- ᠳᠡᠯᠡᠬᠡᠢ ᠶᠢᠨ ᠰᠠᠴᠤᠷᠠᠭ ᠤᠨ ᠹᠣᠨ᠂ ᠠᠭᠠᠷ ᠮᠠᠨᠳᠤᠯ ᠤᠨ ᠳᠡᠭᠡᠳᠦ ᠳᠠᠪᠬᠤᠷᠭ᠎ᠠ ᠶᠢᠨ ᠨᠢᠭᠲᠠ ᠶᠢ ᠬᠡᠮᠵᠢᠬᠦ᠃
- ᠤᠯᠤᠰ ᠣᠷᠣᠨ ᠤ ᠨᠡᠷ᠎ᠡ ᠬᠦᠨᠳᠦ ᠶᠢ ᠡᠷᠭᠦᠵᠦ᠂ ᠣᠭᠲᠠᠷᠭᠤᠢ ᠶᠢᠨ ᠰᠤᠳᠤᠯᠭ᠎ᠠ ᠰᠢᠨᠵᠢᠯᠡᠭᠡᠨ ᠦ ᠰᠣᠨᠢᠷᠬᠠᠯ ᠢ ᠥᠷᠨᠢᠭᠦᠯᠬᠦ᠃ ᠡᠭᠦᠨ ᠦ ᠬᠦᠷᠢᠶᠡᠨ ᠳᠦ ᠷᠠᠳᠢᠣ᠋ ᠰᠣᠨᠢᠷᠬᠠᠭᠴᠢᠳ ᠤᠨ ᠨᠡᠪᠲᠡᠷᠡᠭᠦᠯᠭᠡ ᠳᠠᠮᠵᠢᠭᠤᠯᠬᠤ᠂ ᠲᠤᠬᠠᠶ᠋ᠢᠯᠠᠪᠠᠯ ᠮᠣᠩᠭᠣᠯ ᠤᠯᠤᠰ ᠤᠨ ᠰᠦᠯᠳᠡ ᠳᠠᠭᠤᠯᠠᠯ ᠢ ᠲᠣᠭᠣᠷᠢᠭ ᠵᠠᠮ ᠠᠴᠠ ᠨᠡᠪᠲᠡᠷᠡᠭᠦᠯᠬᠦ᠃[4]
- ᠲᠧᠻᠨᠣᠯᠣᠭᠢ ᠶᠢᠨtechnology ᠲᠤᠷᠰᠢᠯᠲᠠ ᠬᠢᠬᠦ᠃ ᠲᠤᠬᠠᠶ᠋ᠢᠯᠠᠪᠠᠯ᠂ ᠬᠢᠮᠡᠯ ᠳᠠᠭᠠᠭᠤᠯᠢ ᠳᠡᠭᠡᠷ᠎ᠡ GPS ᠍ ᠲᠤ ᠰᠠᠭᠤᠷᠢᠯᠠᠭᠰᠠᠨ ᠨᠠᠸᠢᠭᠠᠼ ᠤᠨnavigation ᠰᠢᠰᠲ᠋ᠧᠮ ᠦᠨ ᠠᠵᠢᠯᠯᠠᠭ᠎ᠠ ᠶᠢ ᠲᠤᠷᠰᠢᠬᠤ᠃[1]
ᠨᠢᠰᠦᠯᠭᠡ[засварлах | кодоор засварлах]
ᠬᠥᠭᠡᠷᠭᠡᠭᠰᠡᠨ ᠢᠨᠦ[засварлах | кодоор засварлах]
|
ᠮᠠᠵᠠᠭᠠᠯᠠᠢ ᠬᠢᠮᠡᠯ ᠳᠠᠭᠠᠭᠤᠯᠢ ᠶᠢ SpaceX CRS-11 ᠨᠢᠰᠦᠯᠭᠡ ᠶᠢᠨ ᠬᠦᠷᠢᠶᠡᠨ ᠳᠦ ᠣᠯᠠᠨ ᠤᠯᠤᠰ ᠤᠨ ᠰᠠᠨᠰᠠᠷ ᠤᠨ ᠰᠲ᠋ᠠᠨ᠍ᠼstation ᠤᠷᠤᠭᠤ 2017 ᠣᠨ ᠤ 6 ᠍ ᠳᠦᠭᠠᠷ ᠰᠠᠷ᠎ᠠ ᠶᠢᠨ 3 ᠍ ᠳᠦ ᠢᠯᠡᠭᠡᠭᠰᠡᠨ᠃
ᠬᠢᠮᠡᠯ ᠳᠠᠭᠠᠭᠤᠯᠢ ᠶᠢ NASA ᠦᠨ ᠻᠧᠩᠨᠡᠲᠢ ᠍ ᠢᠢᠨ ᠨᠡᠷᠡᠮᠵᠢᠲᠦ ᠰᠠᠨᠰᠠᠷ ᠤᠨ ᠲᠥᠪ ᠡᠴᠡ Falcon 9 ᠫᠤᠤᠵᠢᠩ ᠢᠶ᠋ᠠᠷ Dragon ᠰᠠᠨᠰᠠᠷ ᠤᠨ ᠬᠥᠯᠭᠡ ᠪᠡᠷ ᠠᠪᠴᠤ ᠨᠢᠰᠦᠭᠰᠡᠨ᠃
ᠮᠠᠵᠠᠭᠠᠯᠠᠢ ᠶᠢ ᠣᠯᠠᠨ ᠤᠯᠤᠰ ᠤᠨ ᠰᠠᠨᠰᠠᠷ ᠤᠨ ᠰᠲ᠋ᠠᠨ᠍ᠼ ᠳ᠋ᠠᠬᠢ ᠶᠠᠫᠣᠨ ᠤ ᠻᠢᠪᠣ (Kibō) ᠮᠣᠳᠦ᠋ᠯ ᠠᠴᠠmodule ᠲᠣᠭᠣᠷᠢᠭ ᠵᠠᠮ ᠳᠤ 2017 ᠣᠨ ᠤ 7 ᠍ ᠳᠤᠭᠠᠷ ᠰᠠᠷ᠎ᠠ ᠶᠢᠨ 7 ᠍ ᠳᠤ ᠭᠠᠷᠭᠠᠭᠰᠠᠨ᠃[4]
ᠬᠢᠮᠡᠯ ᠳᠠᠭᠠᠭᠤᠯᠢ ᠣᠶ᠋ᠢᠷᠠᠯᠴᠠᠭ᠎ᠠ ᠪᠠᠷ 400 ᠻᠢᠯᠣᠮᠧᠲ᠋ᠧᠷ ᠥᠨᠳᠦᠷ ᠲᠦ᠂ ᠰᠧᠻᠦ᠋ᠨ᠍ᠳ᠋second ᠲᠦ ᠻᠢᠯᠣᠮᠧᠲ᠋ᠧᠷkilometer 7.67 ᠬᠤᠷᠳᠤ ᠪᠠᠷ᠂ 51.64 ° ᠨᠠᠯᠠᠯᠲᠠ ᠲᠠᠢ ᠲᠣᠭᠣᠷᠢᠭ ᠵᠠᠮ ᠢᠶ᠋ᠠᠷ ᠳᠡᠯᠡᠬᠡᠢ ᠶᠢ 92.57 ᠮᠢᠨᠦ᠋ᠲ ᠲᠤᠲᠤᠮ ᠳᠤ ᠨᠢᠭᠡ ᠪᠦᠲᠦᠨ ᠲᠣᠭᠣᠷᠢᠵᠤ ᠪᠠᠶ᠋ᠢᠪᠠ᠃
ᠠᠵᠢᠯᠯᠠᠭ ᠠ᠋[засварлах | кодоор засварлах]
ᠮᠠᠵᠠᠭᠠᠯᠠᠢ ᠬᠢᠮᠡᠯ ᠳᠠᠭᠠᠭᠤᠯᠢ GPS ᠍ ᠢᠢᠡᠷ ᠪᠠᠶ᠋ᠢᠷᠢᠰᠢᠯ ᠲᠣᠭᠲᠠᠭᠠᠬᠤ᠂ ᠠᠭᠠᠷ ᠤᠨ ᠨᠢᠭᠲᠠ ᠶᠢᠨ ᠬᠡᠮᠵᠢᠯᠲᠡ᠂ ᠣᠭᠲᠠᠷᠭᠤᠶ ᠢᠢᠨ ᠲᠤᠶᠠᠭᠠᠨ ᠤ ᠰᠤᠳᠤᠯᠭ ᠠ ᠵᠡᠷᠭᠡ ᠲᠤᠷᠰᠢᠯᠲᠠ ᠨᠤᠭᠤᠳ ᠢ ᠬᠢᠵᠡᠢ᠃
ᠲᠣᠭᠣᠷᠢᠭ ᠵᠠᠮ ᠠᠴᠠ ᠮᠣᠩᠭᠣᠯ ᠤᠯᠤᠰ ᠤᠨ ᠲᠥᠷᠦ ᠶᠢᠨ ᠳᠠᠭᠤᠯᠠᠯ ᠢ ᠳᠡᠯᠡᠬᠡᠢ ᠳᠦ ᠳᠠᠮᠵᠢᠭᠤᠯᠤᠭᠰᠠᠨ᠃[4]
ᠮᠣᠩᠭᠣᠯ ᠤᠯᠤᠰ ᠤᠨ ᠬᠤᠪᠢ ᠳᠤ ᠲᠥᠰᠦᠯ ᠦᠨ ᠭᠣᠣᠯ ᠵᠣᠷᠢᠯᠭ᠎ᠠ ᠨᠢ ᠢᠯᠡᠭᠦᠦ ᠨᠠᠷᠢᠪᠴᠢᠯᠠᠯ ᠲᠠᠢ ᠭᠠᠵᠠᠷ ᠤᠨ ᠵᠢᠷᠤᠭ ᠪᠣᠯᠪᠠᠰᠤᠷᠠᠭᠤᠯᠤᠨ ᠪᠠᠶ᠋ᠢᠭᠠᠯᠶ ᠢᠢᠨ ᠭᠠᠮᠰᠢᠭ ᠲᠠᠢ ᠲᠡᠮᠡᠴᠡᠬᠦ ᠳᠤ ᠠᠰᠢᠭᠯᠠᠬᠤ᠂ ᠣᠭᠲᠠᠷᠭᠤᠢ ᠶᠢᠨ ᠪᠡᠶ᠎ᠡ ᠳᠠᠭᠠᠭᠰᠠᠨ ᠰᠤᠳᠤᠯᠭ᠎ᠠ ᠬᠢᠬᠦ ᠶᠠᠪᠤᠳᠠᠯ ᠪᠠᠶ᠋ᠢᠪᠠ᠃
ᠲᠥᠰᠦᠯ ᠢ ᠶᠠᠫᠣᠨ ᠤ ᠵᠠᠰᠠᠭ ᠤᠨ ᠭᠠᠵᠠᠷ ᠤᠨ ᠣᠭᠲᠠᠷᠭᠤᠢ ᠳᠤ ᠭᠠᠷᠤᠭᠠᠳᠦᠢ ᠣᠷᠣᠨ ᠨᠤᠭᠤᠳ ᠲᠤ ᠵᠣᠷᠢᠭᠤᠯᠤᠭᠰᠠᠨ ᠰᠠᠯᠪᠤᠷᠢ ᠳᠤᠮᠳᠠ ᠶᠢᠨ ᠲᠥᠰᠦᠯ ᠪᠣᠯᠬᠤ ᠻᠶᠦ᠋ᠱᠦ᠋ ᠦᠨKyushu ᠲᠧᠻᠨᠣᠯᠣᠭᠢ ᠶᠢᠨ ᠳᠡᠭᠡᠳᠦ ᠰᠤᠷᠭᠠᠭᠤᠯᠢ ᠶᠢᠨ (KIT) ᠣᠯᠠᠨ ᠤᠯᠤᠰ ᠤᠨ Birds ᠲᠥᠰᠦᠯ ᠦᠨ ᠬᠦᠷᠢᠶᠡᠨ ᠳᠦ ᠮᠣᠩᠭᠣᠯ ᠤᠨ ᠵᠠᠰᠠᠭ ᠤᠨ ᠭᠠᠵᠠᠷ ᠤᠨ ᠣᠨᠴᠤᠭᠤᠶ ᠪᠠᠶ᠋ᠢᠳᠠᠯ ᠤᠨ ᠶᠡᠷᠦᠩᠬᠡᠢ ᠭᠠᠵᠠᠷ᠂ ᠮᠣᠩᠭᠣᠯ ᠤᠯᠤᠰ ᠤᠨ ᠶᠡᠬᠡ ᠰᠤᠷᠭᠠᠭᠤᠯᠢ ᠤᠨ ᠬᠠᠮᠲᠤ ᠢᠢᠨ ᠳᠡᠮᠵᠢᠯᠭᠡ ᠪᠡᠷ ᠬᠡᠷᠡᠭᠵᠢᠭᠦᠯᠪᠡ᠃
ᠮᠠᠵᠠᠭᠠᠯᠠᠢ 2019 ᠣᠨ ᠤ 5 ᠍ ᠳᠦᠭᠠᠷ ᠰᠠᠷ᠎ᠠ ᠶᠢᠨ 11 ᠍ ᠳᠦ ᠲᠣᠭᠣᠷᠢᠭ ᠵᠠᠮ ᠠᠴᠠ ᠭᠠᠷᠤᠭᠰᠠᠨ᠃[5]
ᠤᠶᠠᠯᠳᠤᠭ ᠠ᠋ ᠲᠠᠢ ᠨᠡᠢᠢᠲᠡᠯᠡᠯ[засварлах | кодоор засварлах]
ᠨᠡᠷ ᠡ᠋ ᠲᠣᠮᠢᠶᠠᠯᠠᠯ᠋[засварлах | кодоор засварлах]
ᠬᠢᠮᠡᠯ ᠳᠠᠭᠠᠭᠤᠯᠢ - satellite - искусственный спутник
ᠣᠯᠠᠨ ᠤᠯᠤᠰ ᠤᠨ ᠰᠠᠨᠰᠠᠷ ᠤᠨ ᠰᠲ᠋ᠠᠨ᠍ᠼ - International Space Station - Международная космическая станция
ᠲᠣᠭᠤᠷᠢᠭ ᠵᠠᠮ - orbit - орбита
ᠵᠠᠢ ᠢᠢᠨ ᠲᠠᠩᠳᠠᠯᠲᠠ - remote sensing - дистанционное зондирование Земли
ᠴᠣᠢᠢᠯᠠᠭᠤᠷ᠂ ᠵᠥᠭᠡᠭᠴᠢ ᠫᠤᠤᠵᠢᠩ - launch vehicle - ракета-носитель
ᠣᠭᠲᠠᠷᠭᠤᠶ ᠢᠢᠨ ᠬᠥᠯᠭᠡ - spacecraft - космический корабль
ᠰᠠᠨᠰᠠᠷ ᠰᠤᠳᠤᠯᠤᠯ - astronautics - космонавтика
ᠣᠭᠲᠠᠷᠭᠤᠶ ᠢᠢᠨ ᠲᠤᠶᠠᠭ ᠠ᠋ - cosmic ray, cosmic radiation - космические лучи
ᠠᠭᠠᠷ ᠮᠠᠨᠳᠤᠯ - atmosphere - атмосфера
ᠡᠬᠢ ᠰᠤᠷᠪᠤᠯᠵᠢ[засварлах | кодоор засварлах]
- ↑ 1.0 1.1 Bird B, BTN, G, J, JPN, LKA, M, MYS, N, NPL, PHL. (BRAC Onnesha, Bhutan 1, GhanaSat 1, Toki, Uguisu, Raavana 1, Mazaalai, UiTMSAT 1, EduSat 1, NepaliSat 1, MAYA 1). ᠬᠠᠨᠳᠤᠭᠰᠠᠨ 2021/03/05
- ↑ Mazaalai satellite enters trajectory orbit. 2017/07/07 ᠬᠠᠨᠳᠤᠭᠰᠠᠨ 2021/03/05
- ↑ Mazaalai, the First Mongoliakn Satellite. ᠬᠠᠨᠳᠤᠭᠰᠠᠨ 2021/03/05
- ↑ 4.0 4.1 4.2 Mongolia First Satellite Starts Operations in Space. ᠬᠠᠨᠳᠤᠭᠰᠠᠨ 2021/03/05
- ↑ Report on BIRDS-1 Deorbiting. ᠬᠠᠨᠳᠤᠭᠰᠠᠨ 2021/03/05