Jump to content

ᠳᠥᠷᠪᠡᠯᠵᠢᠨ ᠪᠢᠴᠢᠭ: Засвар хоорондын ялгаа

Wikibilig-с
Layout
Images
1-р мөр: 1-р мөр:

{| class="wikitable"
|[[File:Minusinskaya_paiza.jpg|thumb|center]]
|style = "height: 90px;"|ᠶᠡᠬᠡ ᠭᠦᠷᠦᠨ ‍ᠦ ᠦᠶ ‍ᠡ᠋ ‍ᠢᠢᠨ ᠫᠠᠢᠢᠵᠠ

ᠪᠣᠰᠤᠭ᠎ᠠ ᠳᠥᠷᠪᠡᠯᠵᠢᠨ ᠪᠢᠴᠢᠭ ᠪᠣᠯ ᠮᠣᠩᠭᠣᠯ᠂ ᠲᠥᠪᠡᠳ᠂ ᠰᠠᠮᠭᠠᠷᠳᠢ᠂ ᠬᠢᠲᠠᠳ ᠬᠡᠯᠡ ᠪᠡᠷ ᠪᠢᠴᠢᠬᠦ ᠵᠣᠷᠢᠯᠭ᠎ᠠ ᠲᠠᠢ ᠵᠣᠬᠢᠶᠠᠭᠰᠠᠨ ᠪᠢᠴᠢᠭ ᠪᠢᠯᠡ᠃
ᠪᠣᠰᠤᠭ᠎ᠠ ᠳᠥᠷᠪᠡᠯᠵᠢᠨ ᠪᠢᠴᠢᠭ ᠪᠣᠯ ᠮᠣᠩᠭᠣᠯ᠂ ᠲᠥᠪᠡᠳ᠂ ᠰᠠᠮᠭᠠᠷᠳᠢ᠂ ᠬᠢᠲᠠᠳ ᠬᠡᠯᠡ ᠪᠡᠷ ᠪᠢᠴᠢᠬᠦ ᠵᠣᠷᠢᠯᠭ᠎ᠠ ᠲᠠᠢ ᠵᠣᠬᠢᠶᠠᠭᠰᠠᠨ ᠪᠢᠴᠢᠭ ᠪᠢᠯᠡ᠃

15-р мөр: 21-р мөр:

==ᠲᠡᠦᠬᠡ==
==ᠲᠡᠦᠬᠡ==

{| class="wikitable"
|[[File:Subhasitaratnanidhi (Treasury of Good Sayings), Mongolian translation in phags pa (square script), Khocho, 13th-14th century AD, woodblock print on paper - Ethnological Museum, Berlin - DSC01797.JPG|thumb|center]]
|style = "height: 90px;"|ᠰᠠ᠋ ᠰᠺᠶ ‍ᠠ᠋ ᠪᠠᠨᠳᠢᠳᠠ ‍ᠢᠢᠨ ᠵᠣᠬᠢᠶᠠᠭᠰᠠᠨ ᠰᠠᠢᠲᠤᠷ ᠨᠣᠮᠯᠠᠭᠰᠠᠨ ᠡᠷᠳᠡᠨᠢ ‍ᠢᠢᠨ ᠱᠠᠰᠲᠢᠷ

ལེགས་པར་
བཤད་པ་
རིན་པོ་ཆེའི་
བསྟན་བཅོས་
བཞུགས་སོ།

ᠳᠥᠷᠪᠡᠯᠵᠢᠨ ᠪᠢᠴᠢᠭ ᠢ ᠬᠤᠪᠢᠯᠠᠢ ᠬᠠᠭᠠᠨ ᠤᠯᠤᠰ ᠤᠨ ᠪᠠᠭᠰᠢ ᠫᠠᠭᠪᠠ ᠪᠯᠠᠮ ‍ᠠ᠋ ᠯᠣᠳᠣᠶ᠋ᠢᠵᠠᠯᠴᠠᠨ ‍ᠢᠶ᠋ᠠᠷ ᠵᠣᠬᠢᠶᠠᠯᠭᠠᠵᠤ᠂ ᠶᠡᠬᠡ ᠶᠤᠸᠠᠨ ᠭᠦᠷᠦᠨ ᠦ ᠪᠦᠷᠢᠯᠳᠦᠬᠦᠨ ᠳᠦ ᠪᠠᠭᠲᠤᠭᠰᠠᠨ ᠪᠦᠬᠦ ᠤᠯᠤᠰ ᠦᠨᠳᠦᠰᠦᠲᠡᠨ ᠦ ᠪᠢᠴᠢᠭ ᠪᠣᠯᠭᠠᠬᠤ ᠶᠢ ᠵᠣᠷᠢᠵᠠᠢ᠃
ᠳᠥᠷᠪᠡᠯᠵᠢᠨ ᠪᠢᠴᠢᠭ ᠢ ᠬᠤᠪᠢᠯᠠᠢ ᠬᠠᠭᠠᠨ ᠤᠯᠤᠰ ᠤᠨ ᠪᠠᠭᠰᠢ ᠫᠠᠭᠪᠠ ᠪᠯᠠᠮ ‍ᠠ᠋ ᠯᠣᠳᠣᠶ᠋ᠢᠵᠠᠯᠴᠠᠨ ‍ᠢᠶ᠋ᠠᠷ ᠵᠣᠬᠢᠶᠠᠯᠭᠠᠵᠤ᠂ ᠶᠡᠬᠡ ᠶᠤᠸᠠᠨ ᠭᠦᠷᠦᠨ ᠦ ᠪᠦᠷᠢᠯᠳᠦᠬᠦᠨ ᠳᠦ ᠪᠠᠭᠲᠤᠭᠰᠠᠨ ᠪᠦᠬᠦ ᠤᠯᠤᠰ ᠦᠨᠳᠦᠰᠦᠲᠡᠨ ᠦ ᠪᠢᠴᠢᠭ ᠪᠣᠯᠭᠠᠬᠤ ᠶᠢ ᠵᠣᠷᠢᠵᠠᠢ᠃

43-р мөр: 56-р мөр:

==ᠰᠤᠳᠤᠯᠭ᠎ᠠ==
==ᠰᠤᠳᠤᠯᠭ᠎ᠠ==

{| class="wikitable"
|[[File:MongolianScripts.JPG|thumb|center]]
|style = "height: 110px;"|ᠴᠣᠢᠢᠵᠤᠩ ᠪᠯᠠᠮ ‍ᠠ᠋ ‍ᠢᠢᠨ ᠰᠦᠮᠦ ‍ᠳ᠌᠋ᠡᠬᠢ ᠳᠤᠭᠠᠨ ‍ᠦᠨ ᠪᠢᠴᠢᠭ ‍ᠦᠨ ᠬᠣᠶᠠᠷ ᠲᠠᠯ ‍ᠠ᠋ ᠪᠠᠷ ᠳᠥᠷᠪᠡᠯᠵᠢᠨ ᠪᠢᠴᠢᠭ ᠪᠤᠢ

ᠳᠥᠷᠪᠡᠯᠵᠢᠨ ᠦᠰᠦᠭ ᠦᠨ ᠰᠤᠳᠤᠯᠤᠯ ‍ᠢᠢᠠᠷ ᠭᠠᠷᠤᠭᠰᠠᠨ ᠠᠩᠬᠠᠨ ᠤ ᠡᠷᠳᠡᠮ ᠰᠢᠨᠵᠢᠯᠡᠭᠡᠨ ᠦ ᠪᠦᠲᠦᠭᠡᠯ ᠪᠣᠯ ᠭᠧᠷᠮᠠᠨ ᠤ ᠡᠷᠳᠡᠮᠲᠡᠨ ᠬ.ᠺ᠃ ᠭᠠᠪᠧᠯᠧᠨᠼ ᠤᠨ 1839 ᠣᠨ ᠳᠤ ᠬᠡᠪᠯᠡᠭᠦᠯᠦᠭᠰᠡᠨ ᠡᠷᠲᠡᠨ ᠦ ᠮᠣᠩᠭᠣᠯ ᠤᠨ ᠨᠢᠭᠡᠨ ᠪᠢᠴᠢᠭᠡᠰᠦ ᠶᠢᠨ ᠲᠤᠬᠠᠢ ᠬᠡᠮᠡᠬᠦ ᠦᠭᠦᠯᠡᠯ᠃
ᠳᠥᠷᠪᠡᠯᠵᠢᠨ ᠦᠰᠦᠭ ᠦᠨ ᠰᠤᠳᠤᠯᠤᠯ ‍ᠢᠢᠠᠷ ᠭᠠᠷᠤᠭᠰᠠᠨ ᠠᠩᠬᠠᠨ ᠤ ᠡᠷᠳᠡᠮ ᠰᠢᠨᠵᠢᠯᠡᠭᠡᠨ ᠦ ᠪᠦᠲᠦᠭᠡᠯ ᠪᠣᠯ ᠭᠧᠷᠮᠠᠨ ᠤ ᠡᠷᠳᠡᠮᠲᠡᠨ ᠬ.ᠺ᠃ ᠭᠠᠪᠧᠯᠧᠨᠼ ᠤᠨ 1839 ᠣᠨ ᠳᠤ ᠬᠡᠪᠯᠡᠭᠦᠯᠦᠭᠰᠡᠨ ᠡᠷᠲᠡᠨ ᠦ ᠮᠣᠩᠭᠣᠯ ᠤᠨ ᠨᠢᠭᠡᠨ ᠪᠢᠴᠢᠭᠡᠰᠦ ᠶᠢᠨ ᠲᠤᠬᠠᠢ ᠬᠡᠮᠡᠬᠦ ᠦᠭᠦᠯᠡᠯ᠃

14:40, 2 Тавдугаар сар 2021-ий байдлаарх засвар

Файл:Minusinskaya paiza.jpg
ᠶᠡᠬᠡ ᠭᠦᠷᠦᠨ ‍ᠦ ᠦᠶ ‍ᠡ᠋ ‍ᠢᠢᠨ ᠫᠠᠢᠢᠵᠠ

ᠪᠣᠰᠤᠭ᠎ᠠ ᠳᠥᠷᠪᠡᠯᠵᠢᠨ ᠪᠢᠴᠢᠭ ᠪᠣᠯ ᠮᠣᠩᠭᠣᠯ᠂ ᠲᠥᠪᠡᠳ᠂ ᠰᠠᠮᠭᠠᠷᠳᠢ᠂ ᠬᠢᠲᠠᠳ ᠬᠡᠯᠡ ᠪᠡᠷ ᠪᠢᠴᠢᠬᠦ ᠵᠣᠷᠢᠯᠭ᠎ᠠ ᠲᠠᠢ ᠵᠣᠬᠢᠶᠠᠭᠰᠠᠨ ᠪᠢᠴᠢᠭ ᠪᠢᠯᠡ᠃

ᠫᠠᠭᠪᠠ ᠪᠯᠠᠮ ‍ᠠ᠋ ᠳᠥᠷᠪᠡᠯᠵᠢᠨ ᠪᠢᠴᠢᠭ ᠢ ᠵᠣᠬᠢᠶᠠᠭᠰᠠᠨ ᠲᠤᠯᠠ ᠣᠯᠠᠨ ᠤᠯᠤᠰ ᠤᠨ ᠰᠤᠳᠤᠯᠭᠠᠨ ᠤ ᠬᠦᠷᠢᠶᠡᠨ ᠳᠦ ‘Phagspa (འཕགས་པ) ᠪᠢᠴᠢᠭ ᠭᠡᠵᠦ ᠠᠯᠳᠠᠷᠰᠢᠭᠰᠠᠨ᠃

ᠳᠥᠷᠪᠡᠯᠵᠢᠨ ᠪᠢᠴᠢᠭ ᠢ ᠬᠤᠪᠢᠯᠠᠢ ᠬᠠᠭᠠᠨ ᠤ ᠵᠠᠷᠯᠢᠭ ‍ᠢᠶ᠋ᠠᠷ 1262 ᠣᠨ ᠳᠤ ᠵᠣᠬᠢᠶᠠᠭᠰᠠᠨ ᠪᠠᠶ᠋ᠢᠨ᠎ᠠ᠃

ᠮᠥᠨ ᠥᠨᠳᠥᠷ ᠭᠡᠭᠡᠭᠡᠨ ᠵᠠᠨᠠᠪᠠᠵᠠᠷ 17 ᠳ᠋ᠤᠭᠠᠷ ᠵᠠᠭᠤᠨ ᠤ ᠰᠡᠭᠦᠯ ‍ᠢᠢᠡᠷ ᠰᠢᠨ᠎ᠡ ᠳᠥᠷᠪᠡᠯᠵᠢᠨ ᠪᠢᠴᠢᠭ ᠵᠣᠬᠢᠶᠠᠭᠰᠠᠨ ᠪᠠᠶ᠋ᠢᠳᠠᠭ᠃

ᠲᠡᠶ᠋ᠢᠮᠦ ᠡᠴᠡ ᠥᠨᠳᠦᠷ ᠭᠡᠭᠡᠨ ᠦ ᠵᠣᠬᠢᠶᠠᠭᠰᠠᠨ ᠳᠥᠷᠪᠡᠯᠵᠢᠨ ᠪᠢᠴᠢᠭ ᠢ "ᠬᠡᠪᠲᠡᠭᠡ ᠳᠥᠷᠪᠡᠯᠵᠢᠨ ᠪᠢᠴᠢᠭ"᠂ ‘Phagspa ᠪᠢᠴᠢᠭ ᠢ "ᠪᠣᠰᠤᠭ᠎ᠠ ᠳᠥᠷᠪᠡᠯᠵᠢᠨ ᠪᠢᠴᠢᠭ "ᠬᠡᠮᠡᠨ ᠢᠯᠭᠠᠨ ᠨᠡᠷᠡᠯᠡᠬᠦ ᠲᠣᠬᠢᠶᠠᠯᠳᠤᠯ ᠪᠠᠶ᠋ᠢᠳᠠᠭ᠃

ᠲᠡᠦᠬᠡ

ᠰᠠ᠋ ᠰᠺᠶ ‍ᠠ᠋ ᠪᠠᠨᠳᠢᠳᠠ ‍ᠢᠢᠨ ᠵᠣᠬᠢᠶᠠᠭᠰᠠᠨ ᠰᠠᠢᠲᠤᠷ ᠨᠣᠮᠯᠠᠭᠰᠠᠨ ᠡᠷᠳᠡᠨᠢ ‍ᠢᠢᠨ ᠱᠠᠰᠲᠢᠷ

ལེགས་པར་
བཤད་པ་
རིན་པོ་ཆེའི་
བསྟན་བཅོས་
བཞུགས་སོ།

ᠳᠥᠷᠪᠡᠯᠵᠢᠨ ᠪᠢᠴᠢᠭ ᠢ ᠬᠤᠪᠢᠯᠠᠢ ᠬᠠᠭᠠᠨ ᠤᠯᠤᠰ ᠤᠨ ᠪᠠᠭᠰᠢ ᠫᠠᠭᠪᠠ ᠪᠯᠠᠮ ‍ᠠ᠋ ᠯᠣᠳᠣᠶ᠋ᠢᠵᠠᠯᠴᠠᠨ ‍ᠢᠶ᠋ᠠᠷ ᠵᠣᠬᠢᠶᠠᠯᠭᠠᠵᠤ᠂ ᠶᠡᠬᠡ ᠶᠤᠸᠠᠨ ᠭᠦᠷᠦᠨ ᠦ ᠪᠦᠷᠢᠯᠳᠦᠬᠦᠨ ᠳᠦ ᠪᠠᠭᠲᠤᠭᠰᠠᠨ ᠪᠦᠬᠦ ᠤᠯᠤᠰ ᠦᠨᠳᠦᠰᠦᠲᠡᠨ ᠦ ᠪᠢᠴᠢᠭ ᠪᠣᠯᠭᠠᠬᠤ ᠶᠢ ᠵᠣᠷᠢᠵᠠᠢ᠃

ᠤᠴᠢᠷ ᠨᠢ XIII ᠵᠠᠭᠤᠨ ᠤ ᠰᠡᠭᠦᠯ ᠦᠨ ᠬᠠᠭᠠᠰ ᠲᠤ ᠲᠣᠭᠲᠠᠭᠰᠠᠨ ᠤᠯᠤᠰ ᠭᠦᠷᠦᠨ ᠦ ᠳᠣᠲᠣᠷᠠᠬᠢ ᠣᠯᠠᠨ ᠣᠪᠣᠭ ᠠᠶ᠋ᠢᠮᠠᠭ ᠤᠳ ᠤᠨ ᠬᠡᠯᠡ ᠠᠶᠠᠯᠭᠤ ᠶᠢ ᠠᠳᠠᠯᠢ ᠲᠡᠭᠰᠢ ᠲᠡᠮᠳᠡᠭᠯᠡᠬᠦ᠂ "ᠣᠯᠠᠨ ᠤᠯᠤᠰ ᠳᠤᠮᠳᠠ ᠶᠢᠨ" ᠪᠢᠴᠢᠭ ᠦᠨ ᠬᠡᠯᠡ ᠲᠡᠢ ᠪᠣᠯᠬᠤ ᠭᠡᠰᠡᠨ ᠡᠵᠡᠨᠳᠦ ᠭᠦᠷᠦᠨ ᠦ ᠪᠣᠳᠣᠯᠭ᠎ᠠ ᠳᠠᠪᠠᠮᠠᠭᠠᠶ᠋ᠢᠯᠠᠵᠤ ᠪᠠᠶ᠋ᠢᠪᠠ᠃

ᠯᠣᠳᠣᠶ᠋ᠢᠵᠠᠯᠴᠠᠨ ᠪᠣᠯ ᠲᠠᠪᠤᠨ ᠤᠬᠠᠭᠠᠨ ᠳᠤ ᠮᠡᠷᠭᠡᠰᠢᠭᠰᠡᠨ ᠪᠠᠨᠳᠢᠳᠠ ᠭᠦᠩᠭᠠᠵᠠᠯᠴᠠᠨ ᠤ ᠠᠴᠢ ᠬᠦᠪᠡᠭᠦᠨ ᠶᠤᠮ᠃ ᠥᠭᠡᠳᠡᠢ ᠬᠠᠭᠠᠨ ᠤ ᠬᠦᠦ ᠭᠣᠳᠠᠨ ᠨᠣᠶᠠᠨ ᠤ ᠤᠷᠢᠯᠭ᠎ᠠ ᠪᠠᠷ ᠪᠠᠨᠳᠢᠳᠠ ᠭᠦᠩᠭᠠᠵᠠᠯᠴᠠᠨ ᠬᠥᠬᠡ ᠨᠠᠭᠤᠷ ᠲᠤ ᠢᠷᠡᠵᠦ ᠮᠣᠩᠭᠣᠯ ᠪᠢᠴᠢᠭ ᠦᠨ ᠠᠩᠬᠠᠨ ᠤ ᠬᠡᠯᠡ ᠵᠦᠢ "ᠵᠢᠷᠦᠬᠡᠨ ᠲᠣᠯᠲᠠ" ᠍ ᠢ ᠵᠣᠬᠢᠶᠠᠬᠤ ᠦᠶᠡᠰ ᠲᠦ ᠪᠡᠨ ᠠᠴᠢ ᠬᠦᠦ ᠯᠣᠳᠤᠶ᠋ᠢᠵᠠᠯᠴᠠᠨ ‍ᠢ ‍ᠢᠢᠠᠨ ᠳᠠᠭᠠᠭᠤᠯᠤᠨ ᠢᠷᠡᠵᠦ ᠪᠠᠶ᠋ᠢᠵᠠᠢ᠃

ᠬᠤᠪᠢᠯᠠᠢ ᠬᠠᠭᠠᠨ ᠫᠠᠭᠪᠠ ᠪᠯᠠᠮ ‍ᠠ᠋ ᠯᠣᠳᠣᠶ᠋ᠢᠵᠠᠯᠴᠠᠨ ᠢ 1253 ᠣᠨ ᠳᠤ ᠵᠠᠯᠠᠵᠤ ᠢᠷᠡᠭᠦᠯᠦᠭᠰᠡᠨ᠃ᠫᠠᠭᠪᠠ ᠪᠯᠠᠮ ‍ᠠ᠋ ᠮᠣᠩᠭᠣᠯ ᠤᠨ ᠳᠥᠷᠪᠡᠯᠵᠢᠨ ᠪᠢᠴᠢᠭ ᠬᠡᠮᠡᠬᠦ ᠰᠢᠨ᠎ᠡ ᠦᠭᠡᠰ ᠢ 9 ᠵᠢᠯ ᠦᠨ ᠲᠤᠷᠰᠢ ᠳ᠋ᠤ ᠵᠣᠬᠢᠶᠠᠵᠤ ᠳᠠᠭᠤᠰᠤᠭᠠᠳ᠂ ᠳᠥᠷᠪᠡᠯᠵᠢᠨ ᠦᠰᠦᠭ ᠦᠨ ᠠᠩᠬᠠᠨ ᠤ ᠰᠤᠷᠭᠠᠭᠤᠯᠢ ᠶᠢ ᠥᠪᠡᠷ ‍ᠢᠢᠡᠨ ᠭᠠᠷᠳᠠᠨ ᠶᠠᠪᠤᠭᠤᠯᠵᠤ ᠪᠠᠶ᠋ᠢᠪᠠ᠃

ᠳᠥᠷᠪᠡᠯᠵᠢᠨ ᠪᠢᠴᠢᠭ ᠨᠢ ᠲᠥᠪᠡᠳ ᠦᠰᠦᠭ ᠲᠦ ᠲᠤᠯᠭᠠᠭᠤᠷᠢᠯᠠᠨ ᠨᠡᠶ᠋ᠢᠲᠡ 44 ᠦᠰᠦᠭ ᠪᠦᠬᠦᠢ ᠠᠪᠢᠶᠠᠨ ᠤ ᠴᠠᠭᠠᠨ ᠲᠣᠯᠣᠭᠠᠢ ᠪᠦᠬᠦᠢ ᠪᠢᠴᠢᠭ ᠪᠥᠭᠡᠳ ᠮᠣᠩᠭᠣᠯ ᠦᠭᠡ ᠲᠡᠮᠳᠡᠭᠯᠡᠬᠦ ᠦᠰᠦᠭ 28 ᠍ ᠠᠴᠠ ᠬᠡᠲᠦᠷᠬᠦ ᠦᠭᠡᠢ᠂ ᠦᠯᠡᠳᠡᠭᠰᠡᠨ ᠦᠰᠦᠭ ᠢ ᠬᠠᠷᠢ ᠦᠭᠡ ᠪᠢᠴᠢᠬᠦ ᠳᠦ ᠠᠰᠢᠭᠯᠠᠳᠠᠭ ᠪᠠᠶ᠋ᠢᠨ᠎ᠠ᠃

ᠬᠤᠪᠢᠯᠠᠢ ᠬᠠᠭᠠᠨ 1269 ᠣᠨ ᠳᠤ ᠳᠥᠷᠪᠡᠯᠵᠢᠨ ᠪᠢᠴᠢᠭ ᠢ ᠭᠦᠷᠦᠨ ᠳᠠᠶᠠᠭᠠᠷ ᠬᠡᠷᠡᠭᠯᠡᠬᠦ ᠲᠤᠬᠠᠢ ᠵᠠᠷᠯᠢᠭ ᠭᠠᠷᠭᠠᠨ "ᠪᠢ ᠰᠠᠨᠠᠪᠠᠰᠤ ᠦᠰᠦᠭ ‍ᠢᠢᠡᠷ ᠦᠭᠡ ᠶᠢ ᠪᠢᠴᠢᠮᠦᠢ᠃

ᠦᠭᠡ ᠪᠡᠷ ᠬᠡᠷᠡᠭ ᠢ ᠲᠡᠮᠳᠡᠭᠯᠡᠮᠦᠢ᠃

ᠡᠨᠡ ᠨᠢ ᠡᠷᠲᠡ ᠪᠠ ᠡᠳᠦᠭᠡ ᠶᠢᠨ ᠨᠡᠪᠲᠡᠷᠬᠡᠢ ᠬᠠᠤᠯᠢ ᠪᠣᠯᠠᠢ᠃

ᠮᠠᠨ ᠤ ᠤᠯᠤᠰ ᠤᠮᠠᠷᠠᠲᠤ ᠭᠠᠵᠠᠷ ᠲᠤᠯᠭᠤᠷ ᠪᠠᠶ᠋ᠢᠭᠤᠯᠤᠭᠰᠠᠨ ᠲᠤᠯᠠ ᠰᠤᠷᠲᠠᠯ ᠨᠢ ᠬᠡᠮᠵᠢᠶ᠎ᠡ ᠲᠡᠢ᠂ ᠡᠷᠲᠡᠨ ᠢ ᠡᠷᠬᠢᠯᠡᠬᠦ ᠲᠤᠯᠠ ᠳᠦᠷᠢᠮ ᠲᠣᠭᠲᠠᠭᠠᠯ ᠡᠭᠦᠰᠬᠡᠵᠦ ᠵᠠᠪᠳᠠᠭᠰᠠᠨ ᠦᠭᠡᠢ᠃

ᠠᠯᠢᠪᠠ ᠬᠡᠷᠡᠭᠯᠡᠬᠦ ᠦᠰᠦᠭ ᠪᠢᠴᠢᠭ ᠨᠢ᠁ ᠤᠶ᠋ᠢᠭᠤᠷ ᠦᠰᠦᠭ ᠢ ᠬᠡᠷᠡᠭᠯᠡᠵᠦ᠂ ᠮᠠᠨ ᠤ ᠤᠯᠤᠰ ᠤᠨ ᠦᠭᠡ ᠶᠢ ᠨᠡᠪᠲᠡᠷᠡᠭᠦᠯᠵᠦᠬᠦᠢ᠃

ᠡᠭᠦᠨ ᠡᠴᠡ ᠬᠣᠶ᠋ᠢᠰᠢ ᠠᠯᠢᠪᠠ ᠬᠠᠰ ᠲᠠᠮᠠᠭ᠎ᠠ ᠳᠠᠷᠤᠵᠤ᠂ ᠪᠢᠴᠢᠭ ᠲᠠᠷᠬᠠᠭᠠᠨ ᠪᠠᠭᠤᠯᠭᠠᠬᠤ ᠳᠤ ᠮᠣᠩᠭᠣᠯ ᠤᠨ ᠰᠢᠨ᠎ᠡ ᠦᠰᠦᠭ ᠢ ᠬᠡᠷᠡᠭᠯᠡᠵᠦ ᠪᠠᠰᠬᠦ ᠬᠠᠮᠲᠤ ᠪᠠᠷ ᠲᠤᠰ ᠲᠤᠰ ᠲᠤ ᠨᠢ ᠲᠡᠭᠦᠨ ᠦ ᠤᠯᠤᠰ ᠤᠨ ᠦᠰᠦᠭ ᠪᠢᠴᠢᠭ ᠢ ᠬᠠᠪᠰᠤᠷᠤᠭᠤᠯᠤᠭᠲᠤᠨ"[1] ᠬᠡᠮᠡᠭᠰᠡᠨ ᠪᠠᠶ᠋ᠢᠳᠠᠭ᠃

ᠶᠤᠸᠠᠨ ᠤᠯᠤᠰ ᠤᠨ ᠪᠦᠬᠦ 169 ᠵᠠᠮ ᠳᠤ ᠳᠥᠷᠪᠡᠯᠵᠢᠨ ᠪᠢᠴᠢᠭ ᠵᠢᠭᠠᠬᠤ ᠤᠯᠤᠰ ᠤᠨ ᠲᠤᠰᠬᠠᠢ ᠰᠤᠷᠭᠠᠭᠤᠯᠢ ᠪᠠᠶ᠋ᠢᠭᠤᠯᠵᠤ᠂ ᠭᠣᠣᠯᠳᠠᠭᠤ ᠮᠣᠩᠭᠣᠯ ᠨᠣᠶᠠᠳ᠂ ᠲᠦᠰᠢᠮᠡᠳ ᠦᠨ ᠬᠥᠪᠡᠭᠦᠳ ᠢ ᠰᠣᠩᠭᠣᠨ ᠰᠤᠷᠭᠠᠵᠤ᠂ 1275 ᠣᠨ ᠳᠤ ᠳᠥᠷᠪᠡᠯᠵᠢᠨ ᠪᠢᠴᠢᠭ ᠦᠨ ᠬᠡᠷᠡᠭ ᠡᠷᠬᠢᠯᠡᠭᠰᠡᠨ ᠡᠷᠳᠡᠮ ᠦᠨ ᠲᠤᠰᠬᠠᠢ ᠬᠦᠷᠢᠶᠡᠯᠡᠨ ᠠᠵᠢᠯᠯᠠᠭᠤᠯᠵᠤ ᠪᠠᠶ᠋ᠢᠪᠠ᠃

ᠮᠥᠨ ᠬᠤᠪᠢᠯᠠᠢ ᠬᠠᠭᠠᠨ ᠲᠥᠷᠥ ᠪᠡᠨ ᠲᠥᠪᠡᠬᠢᠨᠡᠭᠦᠯᠬᠦ᠂ ᠬᠠᠷᠢ ᠶᠢᠨ ᠤᠯᠤᠰ ᠢ ᠡᠵᠡᠯᠡᠨ ᠵᠠᠬᠢᠷᠬᠤ ᠣᠯᠠᠨ ᠦᠢᠯᠡ ᠶᠢ ᠵᠡᠷᠭᠡᠴᠡᠭᠦᠯᠬᠦ ᠶᠢᠨ ᠬᠠᠮᠲᠤ ᠪᠢᠴᠢᠭ ᠰᠤᠶᠤᠯ ᠳᠤ ᠠᠩᠬᠠᠷᠴᠤ᠂ ᠪᠡᠭᠡᠵᠢᠩ ᠦᠨ ᠬᠣᠶᠢᠳᠤ ᠲᠠᠯ᠎ᠠ ᠳᠤ ᠪᠠᠶ᠋ᠢᠭᠤᠯᠤᠭᠰᠠᠨ ᠬᠠᠨᠪᠠᠯᠢᠭ (ᠬᠠᠭᠠᠨ ᠤ ᠬᠣᠲᠠ) ᠪᠤᠶᠤ ᠳᠠᠶ᠋ᠢᠳᠤ (ᠶᠡᠬᠡ ᠨᠡᠶ᠋ᠢᠰᠯᠡᠯ) ᠬᠣᠲᠠ ᠳ᠋ᠤ ᠤᠯᠤᠰ ᠤᠨ ᠰᠤᠳᠤᠷ᠂ ᠱᠠᠰᠳᠢᠷ ᠵᠣᠬᠢᠶᠠᠬᠤ ᠬᠦᠷᠢᠶᠡᠯᠡᠩ ᠬᠡᠮᠡᠬᠦ ᠮᠣᠩᠭᠣᠯ᠂ ᠬᠢᠲᠠᠳ᠂ ᠫᠧᠷᠰ᠂ ᠲᠥᠪᠡᠳ ᠵᠡᠷᠭᠡ ᠣᠯᠠᠨ ᠦᠨᠳᠦᠰᠦᠲᠡᠨ ᠦ ᠲᠡᠦᠬᠡᠴᠢᠳ ᠢ ᠣᠷᠤᠯᠴᠠᠭᠤᠯᠤᠭᠰᠠᠨ ᠲᠤᠰᠬᠠᠢ ᠪᠠᠶ᠋ᠢᠭᠤᠯᠤᠯᠭ᠎ᠠ ᠶᠢ 1264 ᠣᠨ ᠳᠤ ᠬᠤᠪᠢᠯᠠᠢ ᠬᠠᠭᠠᠨ ᠤ ᠵᠠᠷᠯᠢᠭ ‍ᠢᠢᠠᠷ ᠠᠩᠬ᠎ᠠ ᠪᠠᠶ᠋ᠢᠭᠤᠯᠵᠠᠢ᠃

ᠰᠤᠳᠤᠯᠭ᠎ᠠ

Файл:MongolianScripts.JPG
ᠴᠣᠢᠢᠵᠤᠩ ᠪᠯᠠᠮ ‍ᠠ᠋ ‍ᠢᠢᠨ ᠰᠦᠮᠦ ‍ᠳ᠌᠋ᠡᠬᠢ ᠳᠤᠭᠠᠨ ‍ᠦᠨ ᠪᠢᠴᠢᠭ ‍ᠦᠨ ᠬᠣᠶᠠᠷ ᠲᠠᠯ ‍ᠠ᠋ ᠪᠠᠷ ᠳᠥᠷᠪᠡᠯᠵᠢᠨ ᠪᠢᠴᠢᠭ ᠪᠤᠢ

ᠳᠥᠷᠪᠡᠯᠵᠢᠨ ᠦᠰᠦᠭ ᠦᠨ ᠰᠤᠳᠤᠯᠤᠯ ‍ᠢᠢᠠᠷ ᠭᠠᠷᠤᠭᠰᠠᠨ ᠠᠩᠬᠠᠨ ᠤ ᠡᠷᠳᠡᠮ ᠰᠢᠨᠵᠢᠯᠡᠭᠡᠨ ᠦ ᠪᠦᠲᠦᠭᠡᠯ ᠪᠣᠯ ᠭᠧᠷᠮᠠᠨ ᠤ ᠡᠷᠳᠡᠮᠲᠡᠨ ᠬ.ᠺ᠃ ᠭᠠᠪᠧᠯᠧᠨᠼ ᠤᠨ 1839 ᠣᠨ ᠳᠤ ᠬᠡᠪᠯᠡᠭᠦᠯᠦᠭᠰᠡᠨ ᠡᠷᠲᠡᠨ ᠦ ᠮᠣᠩᠭᠣᠯ ᠤᠨ ᠨᠢᠭᠡᠨ ᠪᠢᠴᠢᠭᠡᠰᠦ ᠶᠢᠨ ᠲᠤᠬᠠᠢ ᠬᠡᠮᠡᠬᠦ ᠦᠭᠦᠯᠡᠯ᠃

ᠡᠭᠦᠨ ᠡᠴᠡ ᠬᠣᠶ᠋ᠢᠰᠢ ᠭ ∙ ᠫᠣᠲᠶ᠎ᠡ᠂ ᠠ᠊ ∙ ᠸᠠᠶ᠋ᠢᠯᠳ᠋᠂ ᠠ᠊ ∙ ᠮ ∙ ᠫᠣᠽᠲᠨᠧᠶᠧᠹ᠂ ᠢ᠊ ∙ ᠭ ∙ ᠷᠠᠮᠰᠲ᠋ᠧᠲᠲ ᠭᠡᠬᠦ ᠵᠡᠷᠭᠡ ᠣᠯᠠᠨ ᠡᠷᠳᠡᠮᠲᠡᠨ ᠦ ᠰᠤᠳᠤᠯᠭᠠᠨ ᠤ ᠪᠦᠲᠦᠭᠡᠯ ᠦᠳ ᠭᠠᠷᠴᠠᠢ᠃ ᠮᠣᠩᠭᠣᠯ ᠤᠨ ᠡᠷᠳᠡᠮᠲᠡᠳ ᠡᠴᠡ ᠳᠥᠷᠪᠡᠯᠵᠢᠨ ᠦᠰᠦᠭ ᠦᠨ ᠲᠠᠯ᠎ᠠ ᠪᠠᠷ ᠨᠤᠬᠤᠴᠠᠲᠠᠢ ᠰᠤᠳᠤᠯᠭ᠎ᠠ ᠬᠢᠭᠰᠡᠨ ᠬᠦᠮᠦᠨ ᠪᠣᠯ ᠠᠺᠠᠳᠧᠮᠢᠴᠢ ᠱ᠃ ᠯᠤᠪᠰᠠᠩᠸᠠᠩᠳᠠᠨ ᠪᠥᠭᠡᠳ ᠲᠡᠷᠡ ᠪᠡᠷ "ᠳᠥᠷᠪᠡᠯᠵᠢᠨ ᠦᠰᠦᠭ ᠦᠨ ᠳᠤᠷᠠᠰᠬᠠᠯ ᠤᠨ ᠵᠦᠢᠯ ᠢ ᠦᠵᠡᠬᠦ ᠳᠦ ᠫᠠᠭᠪᠠ ᠪᠯᠠᠮ ‍ᠠ᠋ ᠲᠡᠷᠡ ᠴᠠᠭ ᠤᠨ ᠮᠣᠩᠭᠣᠯ ᠶᠠᠷᠢᠶᠠᠨ ᠤ ᠬᠡᠯᠡᠨ ᠦ ᠠᠪᠢᠶ᠎ᠠ ᠵᠦᠢ ᠶᠢ ᠰᠠᠶ᠋ᠢᠨ ᠠᠵᠢᠭᠯᠠᠭᠰᠠᠨ ᠲᠡᠳᠦᠢ ᠦᠭᠡᠢ ᠤᠶ᠋ᠢᠭᠤᠷᠵᠢᠨ ᠮᠣᠩᠭᠣᠯ ᠪᠢᠴᠢᠭ ᠦᠨ ᠰᠢᠰᠲ᠋ᠧᠮ᠂ ᠵᠥᠪ ᠪᠢᠴᠢᠬᠦ ᠳᠦᠷᠢᠮ ᠢ ᠰᠠᠶ᠋ᠢᠨ ᠰᠤᠳᠤᠯᠵᠤ ᠪᠠᠶ᠋ᠢᠵᠤ ᠵᠣᠬᠢᠶᠠᠭᠰᠠᠨ ᠪᠣᠯᠬᠤ ᠨᠢ ᠢᠯᠡᠷᠬᠡᠢ ᠪᠠᠶ᠋ᠢᠨ᠎ᠠ" ᠭᠡᠵᠡᠢ᠃

ᠳᠥᠷᠪᠡᠯᠵᠢᠨ ᠦᠰᠦᠭ ᠦᠨ ᠰᠤᠳᠤᠯᠤᠯ ᠳᠤ ᠵᠣᠬᠢᠬᠤ ᠬᠤᠪᠢ ᠨᠡᠮᠡᠷᠢ ᠣᠷᠣᠭᠤᠯᠤᠭᠰᠠᠨ ᠡᠷᠳᠡᠮᠲᠡᠳ ᠪᠣᠯ ᠠᠺᠠᠳᠧᠮᠢᠴᠢ ᠳ ∙ ᠲᠡᠮᠦᠷᠲᠣᠭᠣᠭ᠎ᠠ᠂ ᠳ᠋ᠣᠺᠲ᠋ᠣᠷ ᠼ ∙ ᠱᠠᠭᠳᠤᠷᠰᠦ᠋ᠷᠦᠩ᠂ ᠬ ∙ ᠯᠤᠪᠰᠠᠩᠪᠠᠯᠳᠠᠨ᠂ ᠵ ∙ ᠫᠷᠯᠡᠢ᠂ ᠵ ∙ ᠨᠠᠳᠮᠢᠳ᠂ ᠠ᠊ ∙ ᠳᠠᠮᠳᠢᠨᠰᠦ᠋ᠷᠦᠩ᠂ ᠶᠣ᠊ ∙ ᠵᠠᠩᠴᠤᠪ ᠨᠠᠷ ᠶᠤᠮ᠃[2]

ᠴᠠᠭᠠᠨ ᠲᠣᠯᠤᠭᠠᠢ

ᠳᠥᠷᠪᠡᠯᠵᠢᠨ ᠦᠰᠦᠭ ᠮᠣᠩᠭᠤᠯ ᠦᠰᠦᠭ ᠲᠥᠪᠡᠳ ᠦᠰᠦᠭ ᠦᠰᠦᠭ ‍ᠦᠨ ᠨᠡᠷ ‍ᠡ᠋ ᠭᠠᠯᠢᠭ ᠵᠢᠱᠢᠶ ‍ᠡ᠋
ꡀ ᠭᠠ᠊ ཀ ka k ᠭᠠᠭᠴᠠ "ᠶᠡᠬᠡ" ᠭᠡᠳᠡᠭ ᠦᠭᠡᠨ ᠳ᠋ᠦ ᠣᠷᠬᠤ ‍ᠢᠢᠨ ᠳᠡᠭᠡᠷ ‍ᠡ᠋ ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠭᠠᠯᠠᠪ᠌᠋
ꡁ ᠬᠠ᠊ ཁ kha kh ᠬᠡᠨ
ꡂ ᠭᠠ᠊ ག ga g ᠪᠢᠴᠢᠭ
ꡃ ᠩ ང nga ng ᠲᠡᠩᠷᠢ
ꡄ ᠵ ཅ ca c
ꡅ ᠴ ཆ cha ch ᠴᠠᠭᠠᠨ
ꡆ ᠵ ཇ ja j ᠵᠢᠯ
ꡇ ᠨᠢ ‍ᠠ᠋

ᠨᠢᠠ

ཉ nya ny
ꡈ ᠳᠠ᠊ ཏ ta t "ᠳᠠᠯᠠᠢ" ᠭᠡᠳᠡᠭ ᠦᠭᠡᠨ ᠳ᠋ᠦ ᠣᠷᠬᠤ ᠬᠢᠭᠡᠳ ᠶᠡᠬᠡᠪᠴᠢᠯᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠡᠷᠳᠡᠨᠢᠰ
ꡉ ᠲᠠ᠊ ཐ tha th ᠲᠤᠲᠤᠮ
ꡊ ᠳᠠ᠊

ᠳ᠋ᠠ᠊

ད da d ᠤᠷᠢᠳᠠ
ꡋ ᠨᠠ᠊ ན na n ᠮᠠᠨᠤ
ꡌ ᠪᠠ᠊ པ pa p ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠪᠤᠷᠬᠠᠨ
ꡍ ᠫᠠ᠊ ཕ pha ph
ꡎ ᠪᠠ᠊ བ ba b ᠪᠠᠰᠠ
ꡏ ᠮᠠ᠊ མ ma m ᠠᠮᠢᠲᠠᠨ
ꡐ ᠼᠠ᠊ ཙ tsa ts
ꡑ ᠱᠠ᠊ ཚ tsha tsh ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠱᠠᠰᠢᠨ
ꡒ ᠽᠠ᠊ ཛ dza dz
ꡓ ᠸᠠ᠊ ཝ wa w ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠸᠴᠢᠷ
ꡔ ᠱᠠ᠊ ཞ zha zh
ꡕ ᠰᠠ᠊ ཟ za z ᠵᠥᠪᠬᠡᠨ "ᠰᠠᠷᠠ/ᠰᠠᠷ ‍ᠠ᠋" ᠭᠡᠳᠡᠭ ᠦᠭᠡᠨ ᠳ᠋ᠦ ᠣᠷᠤᠮᠤᠢ
ꡖ ᠊ᠠ᠊

᠊ᠠ

འ -A - ᠢᠷᠭᠡᠨ᠂ ᠬᠠᠭᠠᠨ
ꡗ ᠶᠠ᠊ ཡ ya y ᠨᠠᠶᠠᠨ
ꡘ ᠷᠠ᠊ ར ra r ᠴᠡᠷᠢᠭ
ꡙ ᠯᠠ᠊ ལ la l ᠠᠯᠪᠠ
ꡚ ᠰᠢ᠊ ཤ sha sh ᠰᠢᠨ᠎ ‍ᠡ᠋
ꡛ ᠰᠠ᠊ ས sa s ᠡᠴᠦᠰ
ꡜ ᠾᠠ᠊ ཧ ha h ᠦᠭᠡ ‍ᠢᠢᠨ ᠡᠬᠢᠨ ᠳ᠋ᠦ ᠣᠷᠤᠪᠠᠯ ᠲᠡᠭ ᠲᠣᠯᠤᠭᠠᠢ ᠦᠰᠦᠭ ᠲᠡᠢ ᠦᠭᠡᠰ ᠲᠦ᠄ ᠠᠷᠪᠠᠨ
ꡝ ᠠ᠊ ཨ 'A ' ᠦᠯᠦ
ꡞ ᠢ᠊ ི i i -i hee -een
ꡟ ᠤ᠊ ུ u u ᠤᠰᠤᠨ
ꡠ ᠡ᠊ ེ e e ᠡᠳᠦᠭᠡ
ꡡ ᠣ᠊ ོ o o ᠣᠩᠭᠣᠴᠠ
ꡢ ᠬᠠ᠊ ཁ qa q ᠬᠠᠮᠤᠭ
ꡣ ᠬᠠ᠊ ཁྭ xa x ᠵᠥᠪᠬᠡᠨ ᠭᠠᠳᠠᠭᠠᠳᠤ ᠵᠢᠭᠡᠯᠡ ᠦᠭᠡᠰ ᠲᠦ ᠣᠷᠤᠮᠤᠢ᠄ ᠪᠤᠷᠬᠠᠨ
ꡤ ᠾᠸᠠ᠊ ཧྭ fa f
ꡥ ᠭᠠ᠊ ག gga
ꡦ ᠊ᠡ᠋ ‍ᠡ᠋ ཻ ee ee ᠡᠯᠳᠡᠪ
ꡧ ᠊ᠸᠠ᠊ ྭ ᠵᠡᠭᠦᠯᠲᠡ wa w
ꡨ ᠊ᠶᠠ᠊ ྱ ᠵᠡᠭᠦᠯᠲᠡ ya y
ᠨᠡᠮᠡᠯᠲᠡ
ꡩ ᠲᠠ᠊ ཊ tta tt षट्
पारमिता
ꡪ ᠲᠠ᠊ ཋ ttha tth प्रतिष्ठित
ꡫ ᠳ᠋ᠠ᠊ ཌ dda dd दण्डय
ꡬ ᠨᠠ᠊ ཎ nna nn पुण्य;
उष्णीष
ꡱ ᠊ᠷ ྲ ᠵᠡᠭᠦᠯᠲᠡ ra r मुद्रा
ꡲ ᠷ᠊ ར ᠲᠣᠯᠤᠭᠠᠢ ra r སངས་རྒྱས
ꡳ ᢀ ྃ ᠰᠠᠷᠠ ᠲᠠᠢ ᠪᠢᠨᠲᠦ ^ संहत

ᠴᠠᠬᠢᠮᠵᠢᠯᠲᠠ

ᠳᠥᠷᠪᠡᠯᠵᠢᠨ ᠪᠢᠴᠢᠭ ᠲᠦ Unicode ‍ᠤᠨ U+A840 ᠡᠴᠡ U+A87F ᠬᠦᠷᠲᠡᠯ ‍ᠡ᠋ 64 ᠲᠡᠮᠳᠡᠭᠲᠦ ‍ᠢᠢ ᠬᠤᠪᠢᠶᠠᠷᠢᠯᠠᠭᠰᠠᠨ ᠪᠠᠢᠢᠨ᠎ ‍ᠠ᠋᠃[3]

U+A84x U+A85x U+A86x U+A87x
0 ꡀ ꡐ ꡠ ꡰ
1 ꡁ ꡑ ꡡ ꡱ
2 ꡂ ꡒ ꡢ ꡲ
3 ꡃ ꡓ ꡣ ꡳ
4 ꡄ ꡔ ꡤ ꡴
5 ꡅ ꡕ ꡥ ꡵
6 ꡆ ꡖ ꡦ ꡶
7 ꡇ ꡗ ꡧ ꡷
8 ꡈ ꡘ ꡨ
9 ꡉ ꡙ ꡩ
A ꡊ ꡚ ꡪ
B ꡋ ꡛ ꡫ
C ꡌ ꡜ ꡬ
D ꡍ ꡝ ꡭ
E ꡎ ꡞ ꡮ
F ꡏ ꡟ ꡯ

ᠴᠠᠬᠢᠮ ᠲᠣᠭᠠᠴᠠᠭᠠᠯᠠᠭᠤᠷ ‍ᠤᠨ MS WIndows 10 ᠦᠢᠯᠡᠳᠦᠯ ‍ᠦᠨ ᠰᠢᠰᠲ᠋ᠧᠮ᠂ ᠭᠠᠷ ᠤᠲᠠᠰᠤᠨ ‍ᠤ ᠮᠦᠯᠲ᠋ᠢᠯᠢᠩ 0 ᠭᠠᠷ ᠲᠤ (Android ᠦᠢᠯᠡᠳᠦᠯ ‍ᠦᠨ ᠰᠢᠰᠲ᠋ᠧᠮ) ᠮᠣᠩᠭᠤᠯ ᠳᠥᠷᠪᠡᠯᠵᠢᠨ ᠪᠢᠴᠢᠭ ‍‍ᠢᠢᠡᠷ ᠰᠢᠪᠡᠬᠦ ᠭᠠᠷ ᠪᠠᠭᠲᠠᠭᠰᠠᠨ ᠪᠠᠢᠢᠳᠠᠭ᠃

ᠮᠥᠨ Microsoft PhagsPa ᠬᠡᠮᠡᠬᠦ ᠹᠣᠨ᠍ᠲ MS WIndows 10 ᠦᠢᠯᠡᠳᠦᠯ ‍ᠦᠨ ᠰᠢᠰᠲ᠋ᠧᠮ ᠲᠡᠢ ᠪᠡᠯᠡᠨ ᠢᠷᠡᠵᠦ ᠪᠠᠢᠢᠨ᠎ ‍ᠠ᠋᠃

MS WIndows 10 ᠦᠢᠯᠡᠳᠦᠯ ‍ᠦᠨ ᠰᠢᠰᠲ᠋ᠧᠮ ‍ᠳᠦ ᠮᠣᠩᠭᠤᠯ ᠳᠥᠷᠪᠡᠯᠵᠢᠨ ᠪᠢᠴᠢᠭ ‍ᠢᠢᠡᠷ ᠰᠢᠪᠡᠬᠦ ᠭᠠᠷ ᠪᠠᠭᠲᠠᠭᠰᠠᠨ ᠪᠠᠢᠢᠳᠠᠭ

ᠡᠬᠢ ᠰᠤᠷᠪᠤᠯᠵᠢ

1. ↑ ᠳ᠋᠊᠂ ᠴᠣᠢᠢᠵᠠᠯᠰᠦᠷᠦᠩ᠃ ᠮᠣᠩᠭᠤᠯ ᠳᠥᠷᠪᠡᠯᠵᠢᠨ ᠦᠰᠦᠭ᠃ ᠤᠯᠠᠭᠠᠨᠪᠠᠭᠠᠲᠤᠷ᠃ 1974
2. ↑ ᠯ᠊᠂ ᠴᠢᠯᠠᠭᠤᠨᠪᠠᠭᠠᠲᠤᠷ᠃ ᠨᠡᠭᠦᠳᠡᠯᠴᠢᠨ ᠮᠣᠩᠭᠤᠯᠴᠤᠳ ‍ᠤᠨ ᠪᠢᠴᠢᠭ ᠦᠰᠦᠭ ᠊ᠦᠨ ᠰᠣᠶᠤᠯ
3. ↑ Phags-pa. Range U+A840 ... U+A87F