"ᠰᠲ᠋ᠠᠷᠯᠢᠨ᠍ᠻ"-ны өөр хувилбарууд

(Edit)
(Edit)
50-р мөр: 50-р мөр:

ᠲᠡᠭᠦᠨᠴᠢᠯᠡᠨ ᠰᠥᠨᠢ ‍ᠢᠢᠨ ᠲᠩᠷᠢ ᠳ᠋ᠦ ᠭᠡᠷᠡᠯᠲᠡᠬᠦ ᠬᠢᠮᠡᠯ ᠳᠠᠭᠠᠭᠤᠯᠢ ᠨᠤᠭᠤᠳ ‍ᠦᠵᠡᠭᠳᠡᠬᠦ ᠣᠳᠤ ᠡᠷᠬᠢᠰ ‍ᠦᠨ ᠲᠣᠭᠠᠨ ᠡᠴᠡ ᠴᠦ ᠣᠯᠠᠨ ᠪᠣᠯᠵᠤ ᠣᠫᠲ᠋ᠢᠻ ᠳᠤᠷᠠᠨ ᠠᠪᠠᠢ ‍ᠢᠢᠨ ᠠᠵᠢᠭᠯᠠᠯᠲᠠ᠂ ᠰᠤᠳᠤᠯᠭ᠎ᠠ ᠰᠢᠨᠵᠢᠯᠡᠭᠡᠨ ‍ᠳᠦ ᠲᠣᠳᠬᠠᠷ ᠤᠴᠢᠷᠠᠭᠤᠯᠤᠨ᠎ᠠ ᠭᠡᠵᠦ ᠦᠵᠡᠵᠦ ᠪᠠᠢᠢᠨ᠎ᠠ᠃ 2020 ᠣᠨ ᠤ 4 ᠍ ᠳᠤᠭᠡᠷ ᠰᠠᠷ᠎ᠠ ᠶᠢᠨ 27 ᠍ ᠳᠤ ᠧᠯᠣᠨ ᠮᠦᠰᠻ ᠬᠢᠮᠡᠯ ᠳᠠᠭᠠᠭᠤᠯᠢ ᠨᠤᠭᠤᠳ ᠲᠤ ᠰᠢᠨ᠎ᠡ ᠨᠠᠷᠠᠨ ᠤ ᠬᠠᠯᠬᠠᠪᠴᠢ ᠠᠰᠢᠭᠯᠠᠨ ᠰᠲ᠋ᠠᠷᠯᠢᠨ᠍ᠻ ‍ᠦᠨ ᠬᠢᠮᠡᠯ ᠳᠠᠭᠠᠭᠤᠯᠢ ᠨᠤᠭᠤᠳ ‍ᠤᠨ ᠭᠡᠷᠡᠯᠲᠡᠯᠲᠡ ᠪᠪᠠᠭᠤᠷᠠᠭᠤᠯᠬᠤ ᠠᠷᠭ᠎ᠠ ᠬᠡᠮᠵᠢᠶ ‍ᠡ᠋ ᠠᠪᠤᠨ᠎ᠠ ᠭᠡᠵᠦ ᠮᠡᠳᠡᠭᠳᠡᠪᠡ᠃<ref>Stephen Clerk. SpaceX to debut satellite-dimming sunshade on Starlink launch next month. Spaceflight Now. 2020/04/28. https://spaceflightnow.com/2020/04/28/spacex-to-debut-satellite-dimming-sunshade-on-starlink-launch-next-month/</ref> 2020 ᠣᠨ ᠤ 10 ᠍ ᠳᠦᠭᠡᠷ ᠰᠠᠷ᠎ᠠ ᠶᠢᠨ 15 ᠍ ᠤ ᠪᠠᠶ᠋ᠢᠳᠠᠯ ᠢᠶᠠᠷ Starlink ᠍ ᠦᠨ 200 ᠭᠠᠷᠤᠢ ᠬᠢᠮᠡᠯ ᠳᠠᠭᠠᠭᠤᠯᠢ ᠨᠠᠷᠠᠨ ᠤ ᠬᠠᠯᠬᠠᠪᠴᠢ ᠲᠠᠢ ᠪᠣᠯᠵᠠᠢ᠃ 2021 ᠣᠨ ᠤ 1 ᠍ ᠳᠤᠭᠠᠷ ᠰᠠᠷ᠎ᠠ ᠳᠤ ᠬᠢᠭᠰᠡᠨ ᠰᠤᠳᠤᠯᠭ᠎ᠠ ᠪᠠᠷ ᠨᠠᠷᠠᠨ ᠤ ᠬᠠᠯᠬᠠᠪᠴᠢ ᠨᠢ ᠭᠡᠷᠡᠯᠲᠦᠯᠲᠡ ᠶᠢ 31% ᠪᠠᠭᠤᠷᠠᠭᠤᠯᠵᠤ ᠪᠠᠶ᠋ᠢᠨ᠎ᠠ ᠭᠡᠵᠦ ᠲᠣᠭᠲᠠᠭᠠᠵᠠᠢ᠃

ᠣᠯᠠᠨ ᠤᠯᠤᠰ ᠤᠨ ᠣᠳᠣᠨ ᠣᠷᠣᠨ ᠤ ᠬᠣᠯᠪᠣᠭ᠎ᠠ (IAU) 2022 ᠣᠨ ᠤ 2 ᠍ ᠳᠦᠭᠡᠷ ᠰᠠᠷ᠎ᠠ ᠳᠤ ᠣᠳᠣᠨ ᠣᠷᠣᠨᠴᠢᠳ ᠲᠤ Starlink ᠵᠡᠷᠭᠡ ᠬᠢᠮᠡᠯ ᠳᠠᠭᠠᠭᠤᠯᠢ ᠶᠢᠨ ᠰᠥᠷᠭᠦ ᠨᠥᠯᠥᠭᠡ ᠶᠢ ᠳᠠᠪᠠᠨ ᠲᠤᠭᠤᠯᠬᠤ ᠳᠤ ᠲᠤᠰᠠᠯᠠᠬᠤ ᠲᠥᠪ ᠢ ᠪᠠᠶᠢᠭᠤᠯᠵᠠᠢ᠃ ᠲᠤᠰ ᠲᠥᠪ ᠨᠢ ᠣᠳᠣᠨ ᠣᠷᠣᠨᠴᠢᠳ ᠲᠤ ᠵᠣᠷᠢᠭᠤᠯᠤᠭᠰᠠᠨ ᠫᠷᠣᠭᠷᠠᠮ ᠬᠠᠩᠭᠠᠮᠵᠢ ᠬᠥᠭᠵᠢᠭᠦᠯᠬᠦ᠂ ᠦᠨᠳᠦᠰᠦᠨ ᠦ ᠪᠣᠯᠤᠨ ᠣᠯᠠᠨ ᠤᠯᠤᠰ ᠤᠨ ᠪᠣᠳᠣᠯᠭᠠᠷ᠂ ᠡᠷᠬᠡ ᠵᠦᠢ ᠶᠢᠨ ᠣᠷᠴᠢᠨ ᠢ ᠪᠣᠯᠪᠠᠰᠤᠷᠠᠩᠭᠤᠢ ᠪᠣᠯᠭᠠᠬᠤ᠂ ᠣᠯᠠᠨ ᠨᠡᠶᠢᠲᠡ ᠳᠦ ᠬᠦᠷᠴᠦ ᠠᠵᠢᠯᠯᠠᠬᠤ᠂ ᠬᠣᠯᠪᠣᠭᠳᠠᠬᠤ ᠲᠧᠻᠨᠣᠯᠣᠭᠢ ᠨᠤᠭᠤᠳ ᠪᠣᠯᠪᠠᠰᠤᠷᠠᠭᠤᠯᠬᠤ ᠴᠢᠭᠯᠡᠯ ᠢᠶᠡᠷ ᠦᠢᠯᠡᠳᠪᠦᠷᠢᠯᠡᠭᠴᠢᠳ ᠲᠡᠢ ᠬᠠᠮᠲᠤᠷᠠᠨ ᠠᠵᠢᠯᠯᠠᠨ᠎ᠠ᠃<ref>Jeff Foust. New center to coordinate work to mitigate effect of satellite constellations on astronomy. Spacenews 2022/02/05. https://spacenews.com/new-center-to-coordinate-work-to-mitigate-effect-of-satellite-constellations-on-astronomy/</ref>
IAU 2022 ᠣᠨ ᠤ 6 ᠍ ᠳᠦᠭᠠᠷ ᠰᠠᠷ᠎ᠠ ᠳᠤ ᠣᠳᠣᠨ ᠣᠷᠣᠨᠴᠢᠳ ᠲᠤ ᠵᠣᠷᠢᠭᠤᠯᠵᠤ ᠬᠢᠮᠡᠯ ᠳᠠᠭᠠᠭᠤᠯᠢ ᠶᠢᠨ ᠲᠤᠰᠠᠯᠠᠮᠵᠢ ᠲᠠᠢ ᠪᠠᠷ ᠵᠠᠷᠢᠮ ᠰᠥᠷᠭᠦ ᠨᠥᠯᠥᠭᠡᠯᠡᠯ ᠡᠴᠡ ᠵᠠᠶᠢᠯᠠᠰᠬᠢᠬᠤ ᠵᠣᠷᠢᠭᠤᠯᠤᠯᠲᠠ ᠲᠠᠢ ᠸᠪᠰᠠᠢ ᠳᠤ ᠭᠠᠷᠭᠠᠭᠰᠠᠨ᠃ ᠡᠨᠡ ᠨᠢ ᠣᠳᠣᠨ ᠣᠷᠣᠨ ᠰᠤᠳᠤᠯᠤᠭᠠᠴᠢᠳ ᠲᠤ ᠬᠢᠮᠡᠯ ᠳᠠᠭᠠᠭᠤᠯᠢ ᠶᠢ ᠬᠢᠨᠠᠬᠤ᠂ ᠰᠥᠷᠭᠦ ᠨᠥᠯᠥᠭᠡ ᠬᠠᠮᠤᠭ ᠤᠨ ᠪᠠᠭ᠎ᠠ ᠪᠠᠶ᠋ᠢᠬᠤ ᠴᠠᠭ ᠢ ᠰᠣᠩᠭᠣᠬᠤ ᠳᠤ ᠲᠤᠰᠠᠯᠠᠨ᠎ᠠ᠃<ref>Alexandra Witze. ‘Unsustainable’: how satellite swarms pose a rising threat to astronomy. Nature 2022/05/26. https://www.nature.com/articles/d41586-022-01420-9</ref>
NASA ᠪᠣᠯᠤᠨ ᠬᠢᠲᠠᠳ ᠤᠯᠤᠰ ᠰᠡᠭᠦᠯ ᠦᠨ ᠦᠶ᠎ᠡ ᠳᠦ ᠰᠲ᠋ᠠᠷᠯᠢᠨ᠍ᠻ ‍ᠦᠨ ᠬᠢᠮᠡᠯ ᠳᠠᠭᠠᠭᠤᠯᠢ ᠶᠢᠨ ᠴᠢᠭᠤᠯᠭᠠᠨ ᠣᠭᠲᠠᠷᠭᠤᠢ ᠶᠢᠨ ᠬᠥᠯᠥᠭ᠂ ᠬᠢᠮᠡᠯ ᠳᠠᠭᠠᠭᠤᠯᠢ ᠨᠤᠭᠤᠳ ᠲᠠᠢ ᠮᠥᠷᠭᠦᠯᠳᠦᠬᠦ ᠡᠷᠦᠰᠳᠡᠯ ᠶᠡᠬᠡᠰᠴᠦ ᠪᠠᠶᠢᠭ᠎ᠠ ᠲᠠᠯ᠎ᠠ ᠪᠠᠷ ᠠᠰᠠᠭᠤᠳᠠᠯ ᠳᠡᠪᠰᠢᠭᠦᠯᠬᠦ ᠪᠣᠯᠵᠠᠢ᠃
SpaceX ᠺᠣᠮᠫᠠᠨᠢ ᠮᠡᠳᠡᠭᠡᠯᠡᠬᠦ ᠳᠦ ᠪᠡᠨ ᠰᠲ᠋ᠠᠷᠯᠢᠨ᠍ᠻ ‍ᠦᠨ ᠬᠢᠮᠡᠯ ᠳᠠᠭᠠᠭᠤᠯᠢ ᠨᠤᠭᠤᠳ ᠰᠠᠨᠰᠠᠷ ᠤᠨ ᠰᠲ᠋ᠠᠨᠼᠢ ᠲᠠᠢ ᠮᠥᠷᠭᠥᠯᠳᠦᠬᠦ ᠦᠭᠡᠢ ᠪᠠᠶᠢᠬᠤ ᠨᠢᠭᠡ ᠨᠥᠬᠥᠴᠡᠯ ᠨᠢ ᠰᠢᠰᠲ᠋ᠧᠮ ᠦᠨ ᠠᠩᠬᠠᠳᠠᠭᠴᠢ ᠰᠢᠯᠭᠠᠯᠲᠠ ᠬᠢᠬᠦ ᠶᠢᠨ ᠲᠤᠯᠠᠳᠠ ᠮᠠᠰᠢ ᠨᠠᠮ᠂ 210 ᠺᠢᠯᠣᠮᠧᠲ᠋ᠷ ᠤᠨ ᠥᠨᠳᠥᠷ ᠳ᠋ᠡᠬᠢ ᠲᠣᠭᠣᠷᠢᠭ ᠵᠠᠮ ᠳᠤ ᠬᠥᠭᠡᠷᠭᠡᠳᠡᠭ ᠶᠠᠪᠤᠳᠠᠯ ᠬᠡᠮᠡᠭᠰᠡᠨ᠃ ᠬᠠᠷᠢᠨ ᠣᠯᠠᠨ ᠤᠯᠤᠰ ᠤᠨ ᠰᠠᠨᠰᠠᠷ ᠤᠨ ᠰᠲ᠋ᠠᠨᠼ ᠪᠣᠯᠤᠨ ᠬᠢᠲᠠᠳ ᠤᠨ ᠲᠢᠶᠠᠨᠭᠣᠩ ᠰᠲ᠋ᠠᠨᠼ 400 ᠺᠢᠯᠣᠮᠧᠲ᠋ᠷ ᠡᠴᠡ ᠳᠡᠭᠡᠭᠰᠢ ᠲᠣᠭᠣᠷᠢᠭ ᠵᠠᠮ ᠳᠤ ᠠᠵᠢᠯᠯᠠᠳᠠᠭ ᠪᠠᠶᠢᠨ᠎ᠠ᠃
ᠮᠥᠨ SpaceX ᠮᠡᠳᠡᠭᠡᠯᠡᠭᠰᠡᠨ ᠢᠶᠡᠷ ᠬᠡᠷᠪᠡ Starlink ᠬᠢᠮᠡᠯ ᠳᠠᠭᠠᠭᠤᠯᠢ ᠥᠭᠡᠷ᠎ᠡ ᠬᠥᠯᠭᠡ ᠲᠡᠢ ᠮᠥᠷᠭᠥᠯ ᠳᠦ ᠬᠢ ᠮᠠᠭᠠᠳᠯᠠᠯ 100᠂000 ᠍ ᠳᠦ 1 ᠪᠠᠶᠢᠨ᠎ᠠ ᠭᠡᠵᠦ ᠣᠯᠠᠨ ᠨᠡᠶᠢᠲᠡ ᠳᠦ ᠮᠡᠳᠡᠭᠡᠯᠡᠭᠰᠡᠨ ᠲᠣᠬᠢᠶᠠᠯᠳᠤᠯ ᠳᠤ ᠠᠦ᠋ᠲ᠋ᠣᠮᠠᠲ ᠢᠶᠠᠷ ᠮᠥᠷᠭᠥᠯᠳᠦᠭᠡᠨ ᠡᠴᠡ ᠵᠠᠶᠢᠯᠠᠵᠤ ᠵᠥᠷᠢᠵᠦ ᠥᠩᠭᠡᠷᠡᠬᠦ ᠦᠢᠯᠡᠳᠦᠯ ᠭᠦᠢᠴᠡᠳᠭᠡᠳᠡᠭ ᠪᠠᠶᠢᠨ᠎ᠠ. ᠥᠭᠡᠷ᠎ᠡ ᠪᠠᠶᠢᠭᠤᠯᠤᠯᠭ᠎ᠠ ᠶᠢᠨ ᠠᠵᠢᠯᠯᠠᠭᠤᠯᠳᠠᠭ ᠬᠢᠮᠡᠯ ᠳᠠᠭᠠᠭᠤᠯᠢ ᠲᠠᠢ ᠣᠶᠢᠷᠠᠳᠬᠤ ᠲᠣᠬᠢᠶᠠᠯᠳᠤᠯ ᠳᠤ ᠰᠲ᠋ᠠᠷᠯᠢᠨ᠍ᠻ ‍ᠦᠨ ᠬᠢᠮᠡᠯ ᠳᠠᠭᠠᠭᠤᠯᠢ ᠨᠢ ᠮᠥᠷᠭᠥᠯᠳᠦᠭᠡᠨ ᠡᠴᠡ ᠵᠠᠶᠢᠯᠠᠬᠤ ᠠᠷᠭ᠎ᠠ ᠬᠡᠮᠵᠢᠶ᠎ᠡ ᠠᠪᠬᠤ ᠡᠭᠦᠷᠭᠡ ᠶᠢ ᠨᠥᠭᠥᠭᠡ ᠬᠥᠯᠭᠡᠲᠦ ᠬᠡᠵᠢᠶ᠎ᠡ ᠦᠯᠡᠳᠡᠭᠡᠳᠡᠭ ᠦᠭᠡᠢ᠂ ᠢᠮᠠᠭᠲᠠ ᠥᠪᠡᠷ ᠢᠶᠡᠨ ᠰᠠᠨᠠᠭᠠᠴᠢᠯᠠᠨ ᠭᠦᠢᠴᠡᠳᠭᠡᠳᠡᠭ᠃ ᠮᠥᠷᠭᠥᠯᠳᠦᠭᠡᠨ ᠡᠴᠡ ᠵᠠᠶᠢᠯᠠᠵᠤ ᠵᠥᠷᠢᠬᠦ ᠴᠢᠳᠠᠪᠤᠷᠢ ᠲᠠᠢ ᠥᠭᠡᠷ᠎ᠡ ᠬᠢᠮᠡᠯ ᠳᠠᠭᠠᠭᠤᠯᠢ ᠲᠠᠢ ᠣᠶᠢᠷᠠᠳᠬᠤ ᠮᠠᠭᠠᠳᠯᠠᠯ ᠲᠠᠢ ᠦᠶ᠎ᠡ ᠳᠦ SpaceX ᠠᠯᠢᠪᠠ ᠬᠥᠳᠡᠯᠭᠡᠭᠡᠨ ᠢ ᠲᠤᠬᠠᠢ ᠶᠢᠨ ᠬᠢᠮᠡᠯ ᠳᠠᠭᠠᠭᠤᠯᠢ ᠶᠢ ᠠᠵᠢᠯᠯᠠᠭᠤᠯᠵᠤ ᠪᠤᠢ ᠪᠠᠶᠢᠭᠤᠯᠤᠯᠭ᠎ᠠ ᠲᠠᠢ ᠵᠣᠬᠢᠴᠠᠳᠠᠭ ᠭᠡᠵᠡᠢ᠃
SpaceX ᠪᠠᠰᠠ ᠮᠡᠳᠡᠭᠳᠡᠬᠦ ᠳᠦ ᠪᠡᠨ ᠰᠲ᠋ᠠᠷᠯᠢᠨ᠍ᠻ ‍ᠦᠨ ᠬᠢᠮᠡᠯ ᠳᠠᠭᠠᠭᠤᠯᠢ ᠥᠭᠡᠷ᠎ᠡ ᠨᠢᠰᠬᠦ ᠲᠥᠬᠥᠭᠡᠷᠦᠮᠵᠢ ᠶᠢᠨ ᠳᠡᠷᠭᠡᠳᠡᠭᠦᠷ ᠥᠩᠭᠡᠷᠡᠬᠦ ᠳᠦ ᠪᠡᠨ ᠲᠤᠯᠤᠮ ᠵᠢᠭᠠᠰᠤᠨ ᠤ ᠰᠡᠷᠪᠡᠭᠡ ᠯᠦᠭᠡ ᠠᠳᠠᠯᠢ ᠪᠣᠰᠤᠭ᠎ᠠ ᠨᠠᠷᠠᠨ ᠤ ᠬᠠᠪᠲᠠᠩ ᠢ ᠪᠠᠨ ᠪᠠᠭᠤᠯᠭᠠᠵᠤ᠂ ᠥᠪᠡᠷ ᠦᠨ ᠬᠡᠮᠵᠢᠶ᠎ᠡ ᠶᠢ ᠪᠠᠭᠠᠰᠬᠠᠭᠰᠠᠨ ᠢᠶᠠᠷ ᠮᠥᠷᠭᠥᠯ ᠳᠦ ᠬᠢ ᠮᠠᠭᠠᠳᠯᠠᠯ ᠢ ᠪᠠᠭᠤᠷᠠᠭᠤᠯᠳᠠᠭ ᠬᠡᠮᠡᠵᠡᠢ. ᠰᠲ᠋ᠠᠷᠯᠢᠨ᠍ᠻ ‍ᠦᠨ ᠬᠢᠮᠡᠯ ᠳᠠᠭᠠᠭᠤᠯᠢ ᠶᠢᠨ ᠨᠠᠷᠠᠨ ᠤ ᠬᠠᠪᠲᠠᠩ ᠤᠨ ᠡᠩᠨᠡᠭᠡ ᠨᠢ ᠥᠨᠳᠥᠷ ᠪᠣᠰᠤᠭ᠎ᠠ ᠪᠠᠶᠢᠷᠢᠯᠠᠯ ᠲᠠᠢ ᠪᠠᠶᠢᠳᠠᠭ᠃ ᠥᠭᠡᠷ᠎ᠡ ᠨᠢᠰᠬᠦ ᠲᠥᠬᠦᠭᠡᠷᠦᠮᠵᠢ ᠶᠢᠨ ᠳᠡᠷᠭᠡᠳᠡᠭᠦᠷ ᠥᠩᠭᠡᠷᠡᠬᠦ ᠦᠶ᠎ᠡ ᠳᠦ ᠮᠥᠷᠭᠥᠯ ᠳᠦ ᠬᠢ ᠮᠠᠭᠠᠳᠯᠠᠯ ᠢ ᠪᠠᠭᠠᠰᠬᠠᠬᠤ ᠶᠢᠨ ᠲᠤᠯᠠᠳᠠ ᠨᠠᠷᠠᠨ ᠤ ᠬᠠᠪᠲᠠᠩ ᠤᠨ ᠡᠩᠨᠡᠭᠡ ᠪᠡᠨ ᠠᠭᠰᠢᠭᠠᠬᠤ ᠪᠣᠯᠤᠮᠵᠢ ᠲᠠᠢ ᠠᠵᠤᠭᠤ᠃<ref>Mark Zastrow. SpaceX defends Starlink over collision concerns. Astronomy 2022/02/25. https://astronomy.com/news/2022/02/spacex-defends-starlink-over-collision-concerns</ref>
ᠬᠢᠮᠡᠯ ᠳᠠᠭᠠᠭᠤᠯᠢ ᠨᠤᠭᠤᠳ ᠬᠡᠷᠡᠭᠯᠡᠭᠡᠨ ᠡᠴᠡ ᠭᠠᠷᠴᠤ᠂ ᠠᠭᠠᠷ ᠮᠠᠨᠳᠠᠯ ᠳ᠋ᠤ ᠰᠢᠲᠠᠬᠤ ᠣᠽᠣᠨ<sup>ozone</sup> ᠳᠠᠪᠬᠤᠷᠭ᠎ᠠ ‍‍ᠢᠢ ᠭᠡᠮᠲᠡᠭᠡᠬᠦ ᠪᠣᠳᠠᠰ ᠦᠯᠳᠡᠭᠡᠬᠦ ᠤᠷᠰᠢᠭᠲᠠᠢ᠃ ᠮᠥᠨ ᠠᠭᠠᠷ ᠮᠠᠨᠳᠠᠯ ‍ᠤᠨ ᠳᠡᠭᠡᠳᠦ ᠳᠠᠪᠪᠬᠤᠷᠭ᠎ᠠ ‍ᠢᠢᠨ ᠬᠢᠮᠢ ‍ᠢᠢᠨ ᠨᠠᠢᠢᠷᠠᠯᠭ᠎ᠠ ‍ᠢᠢ ᠥᠭᠡᠷᠡᠴᠢᠯᠡᠬᠦ ᠦᠷ ‍ᠡ᠋ ᠳᠠᠭᠠᠪᠪᠤᠷᠢ ᠲᠠᠢ ᠪᠠᠢᠢᠵᠤ ᠪᠣᠯᠤᠨ᠎ᠠ᠃ ᠬᠥᠩᠭᠡᠨ ᠴᠠᠭᠠᠨ ᠠᠭᠠᠷ ᠲᠤ ᠰᠢᠲᠠᠬᠤ ᠳ᠋ᠤ ᠪᠠᠨ ᠬᠥᠩᠭᠡᠨ ᠴᠠᠭᠠᠨ ‍ᠤ ᠢᠰᠦᠯ ᠡᠭᠦᠰᠬᠡᠳᠡᠭ᠃ ᠬᠥᠩᠭᠡᠨ ᠴᠠᠭᠠᠨ ‍ᠤ ᠢᠰᠦᠯ ᠭᠡᠷᠡᠯ ‍ᠦᠨ ᠵᠠᠷᠢᠮ ᠳᠣᠯᠭᠦᠶᠠᠨ ‍ᠤ ᠤᠷᠲᠤ ‍ᠢᠢ ᠣᠶ᠋ᠢᠯᠭᠠᠬᠤ ᠴᠢᠨᠠᠷ ᠲᠠᠢ᠃ ᠢᠢᠨ ᠬᠦ ᠳᠡᠯᠡᠬᠡᠢ ᠳ᠋ᠦ ᠨᠡᠪᠲᠡᠷᠡᠬᠦ ᠭᠡᠷᠡᠯ ‍ᠦᠨ ᠬᠡᠮᠵᠢᠶ ‍ᠡ᠋ ‍ᠢᠢ ᠪᠠᠭᠤᠷᠠᠭᠤᠯᠬᠤ ᠦᠷ᠎ᠡ ᠳᠠᠭᠠᠪᠤᠷᠢ ᠲᠠᠢ ᠪᠠᠢᠢᠵᠤ ᠪᠣᠯᠵᠠᠰᠢ ᠦᠭᠡᠢ᠃<ref>Tereza Pultarova. Air pollution from reentering megaconstellation satellites could cause ozone hole 2.0. Space 2021/06/07. https://www.space.com/starlink-satellite-reentry-ozone-depletion-atmosphere</ref>

<br><br>
<br><br>