"Үелэх систем"-ны өөр хувилбарууд

Wikibilig-с
Tags: Mobile edit Mobile web edit
(Layout)
22-р мөр: 22-р мөр:

!{{Horizontal}}1{{Z}}
!{{Horizontal}}1{{Z}}
!{{Horizontal}}
''''''1

ᠤᠠᠰᠤ
ᠲᠥᠷᠦᠭᠴᠢ

1 H 1s1 1.008

'''{{Mongolian}}
{{Horizontal}}H
{{Mongolian}}

ᠤᠰᠤ
ᠲᠥᠷᠦᠭᠴᠢ
{{Z}}'''

1s1{{Mongolian}}
{{Z}}1.008

!{{Horizontal}}LI{{Z}}
!{{Horizontal}}LI{{Z}}
!{{Horizontal}}Na{{Z}}
!{{Horizontal}}Na{{Z}}
246-р мөр: 243-р мөр:

!{{Horizontal}}18{{Z}}
!{{Horizontal}}18{{Z}}
!{{Horizontal}}
''''''2

ᠾᠧᠯᠢ

2 He 1s1 1.008

'''{{Mongolian}}
{{Horizontal}}He
{{Mongolian}}

ᠾᠧᠯᠢ
{{Z}}'''

1s1{{Mongolian}}
{{Z}}1.008

!{{Horizontal}}Ne{{Z}}
!{{Horizontal}}Ne{{Z}}
!{{Horizontal}}Ar{{Z}}
!{{Horizontal}}Ar{{Z}}

17:45, 21 Хоёрдугаар сар 2021-ий байдлаарх засвар

ᠦᠶᠡᠯᠡᠬᠦ ᠰᠢᠰᠲ᠋ᠧᠮ

ᠦᠶᠡᠯᠡᠬᠦ ᠬᠠᠤᠯᠢ ᠨᠢ ᠪᠠᠢᠢᠭᠠᠯᠢ ᠶᠢᠷᠲᠢᠨᠴᠦ ᠢᠢᠨ ᠤᠯᠠᠮ ᠪᠦᠷ ᠨᠠᠷᠢᠨ ᠲᠣᠳᠣᠷᠬᠠᠢ ᠭᠦᠨᠵᠡᠭᠡᠢ ᠲᠠᠨᠢᠨ ᠮᠡᠳᠡᠬᠦ ᠪᠣᠯᠤᠭᠰᠠᠨ ᠢᠶᠠᠷ ᠳᠠᠷᠠᠭᠠᠬᠢ ᠪᠠᠢᠢᠳᠠᠯ ᠢᠶᠠᠷ ᠲᠣᠳᠣᠷᠬᠠᠢᠢᠯᠠᠭᠳᠠᠬᠤ ᠪᠣᠯᠤᠭᠰᠠᠨ᠃ ᠬᠢᠮᠢ ᠢᠢᠨ ᠡᠯᠧᠮᠧᠨᠲ ᠦᠨ ᠰᠢᠨᠵᠢ ᠴᠢᠨᠠᠷ ᠨᠢ ᠲᠡᠭᠦᠨ ᠦ ᠠᠲ᠋ᠣᠮ ᠤᠨ ᠴᠥᠮ᠎ᠡ ᠢᠢᠨ ᠴᠡᠨᠡᠭ ᠲᠡᠢ ᠦᠶᠡᠴᠢᠯᠡᠭᠰᠡᠨ ᠬᠠᠮᠢᠶᠠᠷᠤᠯ ᠲᠠᠢ ᠪᠠᠢᠢᠨ᠎ᠠ》 ᠡᠨᠡ ᠨᠢ ᠶᠠᠭᠤᠨ ᠤ ᠡᠮᠦᠨ᠎ᠡ ᠡᠯᠧᠮᠧᠨᠲ ᠦᠨ ᠠᠲ᠋ᠣᠮ ᠤᠨ ᠳᠣᠲᠣᠷᠠᠬᠢ ᠡᠯᠧᠺᠲ᠋ᠷᠣᠨ ᠤ ᠲᠣᠭ᠎ᠠ ᠢᠢ ᠢᠯᠡᠳᠬᠡᠭᠴᠢ ᠴᠥᠮ᠎ᠡ ᠢᠢᠨ ᠨᠡᠮᠡᠬᠦ ᠴᠡᠨᠡᠭ ᠦᠨ ᠲᠣᠭ᠎ᠠ ᠦᠶᠡᠯᠡᠬᠦ ᠰᠢᠰᠲ᠋ᠧᠮ ᠳ᠋ᠡᠬᠢ ᠠᠲ᠋ᠣᠮ ᠤᠨ ᠳᠡᠰ ᠳ᠋ᠤᠭᠠᠷ ᠤᠨ ᠲᠣᠭ᠎ᠠ ᠪᠤᠶᠤ ᠠᠲ᠋ᠣᠮ ᠤᠨ ᠲᠣᠭ᠎ᠠ ᠲᠠᠢ ᠤᠳᠬ᠎ᠠ ᠲᠣᠬᠢᠷᠠᠵᠤ ᠪᠣᠯᠬᠤ ᠢᠢ ᠲᠣᠭᠲᠠᠭᠠᠭᠰᠠᠨ.ᠦᠶᠡᠯᠡᠬᠦ ᠬᠠᠤᠯᠢ ᠢᠢᠨ ᠮᠥᠨ ᠴᠢᠨᠠᠷ ᠨᠢ ᠠᠲ᠋ᠣᠮ ᠪᠣᠯ ᠥᠪᠡᠷ ᠬᠣᠭᠣᠷᠣᠨᠳᠣ ᠪᠠᠨ ᠦᠢᠯᠡᠴᠢᠯᠡᠭᠴᠢ ᠴᠠᠬᠢᠯᠭᠠᠨ ᠴᠡᠨᠡᠭ ᠦᠳ ᠪᠤᠶᠤ ᠡᠶᠡᠷᠭᠦ ᠪᠡᠷ ᠴᠡᠨᠡᠭᠯᠡᠭᠳᠡᠭᠰᠡᠨ ᠴᠥᠮ ᠲᠡᠭᠦᠨ ᠢ ᠲᠣᠭᠣᠷᠢᠨ ᠡᠷᠭᠢᠭᠴᠢ ᠰᠥᠷᠭᠦ ᠴᠡᠨᠡᠭ ᠲᠡᠢ ᠡᠯᠧᠺᠲ᠋ᠷᠣᠨ ᠨᠤᠭᠤᠳ ᠤᠨ ᠬᠠᠷᠢᠯᠴᠠᠨ ᠦᠢᠯᠡᠴᠢᠯᠡᠯ ᠦᠨ ᠪᠦᠬᠦᠯᠢ ᠪᠦᠲᠦᠨ ᠲᠣᠭᠲᠠᠯᠴᠠᠭ᠎ᠠ ᠭᠡᠳᠡᠭ ᠢ ᠬᠠᠷᠠᠭᠤᠯᠵᠤ ᠪᠠᠢᠢᠨ᠎ᠠ.ᠪᠠᠢᠢᠭᠠᠯᠢ ᠳᠤ ᠶᠠᠪᠤᠭᠳᠠᠵᠤ ᠪᠤᠢ ᠬᠢᠮᠢ ᠢᠢᠨ ᠶᠡᠬᠡᠩᠬᠢ ᠤᠷᠪᠠᠯ ᠨᠢ ᠠᠲ᠋ᠣᠮ ᠤᠨ ᠴᠥᠮ᠎ᠡ ᠡᠴᠡ ᠬᠠᠷᠢᠴᠠᠩᠭᠤᠢ ᠪᠠᠷ ᠠᠯᠤᠰᠯᠠᠭᠳᠠᠨ ᠭᠠᠳᠠᠭᠠᠳᠤ ᠬᠦᠷᠢᠶᠡᠯᠡᠯ ᠦᠨ ᠡᠯᠧᠺᠲ᠋ᠷᠣᠨ ᠤ ᠬᠠᠷᠢᠯᠴᠠᠨ ᠦᠢᠯᠡᠴᠢᠯᠡᠯ ᠦᠨ ᠦᠷ᠎ᠡ ᠳᠦᠩ ᠶᠤᠮ᠃ ᠠᠲ᠋ᠣᠮ ᠤᠨ ᠪᠦᠷᠢᠳᠦᠯ ᠬᠡᠰᠡᠭ ᠪᠣᠯᠬᠤ ᠡᠯᠧᠺᠲ᠋ᠷᠣᠨ ᠨᠢ ᠵᠥᠪᠬᠡᠨ ᠰᠥᠷᠭᠦ ᠴᠡᠨᠡᠭ ᠲᠡᠢ ᠮᠠᠲ᠋ᠧᠷᠢᠶᠠᠯᠯᠢᠭ ᠪᠡᠶ᠎ᠡ ᠪᠣᠯᠬᠤ ᠢᠢᠨ ᠵᠡᠷᠭᠡᠴᠡᠭᠡ ᠳᠣᠯᠭᠢᠶᠠᠨᠯᠢᠭ ᠰᠢᠨᠵᠢ ᠲᠡᠢ᠃ ᠠᠲ᠋ᠣᠮ ᠤᠨ ᠡᠯᠧᠺᠲ᠋ᠷᠣᠨ ᠳᠤ ᠪᠦᠷᠬᠦᠭᠦᠯ ᠳᠦ ᠪᠠᠢᠢᠭ᠎ᠠ ᠡᠯᠧᠺᠲ᠋ᠷᠣᠨ ᠤ ᠲᠣᠭ᠎ᠠ ᠠᠭᠤᠯᠠ ᠠᠲ᠋ᠣᠮ ᠤᠨ ᠴᠥᠮ᠎ᠡ ᠢᠢᠨ ᠡᠶᠡᠷᠡᠭ ᠴᠡᠨᠡᠭ ᠦᠨ ᠲᠣᠭ᠎ᠠ ᠲᠠᠢ ᠲᠡᠩᠴᠡᠭᠦᠦ ᠪᠠᠢᠢᠬᠤ ᠠᠴᠠ ᠭᠠᠳᠠᠨ᠎ᠠ ᠪᠦᠷᠬᠦᠭᠦᠯ ᠲᠤᠰ ᠪᠦᠷᠢ ᠳᠦ ᠠᠭᠤᠯᠠ ᠡᠯᠧᠮᠧᠨᠲ ᠦᠨ ᠤᠷᠤᠰᠢᠬᠤ ᠦᠶ᠎ᠡ ᠢᠢᠨ ᠲᠣᠭ᠎ᠠ ᠲᠠᠢ ᠵᠣᠬᠢᠯᠳᠤᠭᠰᠠᠨ ᠡᠨᠧᠷᠭᠢ ᠢᠢᠨ ᠲᠦᠪᠰᠢᠨ ᠠᠭᠤᠯᠤᠭᠳᠠᠨ᠎ᠠ᠃ ᠨᠢᠭᠡ ᠪᠦᠯᠦᠭ ᠲᠦ ᠣᠷᠣᠰᠢᠳᠠᠭ ᠡᠯᠧᠮᠧᠨᠲ ᠦᠳ ᠦᠨ ᠰᠢᠨᠵᠢ ᠴᠢᠨᠠᠷ ᠲᠥᠰᠥᠭᠡᠲᠡᠢ ᠪᠠᠢᠢᠳᠠᠭ ᠨᠢ ᠲᠡᠳᠡᠭᠡᠷ ᠦᠨ ᠡᠯᠧᠺᠲ᠋ᠷᠣᠨ ᠳᠤ ᠪᠦᠷᠬᠦᠭᠦᠯ ᠲᠥᠰᠲᠡᠢ ᠪᠠᠢᠢᠳᠠᠭ ᠢᠶᠠᠷ ᠲᠠᠢᠢᠯᠪᠤᠷᠢᠯᠠᠭᠳᠠᠨ᠎ᠠ᠃ ᠠᠲ᠋ᠣᠮ ᠳᠠᠬᠤ ᠡᠨᠧᠷᠭᠢ ᠢᠢᠨ ᠬᠡᠮᠵᠢᠶ᠎ᠡ ᠢᠢ ᠢᠯᠡᠷᠬᠡᠢᠢᠯᠡᠵᠦ ᠪᠤᠢ ᠲᠣᠭ᠎ᠠ ᠨᠢ ᠡᠯᠧᠺᠲ᠋ᠷᠣᠨ ᠪᠦᠷᠬᠦᠭᠦᠯ ᠦᠨ ᠴᠢᠬᠤᠯᠠ ᠦᠵᠡᠭᠦᠯᠦᠯᠲᠡ ᠪᠥᠭᠡᠳ ᠡᠭᠦᠨ ᠢ ᠭᠣᠣᠯ ᠺᠸᠠᠨᠲ ᠤᠨ ᠲᠣᠭ᠎ᠠ ᠭᠡᠨ᠎ᠡ᠃ ᠭᠠᠳᠠᠨ ᠤ ᠨᠥᠯᠥᠭᠡᠯᠡᠯ ᠳᠦ ᠥᠷᠲᠥᠭᠡ ᠦᠭᠡᠢ ᠠᠲ᠋ᠣᠮ ᠤᠨ ᠡᠯᠧᠺᠲ᠋ᠷᠣᠨ ᠨᠢ ᠶᠡᠷᠦᠳᠡ ᠢᠢᠨ ᠪᠤᠶᠤ ᠦᠨᠳᠦᠰᠦᠨ ᠲᠥᠯᠥᠪ ᠲᠦ ᠪᠠᠢᠢᠨ᠎ᠠ.ᠬᠠᠷᠢᠨ ᠠᠲ᠋ᠣᠮ ᠡᠳᠦᠭᠡᠭᠳᠡᠬᠦ ᠳᠦ ᠡᠯᠧᠺᠲ᠋ᠷᠣᠨ ᠡᠨᠧᠷᠭᠢ ᠢᠢᠨ ᠺᠸᠠᠨᠲ ᠰᠢᠩᠭᠡᠭᠡᠵᠦ᠂ ᠡᠨᠧᠷᠭᠢ ᠢᠢᠨ ᠬᠤᠪᠢ ᠳᠤ ᠢᠯᠡᠭᠦᠦ ᠲᠥᠯᠥᠪ ᠪᠠᠢᠢᠳᠠᠯ ᠳᠤ ᠰᠢᠯᠵᠢᠭᠰᠡᠨ ᠢᠶᠡᠷ ᠡᠯᠧᠺᠲ᠋ᠷᠣᠨ ᠪᠦᠷᠬᠦᠭᠦᠯ ᠦᠨ ᠬᠡᠮᠵᠢᠶ᠎ᠡ᠂ ᠬᠡᠯᠪᠡᠷᠢ ᠲᠣᠳᠣᠷᠬᠠᠢ ᠪᠠᠷ ᠥᠭᠡᠷᠡᠴᠢᠯᠡᠭᠳᠡᠨ᠎ᠡ.ᠠᠲ᠋ᠣᠮ ᠡᠳᠦᠭᠡᠭᠳᠡᠭᠰᠡᠨ ᠲᠥᠯᠥᠪ ᠡᠴᠡ ᠪᠡᠨ ᠶᠡᠷᠦᠳᠡ ᠢᠢᠨ ᠲᠥᠯᠥᠪ ᠲᠦ ᠡᠷᠭᠢᠨ ᠣᠷᠣᠬᠤ ᠳᠤ ᠡᠯᠧᠺᠲ᠋ᠷᠣᠨ ᠲᠡᠭᠦᠨ ᠳᠦ ᠬᠣᠯᠪᠣᠭᠳᠠᠬᠤ ᠡᠨᠧᠷᠭᠢ ᠢᠢᠨ ᠺᠸᠠᠨᠲ ᠢ ᠴᠠᠴᠠᠷᠭᠠᠨ᠎ᠠ᠃ ᠴᠣᠴᠢᠷᠤᠭᠰᠠᠨ ᠠᠲ᠋ᠣᠮ ᠠᠴᠠ ᠲᠣᠳᠣᠷᠬᠠᠢ ᠳᠠᠪᠲᠠᠮᠵᠢ᠂ ᠳᠣᠯᠭᠢᠶᠠᠨ ᠤ ᠤᠷᠲᠤ ᠪᠦᠬᠦᠢ ᠲᠤᠶᠠᠭ᠎ᠠ ᠬᠡᠯᠪᠡᠷᠢ ᠪᠡᠷ ᠡᠨᠧᠷᠭᠢ ᠢᠢᠨ ᠺᠸᠠᠨᠲ ᠰᠠᠴᠤᠷᠠᠬᠤ ᠳᠤ ᠦᠨᠳᠦᠰᠦᠯᠡᠨ ᠰᠫᠧᠺᠲ᠋ᠷ ᠰᠤᠳᠤᠯᠭᠠᠨ ᠤ ᠠᠵᠢᠯ ᠢ ᠶᠠᠪᠤᠭᠤᠯᠳᠠᠭ᠃ ᠠᠲ᠋ᠣᠮ ᠠᠴᠠ ᠰᠠᠴᠤᠷᠠᠬᠤ ᠲᠤᠶᠠᠭ᠎ᠠ ᠨᠢ ᠰᠫᠧᠺᠲ᠋ᠷ ᠲᠤ ᠲᠣᠳᠣᠷᠬᠠᠢ ᠪᠠᠢᠢᠷᠢᠯᠠᠭᠰᠠᠨ ᠱᠤᠭᠤᠮ ᠤᠳ ᠢ ᠡᠭᠦᠰᠬᠡᠳᠡᠭ᠃ ᠠᠲ᠋ᠣᠮ ᠤᠨ ᠨᠢᠭᠡ ᠭᠣᠣᠯ ᠰᠢᠨᠵᠢ ᠴᠢᠨᠠᠷ ᠪᠣᠯ ᠲᠡᠭᠦᠨ ᠦ ᠴᠥᠮ᠎ᠡ ᠢᠢᠨ ᠴᠡᠨᠡᠭ ᠪᠥᠭᠡᠳ ᠡᠨᠡ ᠨᠢ ᠲᠤᠬᠠᠢ ᠢᠢᠨ ᠡᠯᠧᠮᠧᠨᠲ ᠦᠨ ᠦᠶᠡᠯᠡᠬᠦ ᠰᠢᠰᠲ᠋ᠧᠮ ᠳᠦ ᠡᠵᠡᠯᠡᠬᠦ ᠪᠠᠢᠢᠷᠢ᠂ ᠡᠯᠧᠺᠲ᠋ᠷᠣᠨ ᠤ ᠲᠣᠭ᠎ᠠ᠂ ᠲᠡᠳᠡᠭᠡᠷ ᠦᠨ ᠵᠡᠷᠭᠡ ᠢᠢ ᠲᠣᠳᠣᠷᠬᠠᠢᠢᠯᠠᠵᠤ ᠥᠭᠳᠡᠭ᠃ ᠰᠢᠨᠵᠢ ᠴᠢᠨᠠᠷ ᠨᠢ ᠳᠡᠰ ᠳᠠᠷᠠᠭᠠᠯᠠᠨ ᠥᠭᠡᠷᠡᠴᠢᠯᠡᠭᠳᠡᠵᠦ ᠪᠠᠢᠢᠭ᠎ᠠ ᠡᠯᠧᠮᠧᠨᠲ ᠦᠳ ᠢ ᠴᠥᠮ᠎ᠡ ᠢᠢᠨ ᠴᠡᠨᠡᠭ ᠦᠨ ᠶᠡᠬᠡᠰᠬᠦ ᠳᠠᠷᠠᠭᠠᠯᠠᠯ ᠢᠶᠠᠷ ᠡᠩᠨᠡᠭᠦᠯᠵᠦ ᠨᠢᠭᠡ ᠡᠩᠨᠡᠭᠡ ᠪᠣᠯᠭᠠᠭᠠᠳ ᠲᠡᠳᠡᠭᠡᠷ ᠦᠨ ᠳᠣᠣᠷ᠎ᠠ ᠰᠢᠨᠵᠢ ᠴᠢᠨᠠᠷ ᠢᠶᠠᠷ ᠢᠶᠠᠨ ᠲᠥᠰᠲᠡᠢ ᠡᠯᠧᠮᠧᠨᠲ ᠦᠳ ᠢ ᠴᠢᠭᠢ ᠴᠢᠭ ᠲᠦ ᠪᠠᠢᠢᠷᠢᠯᠠᠭᠤᠯᠤᠨ ᠬᠣᠶᠠᠷ ᠳᠠᠬᠤ ᠭᠤᠷᠪᠠ ᠳᠠᠬᠤ ᠭᠡᠬᠦ ᠮᠡᠲᠦᠴᠢᠯᠠᠨ ᠵᠡᠷᠭᠡᠴᠡᠭᠦᠯᠦᠨ ᠪᠢᠴᠢᠬᠦ ᠳᠦ ᠪᠡᠶ᠎ᠡ ᠪᠡᠶᠡᠰ ᠬᠠᠮᠢᠶᠠᠷᠤᠭᠰᠠᠨ ᠲᠣᠳᠣᠷᠬᠠᠢ ᠦᠶᠡᠯᠡᠬᠦ ᠲᠣᠭᠲᠠᠯᠴᠠᠭ᠎ᠠ ᠪᠦᠬᠦᠢ ᠬᠦᠰᠦᠨᠦᠭᠲᠦ ᠡᠭᠦᠰᠬᠦ ᠪᠥᠭᠡᠳ ᠡᠭᠦᠨ ᠢ ᠦᠶᠡᠯᠡᠬᠦ ᠰᠢᠰᠲ᠋ᠧᠮ ᠭᠡᠨ᠎ᠡ.ᠲᠤᠬᠠᠢ ᠢᠢᠨ ᠡᠯᠧᠮᠧᠨᠲ ᠦᠨ ᠦᠶᠡᠯᠡᠬᠦ ᠰᠢᠰᠲ᠋ᠧᠮ ᠳᠦ ᠣᠷᠣᠰᠢᠵᠤ ᠪᠠᠢᠢᠭ᠎ᠠ ᠦᠶ᠎ᠡ ᠢᠢᠨ ᠳᠤᠭ ᠢᠶᠠᠷ ᠨᠢ ᠲᠡᠭᠦᠨ ᠦ ᠠᠲ᠋ᠣᠮ ᠤᠨ ᠡᠨᠧᠷᠭᠢ ᠢᠢᠨ ᠲᠦᠪᠰᠢᠩ ᠦᠨ ᠲᠣᠭ᠎ᠠ ᠲᠠᠢ ᠲᠡᠩᠴᠡᠭᠦᠦ᠃ ᠡᠯᠧᠮᠧᠨᠲ ᠦᠨ ᠠᠲ᠋ᠣᠮ ᠤᠨ ᠣᠷᠪᠢᠲᠠᠯᠢ ᠨᠤᠭᠤᠳ ᠤᠨ ᠡᠯᠧᠺᠲ᠋ᠷᠣᠨ ᠢᠶᠠᠷ ᠬᠡᠷᠬᠢᠨ ᠳᠦᠭᠦᠷᠭᠡᠭᠳᠡᠵᠦ ᠪᠠᠢᠢᠭ᠎ᠠ ᠪᠠᠢᠢᠳᠠᠯ ᠠᠴᠠ S᠂ P᠂ D᠂ F ᠍ ᠡᠯᠧᠮᠧᠨᠲ ᠭᠡᠵᠦ ᠠᠩᠭᠢᠯᠠᠨ᠎ᠠ᠃ ᠡᠯᠧᠺᠲ᠋ᠷᠣᠨ ᠤ ᠭᠠᠳᠠᠭᠠᠳᠤ ᠳᠠᠪᠬᠤᠷᠠᠨ ᠤ S- ᠣᠷᠪᠢᠲᠠᠯ ᠡᠯᠧᠺᠲ᠋ᠷᠣᠨ ᠢᠶᠠᠷ ᠪᠥᠭᠯᠡᠭᠳᠡᠵᠦ ᠪᠠᠢᠢᠭ᠎ᠠ ᠡᠯᠧᠮᠧᠨᠲ ᠦᠳ ᠢ S- ᠡᠯᠧᠮᠧᠨᠲ ᠭᠡᠨ᠎ᠡ᠃ ᠡᠯᠧᠺᠲ᠋ᠷᠣᠨ ᠤ ᠭᠠᠳᠠᠨᠠᠬᠢ ᠳᠠᠪᠬᠤᠷᠠᠨ ᠤ P- ᠣᠷᠪᠢᠲᠠᠯ ᠡᠯᠧᠺᠲ᠋ᠷᠣᠨ ᠢᠶᠠᠷ ᠪᠥᠭᠯᠡᠭᠳᠡᠵᠦ ᠪᠠᠢᠢᠪᠠᠯ P- ᠡᠯᠧᠮᠧᠨᠲ ᠭᠡᠨ᠎ᠡ᠃ ᠡᠯᠧᠺᠲ᠋ᠷᠣᠨ ᠤ ᠭᠠᠳᠠᠭᠠᠳᠤ ᠳᠠᠪᠬᠤᠷᠠᠭᠠᠨ ᠳᠤ ᠪᠠᠨ ᠭᠣᠣᠯ ᠲᠥᠯᠥᠪ 2 ᠡᠯᠧᠺᠲ᠋ᠷᠣᠨ ᠲᠠᠢ᠂ ᠭᠠᠳᠠᠨ᠎ᠠ ᠠᠴᠠ ᠪᠠᠨ 2 ᠳᠠᠬᠤ ᠲᠥᠪᠰᠢᠩ ᠦᠨ d ᠍ ᠲᠥᠪᠰᠢᠨ 1-10 ᠬᠦᠷᠲᠡᠯ᠎ᠡ ᠡᠯᠧᠺᠲ᠋ᠷᠣᠨ ᠢᠶᠠᠷ ᠪᠥᠭᠯᠡᠭᠳᠡᠵᠦ ᠪᠠᠢᠢᠭ᠎ᠠ ᠡᠯᠧᠮᠧᠨᠲ ᠦᠳ ᠢ d ᠍ ᠡᠯᠧᠮᠧᠨᠲ ᠭᠡᠨ᠎ᠡ᠃ ᠠᠲ᠋ᠣᠮ ᠢ ᠡᠯᠧᠺᠲ᠋ᠷᠣᠨ ᠪᠦᠷᠬᠦᠭᠦᠯ ᠦᠨ ᠪᠦᠲᠦᠴᠡ ᠪᠡᠷ ᠠᠪᠴᠤ ᠦᠵᠡᠪᠡᠯ᠄ ᠨᠢᠭᠡ ᠳᠡᠳ᠋ ᠪᠦᠯᠦᠭ ᠲᠦ ᠣᠷᠣᠰᠢᠵᠤ ᠪᠠᠢᠢᠭ᠎ᠠ ᠡᠯᠧᠮᠧᠨᠲ ᠦᠳ ᠢᠵᠢᠯ ᠡᠯᠧᠺᠲ᠋ᠷᠣᠨ ᠪᠦᠷᠬᠦᠭᠦᠯ ᠦᠨ ᠪᠦᠲᠦᠴᠡ ᠲᠡᠢ ᠪᠠᠢᠢᠭ᠎ᠠ ᠨᠢ ᠲᠡᠳᠡᠭᠡᠷ ᠦᠨ ᠨᠢᠭᠡᠳᠦᠯ ᠦᠨ ᠰᠢᠨᠵᠢ ᠴᠢᠨᠠᠷ ᠠᠳᠠᠯᠢ ᠲᠥᠰᠲᠡᠢ ᠪᠠᠢᠢᠳᠠᠭ ᠢ ᠲᠠᠢᠢᠯᠪᠤᠷᠢᠯᠠᠬᠤ ᠪᠣᠯᠤᠯᠴᠠᠭ᠎ᠠ ᠢᠢ ᠥᠭᠳᠡᠭ.ᠡᠢᠢᠮᠦ ᠤᠴᠢᠷ ᠠᠴᠠ ᠬᠢᠮᠢ ᠢᠢᠨ ᠡᠯᠧᠮᠧᠨᠲ ᠦᠳ ᠲᠡᠳᠡᠭᠡᠷ ᠦᠨ ᠨᠢᠭᠡᠳᠦᠯ ᠦᠨ ᠰᠢᠨᠵᠢ ᠴᠢᠨᠠᠷ ᠦᠶᠡᠯᠡᠨ ᠳᠠᠪᠲᠠᠭᠳᠠᠬᠤ ᠬᠠᠮᠢᠶᠠᠷᠤᠯ ᠲᠠᠢ ᠲᠡᠳᠦᠢ ᠦᠭᠡᠢ ᠡᠯᠧᠮᠧᠨᠲ ᠦᠳ ᠦᠨ ᠠᠲ᠋ᠣᠮ ᠤᠨ ᠡᠯᠧᠺᠲ᠋ᠷᠣᠨ ᠪᠦᠷᠬᠦᠭᠦᠯ ᠦᠨ ᠪᠦᠲᠦᠴᠡ ᠴᠤ ᠦᠶᠡᠯᠡᠨ ᠳᠠᠪᠲᠠᠭᠳᠠᠬᠤ ᠵᠦᠢ ᠲᠣᠭᠲᠠᠯ ᠲᠠᠢ ᠪᠠᠢᠢᠳᠠᠭ ᠪᠠᠢᠢᠨ᠎ᠠ.ᠡᠢᠢᠮᠦ ᠪᠠᠢᠢᠳᠠᠯ ᠢᠶᠠᠷ ᠡᠯᠧᠮᠧᠨᠲ ᠦᠳ ᠦᠨ ᠦᠶᠡᠯᠡᠬᠦ ᠰᠢᠰᠲ᠋ᠧᠮ ᠨᠢ ᠠᠲ᠋ᠣᠮ ᠤᠨ ᠪᠦᠲᠦᠴᠡᠲᠡᠢ ᠪᠡᠨ ᠨᠠᠷᠢᠨ ᠬᠣᠯᠪᠣᠭ᠎ᠠ ᠲᠠᠢ᠃ · ᠦᠶᠡᠯᠡᠬᠦ ᠬᠠᠤᠯᠢ ᠢᠢ ᠨᠡᠭᠡᠭᠡᠭᠰᠡᠨ ᠨᠢ ᠪᠠᠢᠢᠭᠠᠯ ᠤᠨ ᠶᠠᠭᠤᠮᠠᠰ ᠦᠵᠡᠭᠳᠡᠯ ᠦᠳ᠂ ᠲᠡᠳᠡᠭᠡᠷ ᠦᠨ ᠥᠪᠡᠷ ᠬᠣᠭᠣᠷᠣᠨᠳᠣ ᠪᠠᠨ ᠬᠠᠷᠢᠯᠴᠠᠨ ᠬᠣᠯᠪᠣᠭ᠎ᠠ ᠲᠠᠢ ᠨᠢᠭᠡ ᠨᠢᠭᠡ ᠡᠴᠡ ᠪᠡᠨ ᠬᠠᠮᠢᠶᠠᠷᠤᠭᠰᠠᠨ ᠵᠦᠢ ᠲᠣᠭᠲᠠᠯ ᠲᠠᠢ ᠪᠠᠢᠢᠳᠠᠭ ᠤᠨ ᠪᠠᠲᠤᠯᠠᠭ᠎ᠠ · ᠦᠶᠡᠯᠡᠬᠦ ᠬᠠᠤᠯᠢ᠂ ᠦᠶᠡᠯᠡᠬᠦ ᠰᠢᠰᠲ᠋ᠧᠮ ᠢ ᠠᠰᠢᠭᠯᠠᠨ ᠰᠢᠨ᠎ᠡ᠂ ᠰᠢᠨ᠎ᠡ ᠡᠯᠧᠮᠧᠨᠲ ᠦᠳ ᠢ ᠤᠷᠢᠳᠴᠢᠯᠠᠨ ᠲᠠᠭᠠᠮᠠᠭᠳᠠᠵᠤ ᠲᠡᠳᠡᠭᠡᠷ ᠦᠨ ᠨᠢᠭᠡᠳᠦᠯ ᠦᠳ ᠢ ᠤᠷᠢᠳᠴᠢᠯᠠᠨ ᠲᠠᠭᠠᠮᠠᠭᠯᠠᠬᠤ ᠪᠣᠯᠤᠮᠵᠢ ᠲᠠᠢ ᠪᠣᠯᠤᠭᠰᠠᠨ · ᠦᠶᠡᠯᠡᠬᠦ ᠬᠠᠤᠯᠢ ᠢᠢᠨ ᠦᠨᠳᠦᠰᠦᠨ ᠳᠡᠭᠡᠷ᠎ᠡ Z=1 ᠡ ᠡᠴᠡ Z=92 ᠬᠦᠷᠲᠡᠯ᠎ᠡ ᠡᠯᠧᠮᠧᠨᠲ ᠦᠳ ᠢ ᠦᠶᠡᠯᠡᠬᠦ ᠰᠢᠰᠲ᠋ᠧᠮ ᠦᠨ ᠬᠣᠭᠣᠰᠣᠨ ᠨᠢᠳᠦ ᠨᠦᠭᠦᠳ ᠲᠦ ᠪᠦᠭᠯᠡᠵᠦ ᠮᠥᠨ ᠦᠷᠠᠨ ᠤ ᠳᠠᠷᠠᠭᠠᠬᠢ ᠡᠯᠧᠮᠧᠨᠲ ᠦᠳ ᠢ ᠨᠡᠭᠡᠭᠡᠭᠰᠡᠨ · ᠦᠶᠡᠯᠡᠬᠦ ᠬᠠᠤᠯᠢ ᠨᠢ ᠵᠥᠪᠬᠡᠨ ᠬᠢᠮᠢ ᠢᠢᠨ ᠰᠢᠨᠵᠢᠯᠡᠬᠦ ᠤᠬᠠᠭᠠᠨ ᠲᠡᠳᠦᠢ ᠦᠭᠡᠢ ᠪᠤᠰᠤᠳ ᠪᠠᠢᠢᠭᠠᠯ ᠤᠨ ᠰᠢᠨᠵᠢᠯᠡᠬᠦ ᠤᠬᠠᠭᠠᠨ ᠳᠤ ᠴᠢᠬᠤᠯᠠ ᠠᠴᠢ ᠬᠣᠯᠪᠣᠭᠳᠠᠯ ᠲᠠᠢ.ᠡᠯᠧᠮᠧᠨᠲ ᠦᠳ ᠦᠨ ᠦᠶᠡᠯᠡᠬᠦ ᠰᠢᠰᠲ᠋ᠧᠮ ᠢ ᠠᠰᠢᠭᠯᠠᠨ ᠰᠢᠨ᠎ᠡ ᠫᠣᠯᠢᠮᠧᠷ ᠮᠠᠲ᠋ᠧᠷᠢᠶᠠᠯ᠂ ᠬᠠᠭᠠᠰ ᠳᠠᠮᠵᠢᠭᠤᠯᠤᠭᠴᠢᠳ᠂ ᠥᠨᠳᠥᠷ ᠲᠧᠮᠫᠧᠷᠠᠲᠦ᠋ᠷ ᠲᠦ ᠲᠡᠰᠪᠦᠷᠢᠲᠡᠢ ᠬᠠᠢᠢᠯᠤᠰᠢ᠂ ᠲᠣᠳᠣᠷᠬᠠᠢ ᠰᠢᠨᠵᠢ ᠴᠢᠨᠠᠷ ᠪᠦᠬᠦᠢ ᠪᠣᠳᠠᠰ ᠤᠳ ᠭᠠᠷᠭᠠᠨ ᠠᠪᠬᠤ ᠵᠡᠷᠭᠡ ᠦᠢᠯᠡᠳᠪᠦᠷᠢᠯᠡᠯ ᠲᠧᠭᠨᠢᠭ ᠦᠨ ᠠᠰᠠᠭᠤᠳᠠᠯ ᠤᠳ ᠢ ᠠᠮᠵᠢᠯᠲᠠ ᠲᠠᠢ ᠰᠢᠢᠳᠪᠦᠷᠢᠯᠡᠵᠦ ᠪᠠᠢᠢᠨ᠎ᠠ᠃ ᠬᠦᠮᠦᠨ ᠦ ᠪᠡᠶ᠎ᠡ ᠮᠠᠬᠠᠪᠣᠳᠢ ᠳᠤ ᠦᠶᠡᠯᠡᠬᠦ ᠰᠢᠰᠲ᠋ᠧᠮ ᠦᠨ ᠶᠡᠬᠡᠩᠬᠢ ᠡᠯᠧᠮᠧᠨᠲ ᠦᠳ ᠠᠭᠤᠯᠤᠭᠳᠠᠳᠠᠭ ᠪᠠ ᠡᠳᠡᠭᠡᠷ ᠡᠯᠧᠮᠧᠨᠲ ᠦᠳ ᠨᠢ ᠬᠦᠮᠦᠨ ᠦ ᠠᠮᠢᠳᠤᠷᠠᠯ᠂ ᠥᠰᠦᠯᠲᠡ᠂ ᠬᠥᠭᠵᠢᠯᠲᠡ᠂ ᠪᠣᠳᠠᠰ ᠤᠨ ᠰᠣᠯᠢᠯᠴᠠᠭᠠᠨ ᠳᠤ ᠵᠠᠢᠢᠯᠠᠰᠢ ᠦᠭᠡᠢ ᠬᠡᠷᠡᠭᠲᠡᠢ ᠪᠠᠢᠢᠳᠠᠭ᠃ ᠬᠦᠴᠢᠯᠲᠥᠷᠦᠭᠴᠢ᠂ ᠨᠡᠭᠦᠷᠡᠰᠦᠲᠥ᠋ᠷᠥᠭᠴᠢ᠂ ᠤᠰᠤᠲᠥᠢᠢᠷᠦᠭᠴᠢ᠂ ᠠᠽᠣᠲ᠂ ᠺᠠᠯᠼᠢ᠂ ᠹᠣᠰᠹᠣᠷ᠂ ᠵᠡᠰ᠂ ᠹᠲ᠋ᠣᠷ᠂ ᠪᠷᠣᠮ᠂ ᠢᠤᠳ᠋ ᠵᠡᠷᠭᠡ 20 ᠭᠠᠷᠤᠢ ᠡᠯᠧᠮᠧᠨᠲ ᠦᠳ ᠢ ᠪᠢᠣᠭᠧᠨ ᠤ ᠡᠯᠧᠮᠧᠨᠲ ᠦᠳ ᠭᠡᠨ᠎ᠡ᠃ ᠬᠢᠮᠢ ᠢᠢᠨ ᠡᠯᠧᠮᠧᠨᠲ ᠦᠳ ᠢ ᠹᠢᠽᠢᠣᠯᠣᠭᠢ ᠢᠢᠨ ᠡᠭᠦᠷᠭᠡ᠂ ᠪᠢᠣᠯᠣᠭᠢ ᠢᠢᠨ ᠢᠳᠡᠪᠬᠢ᠂ ᠪᠣᠳᠠᠰ ᠤᠨ ᠰᠣᠯᠢᠯᠴᠠᠭᠠᠨ ᠳᠤ ᠤᠷᠤᠯᠴᠠᠬᠤ ᠪᠠᠢᠢᠳᠠᠯ ᠢᠶᠠᠷ ᠨᠢ᠄ ᠠᠮᠢᠳᠤᠷᠠᠯ ᠳᠤ ᠠᠮᠢᠨ ᠴᠢᠬᠤᠯᠠ ᠬᠡᠷᠡᠭᠴᠡᠭᠡ ᠲᠡᠢ ᠵᠠᠢᠢᠯᠠᠰᠢ ᠦᠭᠡᠢ ᠬᠡᠷᠡᠭᠴᠡᠭᠡᠲᠡᠢ ᠪᠡᠶ᠎ᠡ ᠮᠠᠬᠠᠪᠣᠳ ᠤᠨ ᠨᠠᠢᠢᠷᠠᠯᠭ᠎ᠠ ᠳᠤ ᠪᠠᠢᠢᠬᠤ ᠪᠣᠯᠪᠠᠴᠤ ᠪᠢᠣᠯᠣᠭᠢ ᠢᠢᠨ ᠡᠭᠦᠷᠭᠡ ᠨᠢ ᠪᠠᠭ᠎ᠠ ᠭᠡᠵᠦ ᠠᠩᠭᠢᠯᠠᠨ᠎ᠠ᠃ ᠡᠯᠧᠮᠧᠨᠲ ᠦᠨ ᠪᠢᠣᠯᠣᠭᠢ ᠢᠢᠨ ᠢᠳᠡᠪᠬᠢ ᠨᠢ ᠲᠡᠭᠦᠨ ᠦ ᠦᠶᠡᠯᠡᠬᠦ ᠰᠢᠰᠲ᠋ᠧᠮ ᠳᠦ ᠡᠵᠡᠯᠡᠬᠦ ᠪᠠᠢᠢᠷᠢᠯᠠᠯ ᠠᠴᠠ ᠬᠠᠮᠢᠶᠠᠷᠳᠠᠭ᠃

↑ ᠪᠦᠯᠦᠭ ᠦᠶ᠎ ‍ᠠ᠋ → 1 2 3 4 5 6 7 8 ᠯᠠᠨ᠍ᠲ᠋ᠠᠨ᠍ ᠡᠭᠨᠡᠭᠡ ᠠᠻᠲ᠋ᠢᠨ᠍ ᠡᠭᠨᠡᠭᠡ ᠰᠦᠫᠧᠷᠠᠻᠲ᠋ᠢᠨ᠍ ᠡᠭᠨᠡᠭᠡ
1

ᠤᠠᠰᠤ
ᠲᠥᠷᠦᠭᠴᠢ

1 H 1s1 1.008
LI Na K Rb Cs Fr Uue
2 Be Mg Ca Sr Ba Ra Ubn
3 Sc Y . .. ...
4 Ti Zr Hf Rf H
5 V Nb Ta Db H
6 Cr Mo W Sg H
7 Mn Tc Re Bh H
8 Fe Ru Os Hs H
9 Co Rh Ir Mt H
10 Ni Pd Pt Ds H
11 Cu Ag Au Rg H
12 Zn Cd Hg Cn H
13 B Al Ga In Tl Uut H
14 C Si Ge Sn Pb Fl H
15 N P As Sb Bi Uup H
16 O S Se Te Po Lv H
17 F Cl Br I At Uus H
18

ᠾᠧᠯᠢ

2 He 1s1 1.008
Ne Ar Kr Xe Rn Uuo H

ᠲᠦᠯᠬᠢᠭᠦᠷ ᠦᠭᠡᠰ

Periodic table
Mendeleev
Периодическая таблица Менделеева
Менделеев