"ᠳ᠋ᠷᠣᠨ (ᠨᠢᠰᠳᠡᠭ)"-ны өөр хувилбарууд

Wikibilig-с
(Edit)
(Link)
35-р мөр: 35-р мөр:
== ᠤᠳᠤᠷᠢᠳᠤᠯᠭ᠎ᠠ ==
== ᠤᠳᠤᠷᠢᠳᠤᠯᠭ᠎ᠠ ==
ᠳ᠋ᠷᠤᠨ ᠤ ᠤᠳᠤᠷᠢᠳᠤᠯᠭ᠎ᠠ ᠶᠢᠨ ᠰᠢᠰᠲ᠋ᠧᠮ ᠨᠢ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠪᠠ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠬᠤᠪᠢᠶᠠᠭᠳᠠᠨ᠎ᠠ᠃ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠲᠦ ᠨᠢᠰᠦᠯᠭᠡ ᠶᠢᠨ ᠤᠳᠤᠷᠢᠳᠤᠯᠭ᠎ᠠ ᠪᠤᠶᠤ ᠠᠦ᠋ᠲ᠋ᠣᠫᠢᠯᠣᠲ᠂ ᠬᠣᠯᠪᠣᠭᠠᠨ ᠤ ᠲᠥᠬᠦᠭᠡᠷᠦᠮᠵᠢ᠂ ᠮᠡᠳᠡᠷᠡᠭᠴᠢ ᠪᠣᠯᠤᠨ ᠲᠤᠰᠠᠯᠠᠬᠤ ᠲᠥᠬᠦᠭᠡᠷᠦᠮᠵᠢ ᠨᠦᠭᠦᠳ ᠪᠠᠭᠠᠳᠤᠨ᠎ᠠ᠃ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠵᠠᠢ ᠶᠢᠨ ᠤᠳᠤᠷᠢᠳᠤᠯᠭ᠎ᠠ ᠶᠢᠨ ᠲᠥᠬᠥᠭᠡᠷᠦᠮᠵᠢ᠂ ᠫᠷᠣᠭ᠌ᠷᠠᠮ ᠬᠠᠩᠭᠠᠮᠵᠢ᠂ ᠬᠣᠯᠪᠣᠭᠠᠨ ᠤ ᠲᠥᠬᠥᠭᠡᠷᠦᠮᠵᠢ᠂ ᠬᠢᠨᠠᠯᠲᠠ ᠶᠢᠨ ᠳᠡᠯᠭᠡᠴᠡ ᠪᠠᠭᠠᠳᠤᠨ᠎ᠠ᠃<ref>Flight Control System Description. UAV Navigation. ᠬᠠᠩᠳᠤᠭᠰᠠᠨ 2022/10/23 https᠄//www.uavnavigation.com/support/kb/general/general-system-info/flight-control-system-description</ref>
ᠳ᠋ᠷᠤᠨ ᠤ ᠤᠳᠤᠷᠢᠳᠤᠯᠭ᠎ᠠ ᠶᠢᠨ ᠰᠢᠰᠲ᠋ᠧᠮ ᠨᠢ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠪᠠ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠬᠤᠪᠢᠶᠠᠭᠳᠠᠨ᠎ᠠ᠃ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠲᠦ ᠨᠢᠰᠦᠯᠭᠡ ᠶᠢᠨ ᠤᠳᠤᠷᠢᠳᠤᠯᠭ᠎ᠠ ᠪᠤᠶᠤ ᠠᠦ᠋ᠲ᠋ᠣᠫᠢᠯᠣᠲ᠂ ᠬᠣᠯᠪᠣᠭᠠᠨ ᠤ ᠲᠥᠬᠦᠭᠡᠷᠦᠮᠵᠢ᠂ ᠮᠡᠳᠡᠷᠡᠭᠴᠢ ᠪᠣᠯᠤᠨ ᠲᠤᠰᠠᠯᠠᠬᠤ ᠲᠥᠬᠦᠭᠡᠷᠦᠮᠵᠢ ᠨᠦᠭᠦᠳ ᠪᠠᠭᠠᠳᠤᠨ᠎ᠠ᠃ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠵᠠᠢ ᠶᠢᠨ ᠤᠳᠤᠷᠢᠳᠤᠯᠭ᠎ᠠ ᠶᠢᠨ ᠲᠥᠬᠥᠭᠡᠷᠦᠮᠵᠢ᠂ ᠫᠷᠣᠭ᠌ᠷᠠᠮ ᠬᠠᠩᠭᠠᠮᠵᠢ᠂ ᠬᠣᠯᠪᠣᠭᠠᠨ ᠤ ᠲᠥᠬᠥᠭᠡᠷᠦᠮᠵᠢ᠂ ᠬᠢᠨᠠᠯᠲᠠ ᠶᠢᠨ ᠳᠡᠯᠭᠡᠴᠡ ᠪᠠᠭᠠᠳᠤᠨ᠎ᠠ᠃<ref>Flight Control System Description. UAV Navigation. ᠬᠠᠩᠳᠤᠭᠰᠠᠨ 2022/10/23 https᠄//www.uavnavigation.com/support/kb/general/general-system-info/flight-control-system-description</ref>
ᠮᠡᠳᠡᠷᠡᠭᠴᠢ ᠨᠦᠭᠦᠳ ᠨᠢ ᠥᠨᠳᠦᠷ᠂ ᠪᠠᠶ᠋ᠢᠷᠢᠰᠢᠯ᠂ ᠬᠤᠷᠳᠤ ᠪᠣᠯᠤᠨ ᠪᠤᠰᠤᠳ ᠨᠥᠬᠥᠴᠡᠯ ᠪᠠᠶ᠋ᠢᠳᠠᠯ ᠤᠨ ᠦᠵᠡᠭᠦᠯᠦᠯᠲᠡ ᠨᠦᠭᠦᠳ ᠢ ᠲᠣᠳᠣᠷᠬᠠᠶ᠋ᠢᠯᠠᠵᠤ᠂ ᠢᠳᠡᠪᠬᠢᠵᠢᠭᠦᠯᠦᠭᠴᠢ ᠨᠦᠭᠦᠳ ᠲᠦ ᠳᠠᠮᠵᠢᠭᠤᠯᠤᠨ᠎ᠠ᠃<ref>Floreano, Dario; Wood, Robert J. (2015/05/27). "Science, technology and the future of small autonomous drones". ''Nature''. '''521''' (7553): 460–466. https://infoscience.epfl.ch/record/208757</ref> ᠮᠥᠨ ᠣᠶ᠋ᠢᠷᠠᠳᠤᠨ ᠢᠷᠡᠵᠦ ᠪᠤᠢ ᠵᠦᠢᠯ ᠢ ᠮᠡᠳᠡᠷᠡᠵᠦ᠂ ᠬᠥᠯᠥᠭ ᠲᠣᠭᠣᠷᠢᠨ ᠭᠠᠷᠬᠤ᠂ ᠮᠥᠷᠭᠥᠯᠳᠦᠭᠡᠨ ᠡᠴᠡ ᠵᠠᠶ᠋ᠢᠯᠠᠬᠤ ᠦᠢᠯᠡᠳᠦᠯ ᠢ ᠡᠬᠢᠯᠡᠭᠦᠯᠬᠦ ᠳᠦ ᠣᠷᠣᠯᠴᠠᠨ᠎ᠠ᠃<ref>Fasano, Giancarmine; Accardo, Domenico; Tirri, Anna Elena; Moccia, Antonio; De Lellis, Ettore (2015/10/01). "Radar/electro-optical data fusion for non-cooperative UAS sense and avoid". ''Aerospace Science and Technology''. 46: 436–450. https://www.sciencedirect.com/science/article/pii/S1270963815002540?via%3Dihub</ref>
ᠡᠷᠬᠡ ᠴᠢᠯᠦᠭᠡᠨ ᠦ ᠵᠡᠷᠭᠡ ᠭᠡᠳᠡᠭ ᠨᠢ ᠬᠥᠯᠥᠭ ᠳ᠋ᠡᠬᠢ ᠮᠡᠳᠡᠷᠡᠭᠴᠢ ᠨᠦᠭᠦᠳ ᠦᠨ ᠲᠣᠭ᠎ᠠ ᠪᠠ ᠴᠢᠨᠠᠷ ᠢᠢᠠᠷ ᠲᠣᠳᠣᠷᠬᠠᠶ᠋ᠢᠯᠠᠭᠳᠠᠨ᠎ᠠ᠃ ᠡᠷᠬᠡ ᠴᠢᠯᠦᠭᠡᠨ ᠦ 6 ᠵᠡᠷᠭᠡ ᠨᠢ 3 ᠲᠡᠩᠬᠡᠯᠢᠭᠲᠦ ᠭᠢᠷᠣᠰᠻᠣᠫ ᠪᠣᠯᠤᠨ ᠬᠤᠷᠳᠤᠳᠬᠠᠯ ᠬᠡᠮᠵᠢᠭᠦᠷ᠂ 9 ᠵᠡᠷᠭᠡ ᠨᠢ ᠬᠤᠷᠳᠤᠳᠬᠠᠯ ᠬᠡᠮᠵᠢᠭᠦᠷ ᠪᠣᠯᠤᠨ ᠯᠤᠤᠵᠢᠩ᠂ 10 ᠵᠡᠷᠭᠡ ᠪᠣᠯ ᠳᠠᠷᠤᠯᠲᠠ ᠬᠡᠮᠵᠢᠬᠦ ᠪᠠᠷᠣᠮᠧᠲ᠋ᠷ ᠨᠡᠮᠡᠭᠳᠡᠨ᠎ᠡ᠂ 11 ᠵᠡᠷᠭᠡ ᠪᠣᠯ ᠭᠠᠵᠠᠷ ᠵᠦᠢ ᠶᠢᠨ ᠪᠠᠶ᠋ᠢᠷᠢᠰᠢᠯ ᠤᠨ ᠰᠢᠰᠲ᠋ᠧᠮ ᠦᠨ (GPS) ᠬᠦᠯᠢᠶᠡᠨ ᠠᠪᠤᠭᠴᠢ ᠨᠡᠮᠡᠭᠳᠡᠨ᠎ᠡ᠃<ref>"Arduino Playground – WhatIsDegreesOfFreedom6DOF9DOF10DOF11DOF". ''playground.arduino.cc''. ᠬᠠᠨᠳᠤᠭᠰᠠᠨ 2016/02/04. https://playground.arduino.cc/Main/WhatIsDegreesOfFreedom6DOF9DOF10DOF11DOF/</ref>
ᠢᠳᠡᠪᠬᠢᠵᠢᠭᠦᠯᠦᠭᠴᠢ ᠨᠦᠭᠦᠳ ᠨᠢ ᠬᠥᠳᠡᠯᠭᠡᠭᠦᠷ ᠲᠦ ᠬᠣᠯᠪᠣᠭᠰᠠᠨ ᠬᠤᠷᠳᠤ ᠬᠢᠨᠠᠭᠴᠢ᠂ ᠵᠡᠪᠰᠡᠭ᠂ ᠪᠤᠰᠤᠳ ᠠᠴᠢᠶᠠᠨ ᠤ ᠲᠥᠬᠥᠭᠡᠷᠦᠮᠵᠢ᠂ LED ᠭᠡᠷᠡᠯ᠂ ᠶᠠᠷᠢᠭᠴᠢ ᠭᠡᠬᠦ ᠵᠡᠷᠭᠡ ᠪᠠᠶ᠋ᠢᠨ᠎ᠠ᠃


<br>
<br>

20:02, 29 Аравдугаар сар 2022-ий байдлаарх засвар


align: top
ᠮᠣᠩᠭᠤᠯ ᠤᠯᠤᠰ ‍ᠤᠨ ᠵᠡᠪᠰᠡᠭᠲᠦ ᠬᠦᠴᠦᠨ ‍ᠦ ᠪᠦᠷᠢᠯᠳᠦᠬᠦᠨ ‍ᠳᠦ ᠳ᠋ᠷᠣᠨ ‍ᠤ ᠰᠤᠷᠭᠤᠯᠲᠠ ᠶᠠᠪᠤᠭᠳᠠᠭᠰᠠᠨ ᠠᠨᠤ


ᠨᠢᠰᠳᠡᠭ ᠳ᠋ᠷᠣᠨ ᠭᠡᠳᠡᠭ ᠨᠢ ᠠᠯᠤᠰ ‍ᠤᠨ ᠤᠳᠤᠷᠢᠳᠤᠯᠭ᠎ᠠ ᠲᠠᠢ᠂ ᠡᠰᠡᠪᠡᠯ ᠥᠪᠡᠷ ‍ᠦᠨ ᠲᠡᠭᠡᠭᠡᠵᠦ ᠶᠠᠪᠤᠭ᠎ᠠ ᠴᠠᠬᠢᠮ ᠲᠣᠭᠠᠴᠠᠭᠠᠯᠠᠭᠣᠷ ‍ᠢᠢᠠᠷ ᠤᠳᠤᠷᠢᠳᠤᠭᠳᠠᠳᠠᠭ ᠨᠢᠰᠬᠦ ᠲᠥᠬᠦᠭᠡᠷᠦᠮᠵᠢ ᠶᠤᠮ᠃ ᠨᠢᠰᠳᠡᠭ ᠳ᠋ᠷᠣᠨ ‍ᠢ ᠠᠵᠢᠭᠯᠠᠯᠲᠠ᠂ ᠬᠢᠨᠠᠯᠲᠠ᠂ ᠰᠤᠳᠤᠯᠭ᠎ᠠ᠂ ᠭᠡᠷᠡᠯ ᠵᠢᠷᠤᠭᠯᠠᠯ᠂ ᠴᠡᠩᠭᠡᠭᠡᠨ ᠵᠡᠷᠭᠡ ᠶᠠᠩᠵᠤ ᠪᠦᠷᠢ ‍ᠢᠢᠨ ᠵᠣᠷᠢᠯᠭ᠎ᠠ ᠳ᠋ᠤ ᠠᠰᠢᠭᠯᠠᠳᠠᠭ᠃

ᠬᠢᠴᠡ

ᠵᠠᠷᠢᠮ ᠲᠣᠬᠢᠶᠠᠯᠳᠤᠯ ᠳᠤ ᠳ᠋ᠷᠤᠨ ᠢ ᠨᠢᠰᠬᠡᠭᠴᠢ ᠲᠡᠢ ᠣᠩᠭᠣᠴᠠᠨ ᠤ ᠬᠢᠴᠡ ᠵᠠᠭᠪᠤᠷ ᠢ ᠪᠠᠷᠢᠮᠲᠠᠯᠠᠵᠤ ᠬᠢᠳᠡᠭ᠃ ᠢᠯᠭᠠᠭ᠎ᠠ ᠨᠢ ᠭᠡᠪᠡᠯ ᠨᠢᠰᠬᠡᠭᠴᠢ ᠦᠭᠡᠢ ᠣᠩᠭᠣᠴᠠ ᠨᠢ ᠨᠢᠰᠬᠡᠭᠴᠢ ᠶᠢᠨ ᠪᠦᠬᠡᠭᠡᠭ᠂ ᠴᠣᠩᠬᠣ᠂ ᠠᠮᠢᠨ ᠬᠠᠩᠭᠠᠮᠵᠢ ᠶᠢᠨ ᠰᠢᠰᠲ᠋ᠧᠮ ᠬᠡᠷᠡᠭ ᠦᠭᠡᠢ ᠲᠤᠯᠠ ᠵᠠᠢ᠂ ᠵᠢᠩ ᠬᠡᠮᠨᠡᠬᠦ᠂ ᠲᠡᠭᠦᠨᠴᠢᠯᠡᠨ ᠢᠯᠡᠭᠦᠦ ᠬᠥᠩᠭᠡᠨ᠂ ᠬᠢᠮᠳᠠ ᠲᠦᠭᠦᠬᠡᠢ ᠡᠳ᠋ ᠠᠰᠢᠭᠯᠠᠬᠤ ᠪᠣᠯᠤᠮᠵᠢ ᠲᠠᠢ᠃ ᠵᠠᠷᠢᠮ ᠵᠠᠭᠪᠤᠷ ᠨᠢ ᠨᠢᠰᠬᠡᠭᠴᠢ ᠲᠡᠢ ᠪᠣᠯᠤᠨ ᠨᠢᠰᠬᠡᠭᠴᠢ ᠦᠭᠡᠢ ᠬᠣᠶᠠᠷ ᠭᠣᠷᠢᠮ ᠢᠢᠠᠷ ᠠᠵᠢᠯᠯᠠᠬᠤ ᠪᠠᠷ ᠵᠣᠬᠢᠶᠠᠭᠳᠠᠭᠰᠠᠨ ᠪᠠᠶ᠋ᠢᠳᠠᠭ᠃

ᠨᠢᠰᠳᠡᠭ ᠳᠠᠯᠠᠪᠴᠢ ᠪᠣᠯᠤᠨ ᠳᠠᠯᠠᠪᠴᠢ᠂ ᠶᠡᠬᠡ ᠪᠡᠶ᠎ᠡ ᠠᠭᠤᠰᠤᠨ ᠨᠡᠶ᠋ᠢᠯᠡᠭᠰᠡᠨ ᠵᠠᠭᠪᠤᠷ ᠢ ᠲᠦᠭᠡᠮᠡᠯ ᠬᠡᠷᠡᠭᠯᠡᠨ᠎ᠡ᠃ ᠡᠶ᠋ᠢᠮᠦ ᠬᠢᠴᠡ ᠨᠢ ᠵᠢᠩ᠂ ᠠᠭᠠᠷ ᠤᠨ ᠡᠰᠡᠷᠭᠦᠴᠡᠯ ᠢ ᠪᠠᠭᠤᠷᠠᠭᠤᠯᠬᠤ ᠶᠢᠨ ᠵᠡᠷᠭᠡᠴᠡᠭᠡ ᠣᠩᠭᠣᠴᠠ ᠢᠯᠡᠷᠡᠭᠦᠯᠬᠦ ᠠᠯᠢᠪᠠ ᠲᠧᠻᠨᠣᠯᠣᠭᠢ ᠶᠢᠨ ᠲᠥᠬᠦᠭᠡᠷᠦᠮᠵᠢ ᠳᠦ ᠢᠯᠡᠷᠡᠬᠦ ᠦᠭᠡᠢ ᠨᠢᠭᠤᠴᠠ ᠨᠢᠰᠬᠦ ᠳᠦ ᠪᠠᠰᠠ ᠲᠣᠬᠢᠷᠠᠮᠵᠢᠲᠠᠢ ᠪᠠᠶ᠋ᠢᠳᠠᠭ᠃

ᠵᠢᠵᠢᠭ ᠬᠡᠮᠵᠢᠶᠡᠨ ᠦ ᠳ᠋ᠷᠤᠨ ᠳᠤ ᠳᠥᠷᠪᠡᠨ ᠰᠡᠩᠰᠡᠳᠦ ᠪᠣᠰᠤᠭ᠎ᠠ ᠲᠡᠩᠬᠡᠯᠢᠭ ᠢᠢᠡᠷ ᠬᠥᠭᠡᠷᠬᠦ ᠵᠠᠭᠪᠤᠷ ᠢ ᠥᠷᠭᠡᠨ ᠬᠡᠷᠡᠭᠯᠡᠵᠦ ᠪᠠᠶ᠋ᠢᠨ᠎ᠠ᠃[1]

ᠲᠡᠭᠦᠨᠴᠢᠯᠡᠨ ᠰᠢᠪᠠᠭᠤ᠂ ᠰᠢᠪᠠᠵᠢᠨ ᠤ ᠬᠡᠯᠪᠡᠷᠢ ᠲᠡᠢ ᠪᠢᠴᠢᠯ ᠳ᠋ᠷᠤᠨ ᠠᠰᠢᠭᠯᠠᠭᠳᠠᠳᠠᠭ᠃ ᠵᠢᠵᠢᠭ ᠬᠡᠮᠵᠢᠶ᠎ᠡ ᠲᠡᠢ᠂ ᠳ᠋ᠷᠤᠨ ᠭᠡᠵᠦ ᠬᠢᠯᠪᠠᠷ ᠮᠡᠳᠡᠭᠳᠡᠬᠦ ᠦᠭᠡᠢ ᠲᠤᠯᠠ ᠲᠠᠩᠨᠠᠭᠤᠯ ᠤᠨ ᠦᠢᠯᠡ ᠠᠵᠢᠯᠯᠠᠭᠠᠨ ᠳᠤ ᠬᠡᠷᠡᠭᠯᠡᠬᠦ ᠪᠣᠯᠤᠮᠵᠢ ᠲᠠᠢ᠃ ᠡᠶ᠋ᠢᠮᠦ ᠲᠥᠷᠥᠯ ᠦᠨ ᠳ᠋ᠷᠤᠨ ᠨᠢ ᠳᠠᠯᠠᠪᠴᠢ ᠳᠢᠪᠢᠵᠦ ᠨᠢᠰᠦᠨ᠎ᠡ᠃

ᠰᠢᠩᠭᠠᠫᠦ᠋ᠷ ᠤᠨ ᠲᠧᠻᠨᠣᠯᠣᠭᠢ ᠶᠢᠨ ᠨᠠᠨᠢᠶᠠᠩ ᠶᠡᠬᠡ ᠰᠤᠷᠭᠠᠭᠤᠯᠢ ᠪᠠ ᠻᠠᠯᠢᠹᠣᠷᠨᠢᠶ᠎ᠠ ᠶᠢᠨ ᠪᠧᠷᠻᠯᠧᠢ ᠶᠡᠬᠡ ᠰᠤᠷᠭᠠᠭᠤᠯᠢ ᠶᠢᠨ ᠪᠠᠭ ᠠᠮᠢᠳᠤ ᠴᠣᠬᠣ ᠶᠢ ᠠᠰᠢᠭᠯᠠᠨ ᠰᠢᠪᠠᠵᠢ ᠻᠣᠮᠫᠢᠶᠦ᠋ᠲ᠋ᠧᠷ ᠦᠨ ᠬᠣᠣᠰᠯᠠᠯ ᠷᠣᠪᠣᠲ ᠪᠦᠲᠦᠭᠡᠵᠡᠢ᠃

ᠴᠣᠬᠣ ᠬᠣᠷᠣᠬᠠᠢ ᠬᠤᠷᠳᠤᠨ ᠪᠥᠭᠡᠳ ᠠᠭᠠᠷ ᠲᠤ ᠪᠠᠶ᠋ᠢᠯᠭᠠᠬᠤ ᠶᠢᠨ ᠲᠤᠯᠠᠳᠠ ᠶᠠᠮᠠᠷ ᠴᠤ ᠢᠨ᠍ᠵᠧᠨᠧᠷᠴᠢᠯᠡᠯ ᠱᠠᠭᠠᠷᠳᠠᠯᠭ᠎ᠠ ᠦᠭᠡᠢ ᠲᠤᠯᠠ ᠳ᠋ᠷᠤᠨ ᠢ ᠣᠷᠣᠯᠠᠵᠤ ᠪᠣᠯᠤᠨ᠎ᠠ ᠭᠡᠵᠦ ᠲᠡᠳᠡ ᠦᠵᠡᠵᠦ ᠪᠠᠶ᠋ᠢᠨ᠎ᠠ᠃[2]

ᠬᠥᠳᠡᠯᠭᠡᠭᠦᠷ

ᠳ᠋ᠷᠤᠨ ᠤ ᠬᠥᠳᠡᠯᠭᠡᠭᠦᠷ ᠨᠢ ᠲᠦᠯᠡᠰᠢᠨ ᠦ᠂ ᠬᠣᠯᠢᠮᠠᠭ (ᠾᠢᠪᠷᠢᠳ᠋)᠂ ᠴᠠᠬᠢᠯᠭᠠᠨ ᠪᠠᠶ᠋ᠢᠵᠤ ᠪᠣᠯᠳᠠᠭ᠃ ᠳ᠋ᠷᠤᠨ ᠤ ᠬᠥᠳᠡᠯᠭᠡᠭᠦᠷ ᠦᠨ ᠲᠧᠻᠨᠣᠯᠣᠭᠢ ᠨᠢ ᠨᠢᠰᠦᠯᠭᠡ ᠶᠢᠨ ᠣᠨᠴᠠᠯᠢᠭ ᠱᠠᠭᠠᠷᠳᠠᠯᠭ᠎ᠠ ᠨᠤᠭᠤᠳ ᠲᠠᠢ ᠨᠢᠭᠲᠠ ᠤᠶᠠᠯᠳᠤᠭ᠎ᠠ ᠲᠠᠢ ᠪᠠᠶ᠋ᠢᠳᠠᠭ᠃[3]

ᠬᠣᠯᠠ ᠶᠢᠨ ᠵᠠᠢ ᠳᠤ ᠨᠢᠰᠬᠦ ᠲᠥᠬᠥᠭᠡᠷᠦᠮᠵᠢ ᠳᠦ ᠳᠣᠲᠣᠭᠠᠳᠤ ᠰᠢᠲᠠᠯᠲᠠ ᠶᠢᠨ ᠪᠣᠯᠤᠨ ᠲᠡᠶ᠋ᠢᠷᠦᠯᠲᠡᠲᠦ ᠬᠥᠳᠡᠯᠭᠡᠭᠦᠷ ᠠᠰᠢᠭᠯᠠᠳᠠᠭ᠃ ᠬᠠᠷᠢᠨ ᠣᠶ᠋ᠢᠷ᠎ᠠ ᠶᠢᠨ ᠵᠠᠢ ᠶᠢᠨ ᠨᠢᠰᠦᠯᠭᠡ ᠳ᠋ᠦ ᠴᠠᠬᠢᠯᠭᠠᠨ ᠬᠥᠳᠡᠯᠭᠡᠭᠦᠷ ᠪᠠᠶ᠋ᠢᠷᠢ ᠰᠠᠭᠤᠷᠢ ᠪᠠᠨ ᠪᠦᠷᠢᠨ ᠡᠵᠡᠯᠡᠭᠰᠡᠨ᠃

ᠳᠣᠲᠣᠭᠠᠳᠤ ᠰᠢᠲᠠᠯᠲᠠ ᠶᠢᠨ ᠬᠥᠳᠡᠯᠭᠡᠭᠦᠷ ᠦᠨ ᠲᠤᠬᠠᠢ ᠳᠤ ᠵᠠᠷᠢᠮ ᠳ᠋ᠷᠤᠨ ᠳᠤ ᠸᠠᠨ᠍ᠻᠧᠯ ‍ᠦᠨ ᠡᠷᠭᠢᠯᠲᠡᠲᠦ ᠬᠥᠳᠡᠯᠭᠡᠭᠦᠷ (Wankel rotary engine) ᠠᠵᠢᠯᠯᠠᠭᠤᠯᠵᠤ ᠪᠠᠶ᠋ᠢᠨ᠎ᠠ᠃ ᠡᠶ᠋ᠢᠮᠦ ᠬᠥᠳᠡᠯᠭᠡᠭᠦᠷ ᠪᠦᠯᠢᠭᠦᠷ ᠦᠭᠡᠢ᠂ ᠪᠠᠭ᠎ᠠ ᠵᠢᠩ ᠲᠡᠢ ᠪᠣᠯᠪᠠᠴᠤ ᠴᠢᠳᠠᠯ ᠥᠨᠳᠥᠷ ᠲᠡᠢ᠂ ᠳᠠᠭᠤᠤ ᠴᠢᠮᠡᠭᠡ ᠪᠠᠭ᠎ᠠ᠂ ᠴᠡᠴᠡᠷᠡᠭᠡ ᠦᠭᠡᠢ ᠠᠵᠢᠯᠯᠠᠳᠠᠭ᠃

ᠴᠠᠬᠢᠯᠭᠠᠨ ᠬᠥᠳᠡᠯᠭᠡᠭᠦᠷ ᠦᠨ ᠲᠤᠬᠠᠢ ᠳᠤ ᠪᠠᠭ᠎ᠠ ᠣᠪᠣᠷ ᠤᠨ ᠳ᠋ᠷᠤᠨ ᠳᠤ ᠯᠢᠲᠢᠶᠤᠮ-ᠫᠣᠯᠢᠮᠧᠷ (lithium-polymer) ᠵᠠᠢ ᠬᠡᠷᠡᠭᠯᠡᠳᠡᠭ᠂ ᠬᠠᠷᠢᠨ ᠲᠣᠮᠣ ᠵᠠᠭᠪᠤᠷ ᠤᠨ ᠳᠠᠷᠤᠨ ᠳᠤ ᠤᠰᠤ ᠲᠥᠷᠦᠭᠴᠢ ᠶᠢᠨ ᠵᠠᠢ (hydrogen fuel cell) ᠬᠡᠷᠡᠭᠯᠡᠨ᠎ᠡ᠃ ᠴᠠᠬᠢᠯᠭᠠᠨ ᠬᠥᠳᠡᠯᠭᠡᠭᠦᠷ ᠬᠢᠮᠳᠠ ᠲᠥᠰᠥᠷ᠂ ᠬᠥᠩᠭᠡᠨ᠂ ᠳᠠᠭᠤᠤ ᠴᠢᠮᠡᠭᠡ ᠪᠠᠭᠠᠲᠠᠢ ᠨᠢ ᠳᠠᠪᠠᠭᠤ ᠲᠠᠯ᠎ᠠ ᠪᠣᠯᠳᠠᠭ᠃

ᠤᠳᠤᠷᠢᠳᠤᠯᠭ᠎ᠠ

ᠳ᠋ᠷᠤᠨ ᠤ ᠤᠳᠤᠷᠢᠳᠤᠯᠭ᠎ᠠ ᠶᠢᠨ ᠰᠢᠰᠲ᠋ᠧᠮ ᠨᠢ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠪᠠ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠬᠤᠪᠢᠶᠠᠭᠳᠠᠨ᠎ᠠ᠃ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠲᠦ ᠨᠢᠰᠦᠯᠭᠡ ᠶᠢᠨ ᠤᠳᠤᠷᠢᠳᠤᠯᠭ᠎ᠠ ᠪᠤᠶᠤ ᠠᠦ᠋ᠲ᠋ᠣᠫᠢᠯᠣᠲ᠂ ᠬᠣᠯᠪᠣᠭᠠᠨ ᠤ ᠲᠥᠬᠦᠭᠡᠷᠦᠮᠵᠢ᠂ ᠮᠡᠳᠡᠷᠡᠭᠴᠢ ᠪᠣᠯᠤᠨ ᠲᠤᠰᠠᠯᠠᠬᠤ ᠲᠥᠬᠦᠭᠡᠷᠦᠮᠵᠢ ᠨᠦᠭᠦᠳ ᠪᠠᠭᠠᠳᠤᠨ᠎ᠠ᠃ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠵᠠᠢ ᠶᠢᠨ ᠤᠳᠤᠷᠢᠳᠤᠯᠭ᠎ᠠ ᠶᠢᠨ ᠲᠥᠬᠥᠭᠡᠷᠦᠮᠵᠢ᠂ ᠫᠷᠣᠭ᠌ᠷᠠᠮ ᠬᠠᠩᠭᠠᠮᠵᠢ᠂ ᠬᠣᠯᠪᠣᠭᠠᠨ ᠤ ᠲᠥᠬᠥᠭᠡᠷᠦᠮᠵᠢ᠂ ᠬᠢᠨᠠᠯᠲᠠ ᠶᠢᠨ ᠳᠡᠯᠭᠡᠴᠡ ᠪᠠᠭᠠᠳᠤᠨ᠎ᠠ᠃[4]

ᠮᠡᠳᠡᠷᠡᠭᠴᠢ ᠨᠦᠭᠦᠳ ᠨᠢ ᠥᠨᠳᠦᠷ᠂ ᠪᠠᠶ᠋ᠢᠷᠢᠰᠢᠯ᠂ ᠬᠤᠷᠳᠤ ᠪᠣᠯᠤᠨ ᠪᠤᠰᠤᠳ ᠨᠥᠬᠥᠴᠡᠯ ᠪᠠᠶ᠋ᠢᠳᠠᠯ ᠤᠨ ᠦᠵᠡᠭᠦᠯᠦᠯᠲᠡ ᠨᠦᠭᠦᠳ ᠢ ᠲᠣᠳᠣᠷᠬᠠᠶ᠋ᠢᠯᠠᠵᠤ᠂ ᠢᠳᠡᠪᠬᠢᠵᠢᠭᠦᠯᠦᠭᠴᠢ ᠨᠦᠭᠦᠳ ᠲᠦ ᠳᠠᠮᠵᠢᠭᠤᠯᠤᠨ᠎ᠠ᠃[5] ᠮᠥᠨ ᠣᠶ᠋ᠢᠷᠠᠳᠤᠨ ᠢᠷᠡᠵᠦ ᠪᠤᠢ ᠵᠦᠢᠯ ᠢ ᠮᠡᠳᠡᠷᠡᠵᠦ᠂ ᠬᠥᠯᠥᠭ ᠲᠣᠭᠣᠷᠢᠨ ᠭᠠᠷᠬᠤ᠂ ᠮᠥᠷᠭᠥᠯᠳᠦᠭᠡᠨ ᠡᠴᠡ ᠵᠠᠶ᠋ᠢᠯᠠᠬᠤ ᠦᠢᠯᠡᠳᠦᠯ ᠢ ᠡᠬᠢᠯᠡᠭᠦᠯᠬᠦ ᠳᠦ ᠣᠷᠣᠯᠴᠠᠨ᠎ᠠ᠃[6]

ᠡᠷᠬᠡ ᠴᠢᠯᠦᠭᠡᠨ ᠦ ᠵᠡᠷᠭᠡ ᠭᠡᠳᠡᠭ ᠨᠢ ᠬᠥᠯᠥᠭ ᠳ᠋ᠡᠬᠢ ᠮᠡᠳᠡᠷᠡᠭᠴᠢ ᠨᠦᠭᠦᠳ ᠦᠨ ᠲᠣᠭ᠎ᠠ ᠪᠠ ᠴᠢᠨᠠᠷ ᠢᠢᠠᠷ ᠲᠣᠳᠣᠷᠬᠠᠶ᠋ᠢᠯᠠᠭᠳᠠᠨ᠎ᠠ᠃ ᠡᠷᠬᠡ ᠴᠢᠯᠦᠭᠡᠨ ᠦ 6 ᠵᠡᠷᠭᠡ ᠨᠢ 3 ᠲᠡᠩᠬᠡᠯᠢᠭᠲᠦ ᠭᠢᠷᠣᠰᠻᠣᠫ ᠪᠣᠯᠤᠨ ᠬᠤᠷᠳᠤᠳᠬᠠᠯ ᠬᠡᠮᠵᠢᠭᠦᠷ᠂ 9 ᠵᠡᠷᠭᠡ ᠨᠢ ᠬᠤᠷᠳᠤᠳᠬᠠᠯ ᠬᠡᠮᠵᠢᠭᠦᠷ ᠪᠣᠯᠤᠨ ᠯᠤᠤᠵᠢᠩ᠂ 10 ᠵᠡᠷᠭᠡ ᠪᠣᠯ ᠳᠠᠷᠤᠯᠲᠠ ᠬᠡᠮᠵᠢᠬᠦ ᠪᠠᠷᠣᠮᠧᠲ᠋ᠷ ᠨᠡᠮᠡᠭᠳᠡᠨ᠎ᠡ᠂ 11 ᠵᠡᠷᠭᠡ ᠪᠣᠯ ᠭᠠᠵᠠᠷ ᠵᠦᠢ ᠶᠢᠨ ᠪᠠᠶ᠋ᠢᠷᠢᠰᠢᠯ ᠤᠨ ᠰᠢᠰᠲ᠋ᠧᠮ ᠦᠨ (GPS) ᠬᠦᠯᠢᠶᠡᠨ ᠠᠪᠤᠭᠴᠢ ᠨᠡᠮᠡᠭᠳᠡᠨ᠎ᠡ᠃[7]


ᠢᠳᠡᠪᠬᠢᠵᠢᠭᠦᠯᠦᠭᠴᠢ ᠨᠦᠭᠦᠳ ᠨᠢ ᠬᠥᠳᠡᠯᠭᠡᠭᠦᠷ ᠲᠦ ᠬᠣᠯᠪᠣᠭᠰᠠᠨ ᠬᠤᠷᠳᠤ ᠬᠢᠨᠠᠭᠴᠢ᠂ ᠵᠡᠪᠰᠡᠭ᠂ ᠪᠤᠰᠤᠳ ᠠᠴᠢᠶᠠᠨ ᠤ ᠲᠥᠬᠥᠭᠡᠷᠦᠮᠵᠢ᠂ LED ᠭᠡᠷᠡᠯ᠂ ᠶᠠᠷᠢᠭᠴᠢ ᠭᠡᠬᠦ ᠵᠡᠷᠭᠡ ᠪᠠᠶ᠋ᠢᠨ᠎ᠠ᠃


ᠳᠠᠪᠠᠭᠤ ᠲᠠᠯ᠎ᠠ

ᠲᠠᠨ ‍ᠤ ᠪᠢᠴᠢᠪᠦᠷᠢ

ᠡᠮᠵᠡᠭ ᠲᠠᠯ᠎ᠠ

ᠲᠠᠨ ‍ᠤ

ᠨᠡᠷ᠎ᠡ ᠲᠣᠮᠢᠶᠠᠯᠠᠯ

ᠤᠳᠤᠷᠢᠳᠤᠯᠭ᠎ᠠ - control

ᠨᠢᠰᠦᠯᠭᠡ ᠶᠢᠨ ᠤᠳᠤᠷᠢᠳᠤᠯᠭ᠎ᠠ - flight controller

ᠠᠦ᠋ᠲ᠋ᠣᠫᠢᠯᠣᠲ - autopilot

ᠬᠣᠯᠪᠣᠭᠠᠨ ᠤ ᠲᠥᠬᠦᠭᠡᠷᠦᠮᠵᠢ - data link

ᠡᠬᠢ ᠰᠤᠷᠪᠤᠯᠵᠢ

ᠲᠠᠨ ‍ᠤ ᠡᠬᠢ ᠰᠤᠷᠪᠤᠯᠵᠢ

  1. Gabriel M. Hoffmann. Haomiao Huang. Steven L. Waslander. Claire J. Tomlin. Quadrotor Helicopter Flight Dynamics and Control: Theory and Experiment. Stanford University 2010/08/13. https://web.archive.org/web/20100813162324/http://hoffmann.stanford.edu/papers/Quadrotor_Dynamics_GNC07.pdf
  2. Alice Morby. Remote controlled cyborg beetles could replace drones. Dezeen 2016/03/30. https://www.dezeen.com/2016/03/30/remote-controlled-flying-cyborg-beetles-alternative-drones-nanyang-technological-university-singapore-california-berkley
  3. Bowen Zhang, Zaixin Song, Fei Zhao, Chunhua Liu. Overview of Propulsion Systems for Unmanned Aerial Vehicles. Energies journal 2022. https://www.mdpi.com/1996-1073/15/2/455/pdf
  4. Flight Control System Description. UAV Navigation. ᠬᠠᠩᠳᠤᠭᠰᠠᠨ 2022/10/23 https᠄//www.uavnavigation.com/support/kb/general/general-system-info/flight-control-system-description
  5. Floreano, Dario; Wood, Robert J. (2015/05/27). "Science, technology and the future of small autonomous drones". Nature. 521 (7553): 460–466. https://infoscience.epfl.ch/record/208757
  6. Fasano, Giancarmine; Accardo, Domenico; Tirri, Anna Elena; Moccia, Antonio; De Lellis, Ettore (2015/10/01). "Radar/electro-optical data fusion for non-cooperative UAS sense and avoid". Aerospace Science and Technology. 46: 436–450. https://www.sciencedirect.com/science/article/pii/S1270963815002540?via%3Dihub
  7. "Arduino Playground – WhatIsDegreesOfFreedom6DOF9DOF10DOF11DOF". playground.arduino.cc. ᠬᠠᠨᠳᠤᠭᠰᠠᠨ 2016/02/04. https://playground.arduino.cc/Main/WhatIsDegreesOfFreedom6DOF9DOF10DOF11DOF/