"ᠤᠮᠠᠷᠠᠳᠤ ᠠᠮᠧᠷᠢᠻ ᠊ᠥᠨ ᠴᠢᠯᠦᠭᠡᠲᠦ ᠬᠤᠳᠠᠯᠳᠤᠭᠠᠨ ᠊ᠣ ᠬᠡᠯᠡᠯᠴᠡᠭᠡᠷ"-ны өөр хувилбарууд
(Created article) Tags: Mobile edit Mobile web edit |
No edit summary Tags: Mobile edit Mobile web edit |
||
1-р мөр: | 1-р мөр: | ||
<div style = "writing-mode"> | <div style = "writing-mode: vertical-lr"> | ||
{{Image | {{Image | ||
|Filename=NAFTA logo.svg | |Filename=NAFTA logo.svg |
13:27, 28 Аравдугаар сар 2020-ий байдлаарх засвар
|
ᠤᠮᠠᠷᠠᠳᠤ ᠠᠮᠧᠷᠢᠻ ᠦᠨ ᠴᠢᠯᠦᠭᠡᠲᠦ ᠬᠤᠳᠠᠯᠳᠤᠭᠠᠨ ᠤ ᠬᠡᠯᠡᠯᠴᠡᠭᠡᠷ ᠠᠮᠧᠷᠢᠻ ᠦᠨ ᠨᠢᠭᠡᠳᠦᠭᠰᠡᠨ ᠤᠯᠤᠰ᠂ ᠻᠠᠨᠠᠳᠠ᠂ ᠮᠧᠻᠰᠢᠻ ᠦᠨ ᠪᠠᠷᠠᠭᠤᠨ ᠡᠷᠭᠢ ᠶᠢᠨ ᠬᠣᠭᠣᠷᠣᠨᠳᠣ 1992 ᠣᠨ ᠠᠴᠠ ᠬᠣᠶᠢᠰᠢ ᠦᠷᠭᠦᠯᠵᠢᠯᠡᠵᠦ᠂ 1994.1.1 ᠠᠯᠪᠠᠨ ᠶᠣᠰᠣᠭᠠᠷ ᠪᠠᠶᠢᠭᠤᠯᠤᠭᠳᠠᠵᠤ᠂ ᠭᠤᠷᠪᠠᠨ ᠣᠷᠣᠨ ᠤ ᠬᠣᠭᠣᠷᠣᠨᠳᠣ ᠭᠠᠶᠢᠯᠢ ᠶᠢᠨ ᠲᠠᠷᠢᠪ ᠢ ᠠᠷᠢᠯᠭᠠᠪᠠ᠃ ᠡᠨᠡ ᠬᠡᠯᠡᠯᠴᠡᠭᠡᠷ ᠢᠶᠡᠷ ᠪᠠᠶᠢᠭᠤᠯᠤᠭᠳᠠᠭᠰᠠᠨ ᠴᠢᠯᠦᠭᠡᠲᠦ ᠬᠤᠳᠠᠯᠳᠤᠭᠠᠨ ᠤ ᠪᠥᠰᠡ (NAFTA) ᠨᠢ ᠧᠦᠷᠣᠫ ᠦᠨ ᠬᠣᠯᠪᠤᠭ᠎ᠠ ᠲᠠᠢ ᠬᠠᠷᠢᠴᠠᠭᠤᠯᠪᠠᠯ ᠲᠡᠰ ᠥᠭᠡᠷ᠎ᠡ ᠵᠣᠷᠢᠯᠭ᠎ᠠ᠂ ᠵᠠᠷᠴᠢᠮ ᠳᠤ ᠰᠠᠭᠤᠷᠢᠯᠠᠭᠰᠠᠨ ᠶᠤᠮ᠃ ᠡᠨᠡ ᠪᠥᠰᠡ ᠳᠦ ᠪᠠᠭᠲᠤᠭᠰᠠᠨ ᠭᠤᠷᠪᠠᠨ ᠣᠷᠣᠨ ᠡᠳ᠋ ᠍ ᠦᠨ ᠵᠠᠰᠠᠭ ᠤᠨ ᠬᠦᠴᠦ ᠴᠢᠳᠠᠯ ᠤᠨ ᠬᠤᠪᠢ ᠳᠤ ᠮᠠᠰᠢ ᠲᠣᠮᠣ ᠢᠯᠭᠠᠭᠠᠲᠠᠢ ᠶᠢᠨ ᠳᠡᠭᠡᠷ᠎ᠡ ᠤᠯᠤᠰ ᠲᠥᠷᠥ ᠶᠢᠨ ᠪᠣᠳᠣᠯᠭ᠎ᠠ ᠶᠢᠨ ᠬᠤᠪᠢ ᠳᠤ ᠣᠭᠲᠣ ᠡᠰᠡᠷᠡᠭ ᠲᠡᠰᠦᠷᠡᠭ ᠪᠠᠶᠢᠷᠢ ᠰᠠᠭᠤᠷᠢ ᠲᠠᠢ ᠪᠠᠶᠢᠪᠠ. ᠠᠮᠧᠷᠢᠻ ᠦᠨ ᠨᠢᠭᠡᠳᠦᠭᠰᠡᠨ ᠤᠯᠤᠰ ᠥᠪᠡᠷ ᠦᠨ ᠠᠰᠢᠭ ᠰᠤᠬᠢᠷᠬᠠᠯ ᠳᠤ ᠪᠤᠰᠤᠳ ᠣᠷᠣᠨ ᠢ ᠨᠡᠶᠢᠴᠡᠭᠦᠯᠦᠨ ᠵᠠᠩᠵᠤᠯᠠᠬᠤ ᠶᠢ ᠬᠦᠰᠡᠳᠡᠭ᠂ ᠴᠡᠷᠢᠭ ᠵᠡᠪᠰᠡᠭ ᠦᠨ ᠬᠤᠪᠢ ᠳᠤ ᠠᠰᠤᠷᠤ ᠶᠡᠬᠡ ᠪᠣᠯᠤᠮᠵᠢ ᠲᠠᠢ ᠳᠡᠯᠡᠬᠡᠢ ᠶᠢᠨ ᠬᠡᠲᠦ ᠲᠣᠮᠣ ᠭᠦᠷᠦᠨ᠂ ᠬᠠᠷᠢᠨ ᠻᠠᠨᠠᠳ᠋ᠠ᠂ ᠮᠧᠻᠰᠢᠻ ᠬᠣᠶᠠᠷ ᠤᠯᠤᠰ ᠴᠡᠷᠢᠭ ᠳᠠᠶᠢᠨ ᠤ ᠬᠢᠵᠠᠭᠠᠷᠯᠠᠭᠳᠠᠮᠠᠯ ᠪᠣᠯᠤᠮᠵᠢ ᠲᠠᠢ᠂ ᠳᠤᠮᠳᠠ ᠵᠡᠷᠭᠡ ᠶᠢᠨ ᠬᠦᠴᠦ ᠴᠢᠳᠠᠯ ᠲᠠᠢ ᠣᠷᠣᠨ ᠪᠣᠯᠪᠠᠴᠤ ᠠᠮᠧᠷᠢᠻ ᠦᠨ ᠨᠢᠭᠡᠳᠦᠭᠰᠡᠨ ᠤᠯᠤᠰ ᠲᠠᠢ ᠠᠰᠤᠷᠤ ᠤᠷᠲᠤ ᠬᠢᠯᠢ ᠪᠡᠷ ᠬᠣᠯᠪᠣᠭᠳᠠᠵᠤ ᠪᠠᠶᠢᠯ᠎ᠠ᠃ ᠭᠡᠲᠡᠯ᠎ᠡ ᠭᠠᠶᠢᠯᠢ ᠶᠢᠨ ᠲᠠᠷᠢᠪ ᠭᠦᠢ ᠪᠣᠯᠤᠮᠠᠭᠴᠠ ᠡᠳᠡᠭᠡᠷ ᠣᠷᠣᠨ ᠤ ᠬᠣᠭᠣᠷᠣᠨᠳᠣ ᠬᠤᠳᠠᠯᠳᠤᠭᠠᠨ ᠤ ᠮᠠᠰᠢ ᠣᠯᠠᠨ ᠮᠠᠷᠭᠤᠭᠠᠨ ᠳᠡᠭᠳᠡᠭᠰᠡᠨ ᠤᠴᠢᠷ ᠲᠡᠭᠦᠨ ᠢ ᠰᠢᠢᠳᠪᠦᠷᠢᠯᠡᠬᠦ ᠮᠧᠬᠠᠨᠢᠰᠮ ᠨᠡᠩ ᠴᠢᠬᠤᠯᠠ ᠪᠣᠯᠤᠭᠰᠠᠨ ᠪᠠᠶᠢᠨ᠎ᠠ᠃ ᠡᠭᠦᠨ ᠦ ᠤᠴᠢᠷ NAFTA ᠴᠡᠪᠡᠷ ᠵᠠᠰᠠᠭ ᠤᠨ ᠭᠠᠵᠠᠷ ᠬᠣᠭᠣᠷᠣᠨᠳᠣ ᠶᠢᠨ ᠪᠠᠶᠢᠭᠤᠯᠤᠯᠭ᠎ᠠ ᠪᠣᠯᠵᠤ ᠬᠤᠪᠢᠷᠠᠭᠰᠠᠨ ᠪᠢᠯᠡ᠃ ᠭᠡᠯᠡᠭᠡᠴᠢ᠂ ᠬᠤᠳᠠᠯᠳᠤᠭ᠎ᠠ ᠶᠢ ᠵᠣᠬᠢᠴᠠᠭᠤᠯᠬᠤ ᠣᠯᠠᠨ ᠤᠯᠤᠰ ᠤᠨ ᠪᠠᠶᠢᠭᠤᠯᠤᠯᠭ᠎ᠠ ᠪᠠᠶᠢᠭᠰᠠᠭᠠᠷ ᠠᠲᠠᠯ᠎ᠠ ᠤᠭ ᠬᠡᠯᠡᠯᠴᠡᠭᠡᠷ ᠲᠦ ᠳᠡᠯᠡᠬᠡᠢ ᠶᠢᠨ ᠬᠡᠲᠦ ᠶᠡᠬᠡ ᠭᠦᠷᠦᠨ ᠣᠷᠣᠯᠴᠠᠵᠤ ᠪᠠᠶᠢᠭ᠎ᠠ ᠶᠢᠨ ᠤᠯᠠᠮ ᠠᠴᠠ ᠮᠠᠰᠢ ᠶᠡᠬᠡ ᠪᠦᠲᠦᠴᠡᠵᠢᠭᠦᠯᠦᠭᠰᠡᠨ ᠰᠢᠢᠳᠪᠦᠷᠢ ᠭᠠᠷᠭᠠᠬᠤ ᠳᠢᠭᠯᠢᠮ ᠲᠣᠭᠲᠠᠭᠠᠬᠤ ᠱᠠᠭᠠᠷᠳᠠᠯᠭ᠎ᠠ ᠭᠠᠷᠤᠭᠰᠠᠨ ᠶᠤᠮ᠃ ᠭᠡᠬᠦ ᠳᠦ ᠪᠡᠨ ᠶᠠᠭᠠᠬᠢᠭᠠᠳ NAFTA ᠢ ᠪᠠᠶᠢᠭᠤᠭᠰᠠᠨ ᠶᠤᠮ ᠪᠤᠢ? ᠶᠠᠭᠤᠨ ᠤ ᠡᠮᠦᠨ᠎ᠡ ᠮᠧᠺᠰᠢᠻ᠂ ᠻᠠᠨᠠᠳ᠋ᠠ ᠬᠣᠶᠠᠷ ᠤᠯᠤᠰ ᠠᠮᠧᠷᠢᠻ ᠦᠨ ᠨᠢᠭᠡᠳᠦᠭᠰᠡᠨ ᠤᠯᠤᠰ ᠲᠠᠢ ᠤᠯᠠᠮ ᠣᠶᠢᠷ᠎ᠠ ᠬᠠᠷᠢᠯᠴᠠᠬᠤ ᠲᠤᠰᠤᠮ ᠲᠡᠭᠦᠨ ᠦ ᠤᠯᠤᠰ ᠲᠥᠷᠥ ᠶᠢᠨ ᠬᠢᠭᠡᠳ ᠰᠤᠶᠤᠯ ᠤᠨ ᠨᠥᠯᠥᠭᠡ ᠠᠰᠤᠷᠤ ᠶᠡᠬᠡ ᠨᠡᠮᠡᠭᠳᠡᠵᠦ ᠪᠠᠶᠢᠭ᠎ᠠ ᠶᠢ ᠣᠯᠵᠤ ᠬᠠᠷᠠᠭᠰᠠᠨ ᠪᠠᠶᠢᠨ᠎ᠠ᠃ ᠲᠡᠭᠦᠨ ᠦ ᠵᠡᠷᠭᠡᠴᠡᠭᠡ ᠠᠮᠧᠷᠢᠻ ᠦᠨ ᠨᠢᠭᠡᠳᠦᠭᠰᠡᠨ ᠤᠯᠤᠰ ᠤᠨ ᠬᠤᠳᠠᠯᠳᠤᠭ᠎ᠠ ᠪᠠᠨ ᠬᠠᠮᠠᠭᠠᠯᠠᠬᠤ ᠪᠣᠳᠣᠯᠭ᠎ᠠ ᠶᠢ ᠡᠰᠡᠷᠭᠦᠴᠡᠬᠦ ᠶᠢᠨ ᠲᠤᠯᠠ ᠬᠤᠳᠠᠯᠳᠤᠭᠠᠨ ᠤ ᠳᠦᠷᠢᠮ ᠵᠢᠷᠤᠮ ᠲᠣᠭᠲᠠᠭᠠᠬᠤ ᠨᠢ ᠠᠰᠢᠭᠲᠠᠢ ᠪᠠᠶᠢᠵᠤ ᠪᠣᠯᠤᠨ᠎ᠠ ᠭᠡᠬᠦ ᠨᠠᠶᠢᠳᠠᠯᠭ᠎ᠠ ᠲᠥᠷᠥᠭᠦᠯᠪᠡ᠃ ᠲᠡᠭᠡᠭᠡᠳ ᠬᠣᠶᠠᠷ ᠣᠷᠣᠨ ᠤ ᠬᠣᠭᠣᠷᠣᠨᠳᠣ ᠡᠳ᠋ ᠦᠨ ᠵᠠᠰᠠᠭ ᠤᠨ ᠵᠠᠰᠠᠭᠯᠠᠯ ᠤᠨ ᠶᠠᠮᠠᠷ ᠨᠢᠭᠡ ᠬᠡᠯᠪᠡᠷᠢ ᠪᠤᠢ ᠪᠣᠯᠭᠠᠬᠤ ᠵᠠᠮ ᠢᠶᠠᠷ ᠤᠯᠤᠰ ᠲᠥᠷᠥ ᠶᠢᠨ ᠨᠠᠶᠢᠳᠠᠪᠤᠷᠢ ᠪᠠᠨ ᠳᠡᠮᠵᠢᠵᠦ ᠪᠣᠯᠤᠨ᠎ᠠ ᠭᠡᠵᠦ ᠦᠵᠡᠵᠡᠢ᠃ ᠬᠠᠷᠢᠨ ᠠᠮᠧᠷᠢᠻ ᠦᠨ ᠨᠢᠭᠡᠳᠦᠭᠰᠡᠨ ᠤᠯᠤᠰ ᠢ ᠲᠤᠰ ᠭᠡᠷᠢᠶᠡᠨ ᠳᠦ ᠨᠢᠭᠡᠳᠦᠨ ᠣᠷᠣᠬᠤ ᠳᠤ ᠨᠢ ᠤᠤ ᠰᠡᠳᠦᠯᠵᠢᠭᠦᠯᠦᠭᠰᠡᠨ ᠪᠤᠢ? ᠭᠡᠳᠡᠭ ᠠᠰᠠᠭᠤᠯᠲᠠ ᠭᠠᠷᠤᠨ᠎ᠠ ᠪᠢᠵᠡ. ᠬᠡᠲᠦ ᠶᠡᠬᠡ ᠭᠦᠷᠦᠨ ᠦ ᠬᠤᠪᠢ ᠳᠤ ᠲᠣᠭᠯᠠᠭᠠᠮ ᠤᠨ ᠳᠦᠷᠢᠮ ᠢ ᠢᠮᠠᠭᠲᠠ ᠥᠪᠡᠷ ᠦᠨ ᠲᠠᠯ᠎ᠠ ᠳᠤ ᠨᠠᠭᠠᠰᠢᠲᠠᠢ ᠪᠠᠷ ᠲᠣᠭᠲᠠᠭᠠᠵᠤ ᠴᠢᠳᠠᠨ᠎ᠠ ᠭᠡᠵᠦ ᠨᠠᠶᠢᠳᠠᠭᠰᠠᠨ ᠪᠠᠶᠢᠨ᠎ᠠ᠃ ᠲᠡᠭᠡᠭᠡᠳ ᠴᠤ ᠶᠡᠷᠦᠩᠬᠡᠶᠢᠯᠡᠭᠴᠢ ᠷᠧᠢᠭᠠᠨ ᠤ ᠦᠶ᠎ᠡ ᠪᠡᠨ ᠡᠴᠡ ᠪᠥᠰᠡ ᠨᠤᠲᠤᠭ ᠤᠨ ᠴᠢᠯᠦᠭᠡᠲᠦ ᠬᠤᠳᠠᠯᠳᠤᠭᠠᠨ ᠤ ᠭᠡᠷᠢᠶᠡᠨ ᠳᠦ ᠠᠩᠬᠠᠷᠤᠯ ᠢᠶᠠᠨ ᠬᠠᠩᠳᠠᠭᠤᠯᠬᠤ ᠪᠣᠯᠤᠭᠰᠠᠨ ᠤ ᠣᠷᠭᠢᠯ ᠦᠶ᠎ᠡ ᠡᠭᠦᠨ ᠲᠡᠢ ᠳᠠᠪᠬᠤᠴᠠᠭᠰᠠᠨ ᠶᠤᠮ. NAFTA ᠵᠠᠷᠢᠮ ᠲᠠᠯ᠎ᠠ ᠪᠠᠷ ᠦᠷ᠎ᠡ ᠳᠦᠩ ᠳᠦ ᠬᠦᠷᠦᠭᠰᠡᠨ ᠪᠥᠭᠡᠳ ᠺᠠᠨ ᠳᠤ ᠮᠧᠺᠰᠢᠻ ᠦᠨ ᠬᠤᠳᠠᠯᠳᠤᠭᠠᠨ ᠤ ᠡᠷᠭᠢᠯᠲᠡ ᠬᠡᠳᠦ ᠳᠠᠬᠢᠨ ᠨᠡᠮᠡᠭᠳᠡᠭᠰᠡᠨ ᠴᠤ ᠲᠡᠳᠡ ᠠᠮᠧᠷᠢᠻ ᠦᠨ ᠨᠢᠭᠡᠳᠦᠭᠰᠡᠨ ᠤᠯᠤᠰ ᠢ ᠪᠣᠳᠣᠪᠠᠯ ᠬᠡᠮᠵᠢᠶ᠎ᠡ ᠪᠡᠷ ᠢᠶᠡᠨ ᠪᠠᠭ᠎ᠠ ᠬᠡᠪ ᠢᠶᠡᠷ ᠦᠯᠡᠳᠡᠭᠰᠡᠨ ᠪᠣᠯ ᠡᠨᠡ ᠬᠣᠶᠠᠷ ᠤᠯᠤᠰ ᠤᠨ ᠶᠡᠬᠡᠩᠬᠢ ᠦᠢᠯᠡᠳᠪᠦᠷᠢ ᠠᠮᠧᠷᠢᠻ ᠦᠨ ᠨᠢᠭᠡᠳᠦᠭᠰᠡᠨ ᠤᠯᠤᠰ ᠲᠤ ᠪᠠᠶᠢᠰᠢᠬᠤ ᠪᠣᠯᠤᠭᠰᠠᠨ ᠢᠶᠠᠷ ᠵᠥᠪᠬᠡᠨ ᠲᠡᠳᠡᠨ ᠦ ᠰᠠᠯᠪᠠᠷ ᠤᠳ ᠲᠤᠰ ᠤᠯᠤᠰ ᠤᠳ ᠲᠤ ᠠᠵᠢᠯᠯᠠᠳᠠᠭ ᠪᠣᠯᠵᠠᠢ᠃ ᠡᠭᠦᠨ ᠦ ᠵᠡᠷᠭᠡᠴᠡᠭᠡ ᠲᠤᠰ ᠤᠯᠤᠰ ᠤᠳ ᠲᠤ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠶᠢ ᠤᠯᠤᠰ ᠤᠨ ᠥᠮᠴᠢ ᠪᠣᠯᠭᠠᠬᠤ ᠶᠢ ᠬᠣᠷᠢᠭᠯᠠᠵᠤ᠂ ᠦᠨᠳᠦᠰᠦᠲᠡᠨ ᠳᠠᠮᠨᠠᠭᠰᠠᠨ ᠻᠣᠷᠫᠣᠷᠠᠼᠢ ᠨᠤᠭᠤᠳ ᠮᠠᠷᠭᠤᠭᠠᠨ ᠢᠶᠠᠨ ᠰᠢᠭᠦᠬᠦ ᠪᠡᠷ ᠰᠢᠢᠳᠪᠦᠷᠢᠯᠡᠭᠦᠯᠬᠦ ᠳᠦ ᠪᠡᠨ ᠦᠨᠳᠦᠰᠦᠨ ᠦ ᠰᠢᠭᠦᠬᠦ ᠶᠢ ᠠᠯᠭᠠᠰᠠᠴᠢ ᠣᠯᠠᠨ ᠤᠯᠤᠰ ᠤᠨ ᠰᠢᠭᠦᠬᠦ ᠪᠡᠷ ᠰᠢᠢᠳᠪᠦᠷᠢᠯᠡᠭᠦᠯᠳᠡᠭ ᠪᠣᠯᠪᠠ᠃ ᠲᠧᠷᠷᠣᠷᠢᠰᠲ ᠤᠳ 2001 ᠣᠨ ᠳᠤ ᠨᠶᠦ ᠶᠣᠷᠻ ᠲᠦ ᠬᠠᠯᠳᠠᠰᠤᠨ ᠠᠴᠠ ᠬᠣᠶᠢᠰᠢ ᠲᠤᠰ ᠤᠯᠤᠰ ᠤᠳ ᠤᠨ ᠢᠷᠭᠡᠳ ᠠᠮᠧᠷᠢᠻ ᠦᠨ ᠨᠢᠭᠡᠳᠦᠭᠰᠡᠨ ᠤᠯᠤᠰ ᠤᠨ ᠬᠢᠯᠢ ᠳᠠᠪᠠᠬᠤ ᠳᠤ ᠶᠡᠬᠡᠬᠡᠨ ᠪᠡᠷᠬᠡᠰᠢᠶᠡᠯ ᠡᠭᠦᠰᠰᠪᠡ᠃ ᠣᠳᠣ ᠤᠯᠠᠮ ᠬᠤᠷᠴᠠᠳᠠᠬᠤ ᠰᠢᠨᠵᠢᠲᠵᠢ ᠪᠣᠯᠵᠤ ᠠᠮᠧᠷᠢᠻ ᠦᠨ ᠨᠢᠭᠡᠳᠦᠭᠰᠡᠨ ᠤᠯᠤᠰ ᠮᠧᠺᠰᠢᠻ ᠦᠨ ᠬᠢᠯᠢ ᠳᠠᠭᠠᠤ ᠬᠠᠨ᠎ᠠ ᠪᠣᠰᠬᠠᠵᠤ᠂ ᠲᠤᠰ ᠭᠡᠷᠢᠶᠡᠨ ᠡᠴᠡ ᠭᠠᠷᠬᠤ ᠲᠤᠬᠠᠢ ᠶᠠᠷᠢᠵᠤ ᠪᠠᠶᠢᠨ᠎ᠠ᠃