"Заг хүйтэн"-ны өөр хувилбарууд
No edit summary Tags: Mobile edit Mobile web edit |
No edit summary Tags: Mobile edit Mobile web edit |
||
4-р мөр: | 4-р мөр: | ||
<span style="writing-mode: horizontal-tb">[[File: SOA-gonorroe.jpg |thumb|<span style="writing-mode: vertical-lr; "><br> <br>]]</span> | <span style="writing-mode: horizontal-tb">[[File: SOA-gonorroe.jpg |thumb|<span style="writing-mode: vertical-lr; "><br> <br>]]</span> | ||
==ᠰᠢᠯᠲᠠᠭᠠᠨ== | ==ᠰᠢᠯᠲᠠᠭᠠᠨ== | ||
ᠡᠨᠠ ᠬᠦ ᠠᠪᠠᠳᠴᠢᠨ ᠨᠢ Neisseria gonococcus ᠭᠡᠬᠦ ᠨᠢᠶᠠᠨ ᠶᠢᠠᠷ ᠡᠭᠦᠰᠬᠡᠭᠳᠦᠳᠡᠭ᠃ 1879 ᠣᠨ ᠳᠤ ᠠᠯᠪᠡᠷᠲ ᠨᠡᠢᠰᠰᠡᠷ ᠡᠪᠡᠳᠴᠢᠲᠡᠢ ᠬᠡᠦᠬᠡᠳ ᠦᠨ ᠨᠢᠳᠦᠨ ᠦ ᠰᠠᠯᠢᠰᠤᠲᠤ ᠠᠴᠠ ᠭᠠᠷᠤᠭᠰᠠᠨ ᠢᠳᠡᠭᠡᠨ ᠡᠴᠡ ᠭᠣᠨᠣᠻᠻᠣᠻ ᠶᠢ ᠢᠯᠡᠷᠡᠭᠦᠯᠵᠦ ᠡᠨᠡ ᠲᠤᠬᠠᠢ ᠪᠢᠴᠢᠰᠡᠨᠡᠭᠡᠷ ᠡᠢᠨᠬᠦᠦ ᠲᠡᠭᠦᠨ ᠦ ᠨᠡᠷ᠎ᠡ ᠪᠡᠷ ᠨᠡᠷᠡᠯᠡᠵᠡᠢ..1882 ᠣᠨ ᠳᠤ ᠯᠡᠢᠰᠲᠻᠣᠣ᠂ ᠯᠶᠣᠹᠹᠯᠡᠷ ᠨᠠᠷ ᠠᠩᠬ᠎ᠠ ᠪᠦᠲᠦᠴᠡ ᠶᠢ ᠨᠢ ᠲᠣᠭᠲᠠᠭᠠᠭᠰᠠᠨ᠃ ᠡᠷᠲᠡᠨ ᠦ ᠣᠠᠣᠢᠯᠠᠨ ᠂ᠠᠰᠰᠢᠷ᠂ ᠭᠷᠡᠻᠴᠦᠳ ᠴᠤ ᠭᠡᠰᠡᠨ ᠭᠣᠨᠡᠷᠡᠢᠨ ᠡᠮᠨᠡᠯ ᠵᠦᠢ ᠶᠢᠨ ᠢᠯᠡᠷᠡᠯ ᠢ ᠭᠠᠷᠭᠠᠵᠤ ᠪᠠᠶᠢᠴᠠᠢ.1885 ᠣᠨ ᠳᠤ ᠪᠤᠮᠮ ᠡᠲᠢᠣᠯᠣᠭᠢ ᠪᠣᠯᠤᠨ ᠠᠴᠢ ᠬᠣᠯᠪᠣᠭᠳᠠᠯ ᠢ ᠨᠢ ᠪᠠᠲᠤᠯᠠᠵᠠᠢ᠃ ᠭᠣᠨᠣᠻᠣᠻᠻ ᠶᠢᠨ ᠬᠠᠯᠳᠠᠪᠤᠷᠢ ᠨᠢ ᠵᠠᠷᠢᠮᠳᠠᠭᠠᠨ ᠦᠷᠡᠭᠦᠶᠢᠳᠡᠯ ᠲᠡᠢ ᠡᠮᠡᠭᠲᠡᠢ ᠳᠦ ᠠᠭᠠᠷᠴᠠᠭ ᠤᠨ ᠬᠥᠨᠳᠡᠢ ᠶᠢᠨ ᠡᠷᠬᠡᠲᠡᠨ ᠦ ᠬᠠᠯᠳᠠᠪᠤᠷᠢ ᠪᠠᠷ ᠢᠯᠡᠷᠡᠵᠦ ᠪᠣᠯᠤᠨ᠎ᠠ.ᠮᠥᠨ ᠲᠠᠷᠬᠠᠮᠠᠯ ᠢᠶᠠᠷ ᠡᠭᠦᠰᠬᠡᠭᠴᠢ ᠨᠢ ᠫᠡᠯᠣᠢᠣᠫᠡᠷᠢᠲᠠᠨᠢᠲ᠂ ᠮᠡᠨᠢᠨᠭᠢᠲᠤ᠂ ᠠᠷᠲᠷᠢᠲ᠂ ᠡᠨᠳᠣᠻᠠᠷᠳᠢᠲ᠂ ᠰᠡᠫᠲᠢᠼᠡᠮᠢᠳ ᠬᠦᠷᠭᠡᠳᠡᠭᠡ᠃ | |||
==ᠡᠭᠦᠰᠬᠡᠭᠴᠢ ᠨᠢ᠄ == | ==ᠡᠭᠦᠰᠬᠡᠭᠴᠢ ᠨᠢ᠄ == | ||
<br>{{Horizontal}}1᠃{{Z}} ᠻᠠᠫᠰᠤᠯᠠᠲᠠᠢ᠂ ᠬᠥᠳᠡᠯᠭᠡᠭᠡᠨ ᠦᠭᠡᠢ᠂ ᠭᠷᠠᠮ ᠰᠥᠷᠭᠦ ᠳ᠋ᠢᠫᠯᠣᠻᠣᠻᠻ ᠃ | <br>{{Horizontal}}1᠃{{Z}} ᠻᠠᠫᠰᠤᠯᠠᠲᠠᠢ᠂ ᠬᠥᠳᠡᠯᠭᠡᠭᠡᠨ ᠦᠭᠡᠢ᠂ ᠭᠷᠠᠮ ᠰᠥᠷᠭᠦ ᠳ᠋ᠢᠫᠯᠣᠻᠣᠻᠻ ᠃ |
23:15, 11 Нэгдүгээр сар 2024-ий байдлаарх засвар
ᠵᠠᠭ ᠬᠦᠢᠲᠡᠨ
ᠰᠢᠭᠡᠰᠦ ᠪᠡᠯᠡᠭ ᠦᠨ ᠵᠠᠮ ᠤᠨ ᠡᠷᠬᠡᠲᠡᠨ ᠨᠦᠭᠦᠳ ᠦᠨ ᠼᠢᠯᠢᠨᠳ᠋ᠷ ᠪᠦᠬᠦᠢ ᠰᠠᠯᠢᠰᠤᠲᠤ ᠡᠫᠲ᠋ᠡᠯᠡᠢᠭ ᠭᠡᠮᠲᠦᠭᠡᠵᠦ ᠪᠡᠯᠡᠭ ᠦᠨ ᠵᠠᠮ ᠢᠶᠠᠷ ᠬᠠᠯᠳᠠᠪᠤᠷᠢᠯᠠᠳᠠᠭ ᠥᠪᠡᠷᠮᠢᠴᠡ ᠭᠣᠨᠣᠻᠣᠻᠻᠣᠣᠷ (Neisseria gonorrhoeae) ᠡᠭᠦᠰᠬᠡᠭᠳᠦᠳᠡᠭ ᠬᠠᠯᠳᠠᠪᠤᠷᠢᠲᠤ ᠡᠪᠡᠳᠴᠢᠨ ᠢ ᠵᠠᠭ ᠬᠦᠢᠲᠡᠨ ᠭᠡᠨ᠎ᠡ᠃
ᠰᠢᠯᠲᠠᠭᠠᠨ
ᠡᠨᠠ ᠬᠦ ᠠᠪᠠᠳᠴᠢᠨ ᠨᠢ Neisseria gonococcus ᠭᠡᠬᠦ ᠨᠢᠶᠠᠨ ᠶᠢᠠᠷ ᠡᠭᠦᠰᠬᠡᠭᠳᠦᠳᠡᠭ᠃ 1879 ᠣᠨ ᠳᠤ ᠠᠯᠪᠡᠷᠲ ᠨᠡᠢᠰᠰᠡᠷ ᠡᠪᠡᠳᠴᠢᠲᠡᠢ ᠬᠡᠦᠬᠡᠳ ᠦᠨ ᠨᠢᠳᠦᠨ ᠦ ᠰᠠᠯᠢᠰᠤᠲᠤ ᠠᠴᠠ ᠭᠠᠷᠤᠭᠰᠠᠨ ᠢᠳᠡᠭᠡᠨ ᠡᠴᠡ ᠭᠣᠨᠣᠻᠻᠣᠻ ᠶᠢ ᠢᠯᠡᠷᠡᠭᠦᠯᠵᠦ ᠡᠨᠡ ᠲᠤᠬᠠᠢ ᠪᠢᠴᠢᠰᠡᠨᠡᠭᠡᠷ ᠡᠢᠨᠬᠦᠦ ᠲᠡᠭᠦᠨ ᠦ ᠨᠡᠷ᠎ᠡ ᠪᠡᠷ ᠨᠡᠷᠡᠯᠡᠵᠡᠢ..1882 ᠣᠨ ᠳᠤ ᠯᠡᠢᠰᠲᠻᠣᠣ᠂ ᠯᠶᠣᠹᠹᠯᠡᠷ ᠨᠠᠷ ᠠᠩᠬ᠎ᠠ ᠪᠦᠲᠦᠴᠡ ᠶᠢ ᠨᠢ ᠲᠣᠭᠲᠠᠭᠠᠭᠰᠠᠨ᠃ ᠡᠷᠲᠡᠨ ᠦ ᠣᠠᠣᠢᠯᠠᠨ ᠂ᠠᠰᠰᠢᠷ᠂ ᠭᠷᠡᠻᠴᠦᠳ ᠴᠤ ᠭᠡᠰᠡᠨ ᠭᠣᠨᠡᠷᠡᠢᠨ ᠡᠮᠨᠡᠯ ᠵᠦᠢ ᠶᠢᠨ ᠢᠯᠡᠷᠡᠯ ᠢ ᠭᠠᠷᠭᠠᠵᠤ ᠪᠠᠶᠢᠴᠠᠢ.1885 ᠣᠨ ᠳᠤ ᠪᠤᠮᠮ ᠡᠲᠢᠣᠯᠣᠭᠢ ᠪᠣᠯᠤᠨ ᠠᠴᠢ ᠬᠣᠯᠪᠣᠭᠳᠠᠯ ᠢ ᠨᠢ ᠪᠠᠲᠤᠯᠠᠵᠠᠢ᠃ ᠭᠣᠨᠣᠻᠣᠻᠻ ᠶᠢᠨ ᠬᠠᠯᠳᠠᠪᠤᠷᠢ ᠨᠢ ᠵᠠᠷᠢᠮᠳᠠᠭᠠᠨ ᠦᠷᠡᠭᠦᠶᠢᠳᠡᠯ ᠲᠡᠢ ᠡᠮᠡᠭᠲᠡᠢ ᠳᠦ ᠠᠭᠠᠷᠴᠠᠭ ᠤᠨ ᠬᠥᠨᠳᠡᠢ ᠶᠢᠨ ᠡᠷᠬᠡᠲᠡᠨ ᠦ ᠬᠠᠯᠳᠠᠪᠤᠷᠢ ᠪᠠᠷ ᠢᠯᠡᠷᠡᠵᠦ ᠪᠣᠯᠤᠨ᠎ᠠ.ᠮᠥᠨ ᠲᠠᠷᠬᠠᠮᠠᠯ ᠢᠶᠠᠷ ᠡᠭᠦᠰᠬᠡᠭᠴᠢ ᠨᠢ ᠫᠡᠯᠣᠢᠣᠫᠡᠷᠢᠲᠠᠨᠢᠲ᠂ ᠮᠡᠨᠢᠨᠭᠢᠲᠤ᠂ ᠠᠷᠲᠷᠢᠲ᠂ ᠡᠨᠳᠣᠻᠠᠷᠳᠢᠲ᠂ ᠰᠡᠫᠲᠢᠼᠡᠮᠢᠳ ᠬᠦᠷᠭᠡᠳᠡᠭᠡ᠃
ᠡᠭᠦᠰᠬᠡᠭᠴᠢ ᠨᠢ᠄
1᠃ ᠻᠠᠫᠰᠤᠯᠠᠲᠠᠢ᠂ ᠬᠥᠳᠡᠯᠭᠡᠭᠡᠨ ᠦᠭᠡᠢ᠂ ᠭᠷᠠᠮ ᠰᠥᠷᠭᠦ ᠳ᠋ᠢᠫᠯᠣᠻᠣᠻᠻ ᠃
2᠃ ᠳ᠋ᠢᠫᠯᠣᠻᠣᠻᠻ ᠶᠢᠨ ᠳᠤᠮᠳᠠᠴᠢ ᠬᠡᠮᠵᠢᠶ᠎ᠡ ᠨᠢ 1.25-1.6 ᠮᠻᠮ ᠤᠷᠲᠤ᠂0.7-0.9 ᠮᠻᠮ ᠥᠷᠭᠡᠨ᠃
3᠃ ᠫᠣᠯᠢᠮᠣᠷᠹᠢᠽᠮ ᠰᠢᠨᠵᠢ ᠴᠢᠨᠠᠷᠲᠠᠢ ᠮᠠᠰᠢ ᠵᠢᠵᠢᠭ ᠡᠰᠡᠪᠡᠯ ᠲᠣᠮᠣ ᠬᠤᠷᠤᠭᠤ ᠬᠡᠯᠪᠡᠷᠢᠲᠡᠢ ᠡᠰ ᠦᠳ ᠲᠡᠢ᠃
4᠃ ᠮᠡᠲ᠋ᠢᠯᠢ ᠶᠢᠨ ᠬᠥᠬᠡ᠂ ᠪᠷᠢᠷᠤᠭ ᠶᠢᠨ ᠨᠣᠭᠣᠭᠠᠨ ᠭᠡᠬᠦ ᠮᠡᠲᠦ ᠠᠨᠠᠯᠢᠨ ᠤ ᠪᠤᠳᠤᠭ ᠢᠶᠠᠷ ᠰᠠᠶᠢᠨ ᠪᠤᠳᠤᠭᠳᠠᠳᠠᠭ᠃
5᠃ ᠬᠣᠣᠰ ᠬᠣᠣᠰ ᠢᠶᠠᠷ ᠢᠶᠠᠨ ᠪᠠᠶᠢᠷᠢᠯᠠᠳᠠᠭ ᠱᠣᠰᠢ ᠬᠡᠯᠪᠡᠷᠢᠲᠡᠢ ᠭᠠᠳᠠᠨ᠎ᠠ ᠠᠴᠠ ᠨᠢ ᠬᠠᠷᠠᠬᠤ ᠳᠤ ᠻᠣᠹᠡᠨ ᠤ ᠦᠷ᠎ᠡ ᠶᠢ ᠰᠠᠨᠠᠭᠳᠠᠭᠤᠯᠤᠨ᠎ᠠ᠃
6᠃ ᠬᠦᠩᠬᠦᠷ ᠬᠡᠰᠡᠭ ᠢᠶᠡᠷ ᠢᠶᠡᠨ ᠪᠡᠶ᠎ᠡ ᠪᠡᠶᠡᠷᠡᠦᠭᠡ ᠬᠠᠷᠠᠭᠰᠠᠨ ᠨᠢᠭᠡ ᠪᠦᠷᠬᠦᠭᠦᠯ ᠲᠡᠢ᠃
7᠃ ᠯᠡᠻᠣᠼᠲᠤ ᠡᠰ ᠦᠨ ᠳᠣᠲᠣᠷ᠎ᠠ ᠠᠮᠢᠳᠤᠷᠠᠬᠤ᠂ ᠦᠷᠡᠵᠢᠬᠦ ᠴᠢᠳᠠᠪᠤᠷᠢᠲᠠᠢ᠃
8᠃ ᠠᠮᠢᠳᠤᠷᠠᠬᠤ ᠲᠣᠬᠢᠷᠠᠮᠵᠢᠲᠠᠢ ᠨᠥᠬᠥᠴᠡᠯ ᠨᠢ 36.5-37.8 ᠰᠡᠻᠦᠢᠨᠳ᠋ᠻᠦᠨᠳᠻᠦᠨᠳᠻᠦᠢᠨᠳ᠋ +40 ᠰᠡᠻᠦᠢᠨᠳ᠋ᠻᠦᠨᠳᠻᠦᠨᠳᠻᠦᠢᠨᠳ᠋ ᠍ ᠳᠦ 3-5 ᠴᠠᠭ᠂ +40-/+/41 ᠰᠡᠻᠦᠢᠨᠳ᠋ᠻᠦᠨᠳᠻᠦᠨᠳᠻᠦᠢᠨᠳ᠋ ᠍ ᠳᠦ ᠦᠷᠡᠵᠢᠯ ᠨᠢ ᠵᠣᠭᠰᠣᠨ᠎ᠠ᠃
-20-/-/76 ᠰᠡᠻᠦᠢᠨᠳ᠋ᠻᠦᠨᠳᠻᠦᠨᠳᠻᠦᠢᠨᠳ᠋ ᠍ ᠳᠦ ᠤᠳᠠᠭᠠᠨ ᠬᠤᠭᠤᠴᠠᠭ᠎ᠠ ᠪᠠᠷ ᠬᠠᠳᠠᠭᠠᠯᠠᠭᠳᠠᠨ᠎ᠠ᠃ ᠴᠢᠭᠢᠭᠯᠢᠭ ᠤᠷᠴᠢᠨ ᠳᠤ ᠠᠮᠢᠳᠤᠷᠠᠬᠤ ᠴᠢᠳᠠᠪᠤᠷᠢ ᠥᠨᠳᠥᠷ᠂ ᠬᠦᠮᠦᠨ ᠦ ᠪᠡᠶ᠎ᠡ ᠶᠢᠨ ᠭᠠᠳᠠᠨ᠎ᠠ ᠠᠮᠢᠳᠤᠷᠠᠬᠤ ᠴᠢᠳᠠᠪᠤᠷᠢ ᠦᠭᠡᠢ᠃ ᠨᠠᠷᠠᠨ ᠤ ᠲᠤᠶᠠᠭᠠᠨ ᠳᠤ ᠰᠢᠭᠤᠳ ᠦᠬᠦᠨ᠎ᠡ᠃ ᠵᠠᠷᠢᠮ ᠣᠪᠤᠭ ᠨᠢ ᠫᠡᠨᠢᠼᠢᠯᠯᠢᠨᠠᠵ ᠶᠢ ᠭᠠᠷᠭᠠᠳᠠᠭ ᠠᠴᠠ ᠫᠡᠨᠢᠼᠢᠯᠯᠢᠨ ᠲᠡᠭᠦᠨ ᠦ ᠲᠥᠷᠥᠯ ᠦᠨ ᠡᠮᠡᠨ ᠳᠦ ᠶᠡᠬᠡ ᠲᠡᠰᠪᠦᠷᠢᠲᠡᠢ᠃ ᠫᠡᠨᠢᠼᠢᠯᠯᠢᠨᠤ ᠦᠢᠯᠡᠴᠢᠯᠡᠯ ᠢᠶᠡᠷ L ᠬᠡᠯᠪᠡᠷᠢ ᠶᠢ ᠡᠭᠦᠰᠬᠡᠳᠡᠭ᠃ ᠬᠢᠮᠢ ᠶᠢᠨ ᠪᠣᠳᠠᠰ ᠤᠨ ᠦᠢᠯᠡᠴᠢᠯᠡᠯ ᠢᠶᠡᠷ ᠰᠢᠨᠵᠢ ᠴᠢᠨᠠᠷ ᠨᠢ ᠬᠤᠷᠳᠤᠨ ᠥᠭᠡᠷᠡᠴᠢᠯᠡᠭᠳᠡᠳᠡᠭ᠃
9᠃ 30 ᠭᠠᠷᠤᠢ ᠠᠤᠻᠰᠣᠲ᠋ᠢᠫ ᠳᠦ ᠬᠤᠪᠢᠶᠠᠭᠳᠠᠳᠠᠭ.ᠬᠠᠮᠤᠭ ᠤᠨ ᠭᠣᠣᠯ ᠠᠴᠢ ᠬᠣᠯᠪᠣᠭᠳᠠᠯ ᠲᠠᠢ ᠰᠢᠰᠲ᠋ᠧᠮ ᠳᠦ ᠬᠠᠯᠳᠠᠪᠤᠷᠢ ᠶᠢ ᠡᠭᠦᠰᠬᠡᠭᠴᠢ ᠨᠢ AHU ᠶᠤᠮ᠃
ᠪᠦᠲᠦᠴᠡ ᠶᠢᠨ ᠰᠢᠨᠵᠢ ᠴᠢᠨᠠᠷ᠄
ᠠᠢᠷᠣᠪ ᠪᠠ ᠬᠡᠮᠤᠭᠠᠷᠠᠭᠤᠨᠦᠲᠷᠣᠹ᠃ ᠥᠰᠦᠢ ᠦᠷᠡᠵᠢᠬᠦ ᠲᠠᠭᠠᠲᠠᠢ ᠨᠥᠬᠥᠴᠡᠯ ᠨᠢ᠄ pH=7.2-7.4᠂ 37 ᠰ ᠶᠢᠨ ᠳᠤᠯᠠᠭᠠᠨ᠂ ᠴᠢᠰᠤᠨ ᠤ ᠡᠶᠢᠯᠳᠡᠰᠦ᠂ᠠᠰᠼᠢᠲᠢ ᠴᠡᠰᠻᠢ ᠰᠢᠩᠭᠡᠨ᠂ ᠨᠠᠲ᠋ᠢᠪᠨ ᠤ ᠤᠭᠤᠷᠠᠭ /ᠮᠠᠻᠯᠡᠣᠳ ᠶᠢᠨ ᠠᠭᠠᠷᠤ/ ᠨᠡᠮᠡᠭᠰᠡᠨ ᠲᠡᠵᠢᠭᠡᠯᠢᠭ ᠣᠷᠴᠢᠨ ᠶᠤᠮ᠃ ᠪᠢᠣᠬᠢᠮᠢᠢᠨ ᠰᠢᠨᠵᠢ ᠴᠢᠨᠠᠷ ᠨᠢ ᠲᠣᠭᠲᠠᠮᠠᠯ ᠪᠠᠶᠢᠳᠠᠭ ᠦᠭᠡᠢ᠃ ᠡᠯᠧᠻᠲ᠋ᠷᠣᠨ ᠮᠢᠻᠷᠣᠰᠻᠣᠫ ᠲᠤ᠄ ᠭᠠᠳᠠᠨ᠎ᠠ ᠪᠦᠷᠬᠦᠭᠦᠯ ᠨᠢ 6 ᠳᠠᠪᠬᠤᠷ ᠂ ᠼᠢᠲ᠋ᠣᠫᠯᠠᠽᠠᠮ ᠶᠢᠨ 3 ᠳᠠᠪᠬᠤᠷ ᠮᠡᠮᠪᠷᠠᠨᠠᠭᠠᠰᠤ ᠲᠣᠭᠲᠠᠨ᠎ᠠ.ᠭᠠᠳᠠᠭᠤᠷ ᠢᠶᠠᠨ ᠮᠤᠻᠣᠫᠣᠯᠢᠰᠠᠬᠠᠷᠢᠳᠠᠭᠠᠰᠤ ᠲᠣᠭᠲᠠᠭᠰᠠᠨ ᠮᠢᠻᠷᠣ᠋ ᠻᠠᠫᠰᠤᠯᠠᠲᠠᠢ᠂ ᠡᠭᠦᠨ ᠳᠡᠭᠡᠷ᠎ᠡ ᠣᠯᠠᠨ ᠲᠣᠭᠠᠨ ᠤ ᠫᠢᠯᠢᠭᠦᠳ 《ᠴᠡᠯᠮᠡᠨ》 ᠪᠠᠶᠢᠳᠠᠭ᠃ ᠫᠢᠯᠢ ᠨᠢ 7-8 ᠨᠮ ᠳ᠋ᠢᠶᠠᠮᠡᠲᠷᠢᠲᠡᠢ. DNA ᠊ᠢᠢᠨ ᠤᠲᠠᠰᠤᠯᠢᠭ ᠠᠭᠤᠯᠰᠤᠨ᠂ ᠤᠭᠤᠷᠠᠭ ᠤᠨ ᠨᠠᠷᠢᠨ ᠲᠠᠲᠠᠭᠠᠰᠤ ᠶᠤᠮ᠃ ᠡᠨᠡ ᠨᠢ ᠬᠷᠣᠮᠰᠣᠮ ᠶᠢᠨ ᠪᠤᠰᠤ ᠭᠡᠨᠡᠲ᠋ᠢᠭ ᠤᠨ ᠮᠡᠳᠡᠭᠡᠯᠡᠯ ᠢ ᠳᠠᠮᠵᠢᠭᠤᠯᠬᠤ᠂ ᠬᠣᠷᠣ ᠴᠢᠨᠠᠷ᠂ ᠭᠠᠳᠠᠭᠠᠳᠤ ᠣᠷᠴᠢᠨ ᠤ ᠲᠡᠰᠪᠦᠷᠢᠵᠢᠯᠲᠡ᠂ ᠭᠣᠨᠣᠻᠣᠻᠻᠢ ᠶᠢᠨ ᠡᠳ᠋ ᠡᠰ ᠲᠦ ᠪᠡᠬᠢᠯᠡᠭᠳᠡᠬᠦ ᠡᠭᠦᠷᠭᠡ ᠶᠢ ᠭᠦᠢᠴᠡᠳᠭᠡᠨ᠎ᠡ.ᠫᠢᠯᠢ ᠨᠢ 1 ᠪᠠ 2 ᠲᠥᠷᠥᠯ ᠦᠨ ᠭᠣᠨᠣᠻᠣᠻᠻᠳ ᠪᠠᠶᠢᠬᠤ ᠪᠠ 3 ᠪᠠ 4 ᠷ ᠲᠥᠷᠥᠯ ᠦᠨ ᠬᠢ ᠳᠦ ᠪᠠᠶᠢᠳᠠᠭ ᠦᠭᠡᠢ᠃ ᠳ᠋ᠢᠫᠯᠣᠻᠣᠻᠻ ᠨᠢ ᠦᠨᠳᠦᠰᠦᠨ ᠤᠭᠤᠷᠠᠭ ᠤᠨ ᠪᠣᠳᠠᠰ ᠪᠠ ᠬᠦᠴᠢᠯᠯᠢᠭ ᠪᠣᠳᠠᠰ ᠲᠢᠮᠣᠨᠤᠻᠯᠡᠢᠨᠣᠪᠠᠶᠠ ᠻᠢᠰᠯᠣᠲ᠋ᠠ᠂ ᠠᠯᠪᠦᠮᠣᠵᠠ᠂ ᠯᠢᠫᠣᠫᠷᠣᠲ᠋ᠡᠢᠳᠡᠭᠡᠰᠦ ᠲᠣᠭᠲᠠᠨ᠎ᠠ᠃ ᠭᠣᠨᠣᠻᠣᠻᠻ ᠨᠢ ᠡᠨᠳᠣᠲ᠋ᠣᠻᠰᠢᠨ ᠢᠯᠭᠠᠷᠠᠭᠤᠯᠳᠠᠭ᠃ ᠡᠨᠳᠣᠲ᠋ᠣᠻᠰᠢᠨ ᠨᠢ ᠤᠭᠤᠷᠠᠭ ᠪᠠ ᠯᠢᠫᠣᠫᠣᠯᠢᠰᠠᠬᠠᠷᠢᠳ᠂ ᠮᠤᠻᠣᠫᠣᠯᠢᠰᠠᠬᠠᠷᠢᠳᠠᠭᠠᠰᠤ ᠲᠣᠭᠲᠠᠬᠤ ᠪᠥᠭᠡᠳ ᠯᠢᠫᠢᠳ ᠦᠨ ᠬᠡᠰᠡᠭ ᠨᠢ ᠬᠣᠷᠣ ᠴᠢᠨᠠᠷᠲᠠᠢ᠂ ᠫᠣᠯᠢᠰᠠᠬᠠᠷᠢᠳ ᠶᠢᠨ ᠬᠡᠰᠡᠭ ᠨᠢ ᠠᠨᠲ᠋ᠡᠭᠢᠨ ᠰᠢᠨᠵᠢ ᠴᠢᠨᠠᠷ ᠲᠠᠢ᠃ ᠭᠣᠨᠣᠻᠣᠻᠻ ᠨᠢ ᠵᠥᠪᠬᠡᠨ ᠬᠦᠴᠢᠯᠯᠢᠭ ᠭᠯᠶᠦᠢᠻᠦᠽ ᠶᠢ ᠵᠠᠳᠠᠯᠳᠠᠭ᠃ ᠭᠣᠨᠣᠻᠣᠻᠻ ᠶᠢᠨ ᠥᠭᠡᠷᠡᠴᠢᠯᠡᠭᠳᠡᠭᠰᠡᠨ ᠬᠡᠯᠪᠡᠷᠢ ᠨᠢ ᠵᠠᠷᠢᠮᠳᠠᠭᠠᠨ ᠨᠢᠭᠡ ᠴᠤ ᠨᠡᠭᠦᠷᠡᠰᠦ ᠤᠰᠤ ᠶᠢ ᠹᠡᠷᠮᠡᠨᠲᠯᠢᠳᠡᠭ ᠦᠭᠡᠢ᠂ ᠬᠠᠷᠢᠨ ᠻᠠᠲ᠋ᠠᠯᠠᠵᠠ᠂ ᠼᠢᠲᠣᠬᠤᠷᠠᠮᠣᠻᠰᠢᠳᠠᠵᠠ ᠢ ᠨᠡᠶᠢᠯᠡᠭᠵᠢᠭᠦᠯᠳᠡᠭ᠃ ᠫᠷᠣᠲ᠋ᠡ᠋ᠣᠯᠢᠭ ᠰᠢᠨᠵᠢ ᠦᠭᠡᠢ᠃ ᠠᠮᠮᠢᠶᠠᠻ᠂ ᠨᠡᠭᠦᠷᠡᠰᠦ ᠣᠰᠤ ᠲᠥᠷᠦᠭᠴᠢ᠂ ᠢᠨᠳᠠᠯ ᠡᠭᠦᠰᠬᠡᠳᠡᠭ ᠦᠭᠡᠢ᠃ ᠴᠢᠰᠤᠨ ᠳᠤ ᠭᠡᠮᠣᠯᠢᠽ ᠡᠭᠦᠰᠬᠡᠬᠦ ᠦᠭᠡᠢ᠃ ᠰᠦ᠋᠂ ᠵᠡᠯᠠᠲ᠋ᠢᠨ᠂ ᠲᠥᠮᠥᠰᠥ ᠨᠡᠮᠡᠭᠰᠡᠨ ᠤᠷᠴᠢᠨ ᠳᠤ ᠤᠷᠭᠤᠳᠠᠭ ᠦᠭᠡᠢ᠃ 24 ᠴᠠᠭ ᠤᠨ ᠳᠠᠷᠠᠭ᠎ᠠ ᠡᠰ ᠦᠨ ᠬᠠᠨᠠᠨ ᠳᠤ ᠫᠷᠣᠲ᠋ᠡᠢᠨ 2 ᠠᠭᠤᠯᠰᠤᠨ ᠤᠷᠴᠢᠨ ᠳᠤ ᠪᠤᠯᠠᠩᠭᠢᠷ ᠲᠠᠢ ᠥᠩᠭᠡ ᠦᠭᠡᠢ ᠻᠣᠯᠣᠨᠢ ᠡᠭᠦᠰᠳᠡᠭ᠃ ᠮᠥᠨ ᠲᠡᠭᠰᠢ ᠭᠠᠳᠠᠷᠭᠤ ᠲᠠᠢ 1-3 ᠮᠢᠯᠯᠢᠮᠧᠲ᠋ᠷ ᠳ᠋ᠢᠶᠠᠮᠡᠲᠷᠢᠲᠡᠢ ᠰᠢᠭᠦᠳᠡᠷᠢ ᠶᠢᠨ ᠳᠤᠰᠤᠯ ᠮᠡᠲᠦ ᠳᠤᠭᠤᠢ ᠲᠤᠩᠭᠠᠯᠠᠭ ᠻᠣᠯᠣᠨᠢ ᠡᠭᠦᠰᠳᠡᠭ᠃ РСК ᠪᠠ PA ᠤᠨ ᠦᠷ᠎ᠡ ᠳᠦᠩᠭᠡ ᠪᠡᠷ 4 ᠲᠥᠷᠥᠯ ᠳᠦ ᠬᠤᠪᠢᠶᠠᠳᠠᠭ ᠴᠤ ᠵᠠᠷᠢᠮ ᠰᠤᠳᠤᠯᠤᠭᠠᠴᠢᠳ 3 ᠪᠠ 5 ᠲᠥᠷᠥᠯ ᠳᠦ ᠬᠤᠪᠢᠶᠠᠳᠠᠭ᠃ ᠡᠳᠡᠭᠡᠷ ᠲ᠋ᠢᠫᠦᠳ ᠨᠢ ᠪᠢᠣᠬᠢᠮᠢᠢᠨ ᠬᠤᠪᠢ ᠳᠤ ᠣᠨᠴᠠ ᠶᠢᠨ ᠢᠯᠭᠠᠭ᠎ᠠ ᠦᠭᠡᠢ᠂ ᠬᠠᠷᠢᠨ ᠥᠰᠦᠯᠲᠡ ᠨᠢ ᠬᠣᠷᠣ ᠴᠢᠨᠠᠷ ᠢᠶᠠᠷ ᠢᠶᠠᠨ ᠢᠯᠭᠠᠭ᠎ᠠ ᠲᠠᠢ᠃ P+ ᠂ P++ ᠲᠥᠷᠥᠯ ᠦᠨ ᠵᠢᠵᠢᠭ ᠻᠣᠯᠣᠨᠢ ᠡᠭᠦᠰᠬᠡᠭᠴᠢ ᠭᠣᠨᠣᠻᠣᠻᠻ ᠨᠢ ᠫᠢᠯᠢ ᠢ ᠨᠥᠬᠥᠴᠡᠯᠳᠦᠭᠦᠯᠳᠡᠭ᠃ P- ᠶᠡᠬᠡ ᠬᠣᠷᠣ ᠰᠢᠨᠵᠢ ᠴᠢᠨᠠᠷ ᠲᠠᠢ ᠪᠥᠭᠡᠳ ᠫᠢᠯᠢᠭᠡ ᠶᠢᠨ ᠬᠡᠮᠵᠢᠶ᠎ᠡ ᠨᠢ ᠶᠡᠬᠡ ᠪᠠᠶᠢᠳᠠᠭ᠃ ᠤᠳᠠᠭᠠᠨ ᠬᠤᠭᠤᠴᠠᠭᠠᠨ ᠤ ᠳᠠᠷᠠᠭ᠎ᠠ ᠥᠬᠢᠨ ᠻᠣᠯᠣᠨᠢ ᠡᠭᠦᠰᠢ ᠪᠣᠯᠤᠨ᠎ᠠ᠃ ᠬᠠᠲᠠᠭᠤ ᠨᠥᠬᠥᠴᠡᠯ ᠳᠦ P+ ᠂ P++ ᠻᠣᠯᠣᠨᠢ ᠠᠴᠠ ᠡᠭᠦᠰᠦᠭᠰᠡᠨ ᠪᠠᠻᠲ᠋ᠡᠷᠢ ᠨᠢ ᠻᠠᠫᠰᠤᠢᠯᠠᠷ ᠪᠦᠷᠬᠦᠭᠳᠡᠭᠰᠡᠨ ᠪᠠᠶᠢᠳᠠᠭ᠃ ᠰᠡᠯᠡᠻᠲ᠋ᠢᠣ ᠤᠷᠴᠢᠨ ᠳᠤ ᠲᠡᠳᠡᠨ ᠦ ᠬᠣᠷᠣ ᠴᠢᠨᠠᠷ ᠶᠡᠬᠡᠰᠦᠳᠡᠭ᠃ ᠰᠡᠯᠡᠻᠲ᠋ᠢᠣ ᠪᠤᠰᠤ ᠨᠥᠬᠦᠴᠡᠯᠳᠦ ᠱᠲ᠋ᠠᠮᠮ ᠶᠢᠨ ᠬᠣᠷᠣ ᠴᠢᠨᠠᠷ ᠪᠠᠭᠤᠷᠴᠢ ᠫᠢᠯ ᠤᠨ ᠪᠦᠲᠦᠴᠡ ᠠᠯᠳᠠᠭᠳᠠᠨ᠂ ᠻᠣᠯᠣᠨᠢ ᠶᠢᠨ ᠬᠡᠮᠵᠢᠶ᠎ᠡ ᠶᠡᠬᠡᠰᠦᠳᠡᠭ᠃ ᠥᠭᠡᠷ᠎ᠡ ᠪᠡᠷ ᠬᠡᠯᠡᠪᠡᠯ P- ᠲᠥᠷᠥᠯ ᠳᠦ ᠰᠢᠯᠵᠢᠳᠡᠭ᠃
ᠠᠨᠲ᠋ᠢᠭᠡᠨᠢ ᠪᠦᠲᠦᠴᠡ
Neisseria gonorrheae ᠍ ᠦᠨ ᠠᠨᠲ᠋ᠢᠭᠡᠨᠢ ᠪᠦᠲᠦᠴᠡ ᠪᠠᠭ᠎ᠠ ᠰᠤᠳᠤᠯᠤᠭᠳᠠᠭᠰᠠᠨ᠃ ᠣᠯᠠᠨ ᠲᠥᠷᠥᠯ ᠦᠨ ᠥᠬᠢᠨ ᠫᠣᠫᠦᠯᠯᠢᠶᠠᠼ ᠤᠨ ᠦᠶ᠎ᠡ ᠳᠦ ᠠᠨᠲ᠋ᠢᠭᠡᠨᠢ ᠪᠦᠲᠦᠴᠡ ᠨᠢ ᠥᠭᠡᠷᠡᠴᠢᠯᠡᠭᠳᠡᠳᠡᠭ᠃ ᠣᠷᠴᠢᠨ ᠤ ᠨᠥᠬᠥᠴᠡᠯ ᠦᠨ ᠥᠭᠡᠷᠡᠴᠢᠯᠡᠯᠲᠡ ᠪᠡᠷ ᠭᠣᠨᠣᠻᠣᠻᠻ ᠶᠢᠨ ᠵᠠᠷᠢᠮ ᠠᠭ –ᠣᠫᠰᠣᠨᠢᠨ ᠤ- ᠲᠣᠳᠣᠷᠬᠠᠶᠢᠯᠠᠭᠳᠠᠳᠠᠭ᠃ ᠦᠨᠳᠦᠰᠦᠨ ᠠᠨᠲ᠋ᠢᠭᠡᠨᠢ ᠠᠴᠢᠶᠠᠯᠠᠯ ᠢ ᠳ᠋ᠡᠲ᠋ᠡᠷᠮᠨᠠᠨᠲᠤ ᠫᠢᠯᠢ ᠪᠠ ᠤᠭᠤᠷᠠᠭ ᠤᠨ ᠭᠠᠳᠠᠷᠭᠤ᠂ ᠢᠮᠮᠦᠢᠨᠣᠻᠣᠮᠫᠣᠲ᠋ᠡᠨᠲ ᠡᠰ ᠦᠳ ᠵᠥᠭᠡᠭᠡᠵᠦ ᠪᠠᠶᠢᠳᠠᠭ᠃ ᠳᠠᠷᠬᠠᠯᠠᠯ ᠤᠨ ᠤᠷᠪᠠᠯ ᠤᠨ ᠢᠳᠡᠪᠬᠢᠵᠢᠯ ᠦᠨ ᠪᠠᠭᠤᠷᠠᠯᠲᠠ ᠨᠢ ᠠᠨᠲ᠋ᠢᠭᠡᠨᠢ ᠪᠦᠲᠦᠴᠡ ᠶᠢ ᠥᠭᠡᠷᠡᠴᠢᠯᠡᠬᠦ ᠮᠧᠬᠠᠨᠢᠰᠮ ᠢ ᠪᠦᠷᠢᠳᠦᠭᠦᠯᠳᠡᠭ᠃ ᠠᠨᠲ᠋ᠢᠭᠡᠨ ᠤ ᠳ᠋ᠡᠲ᠋ᠡᠷᠮᠨᠠᠨᠲᠤ ᠡᠭᠦᠰᠬᠦ ᠶᠢ ᠵᠣᠭᠰᠣᠭᠠᠵᠤ ᠥᠭᠡᠷᠡᠴᠢᠯᠡᠬᠦ ᠭᠣᠣᠯ ᠡᠭᠦᠷᠭᠡ ᠶᠢ ᠹᠠᠽ ᠶᠢᠨ ᠣᠠᠷᠶᠠᠴᠢ ᠭᠦᠢᠴᠡᠳᠭᠡᠨ᠎ᠡ᠃ ᠰᠢᠨ᠎ᠡ ᠳ᠋ᠡᠲ᠋ᠡᠷᠮᠨᠠᠨᠲᠤ ᠡᠭᠦᠰᠬᠦ ᠦᠶ᠎ᠡ ᠶᠢᠨ ᠠᠭ ᠪᠦᠲᠦᠴᠡ ᠶᠢᠨ ᠥᠭᠡᠷᠡᠴᠢᠯᠡᠯᠲᠡᠭᠡᠨ ᠳᠤ ᠠᠨᠲ᠋ᠢᠭᠡᠨ ᠤ ᠣᠠᠷᠶᠠᠴᠢ ᠭᠣᠣᠯ ᠡᠭᠦᠷᠭᠡ ᠲᠡᠢ᠃ ᠡᠳᠡᠭᠡᠷ ᠭᠧᠨ ᠨᠦᠭᠦᠳ ᠨᠢ ᠷᠡᠭᠦᠢᠯᠶᠠᠲ᠋ᠣᠷ ᠶᠢᠨ ᠭᠧᠨ ᠨᠢ ᠡᠭᠦᠰᠦᠭᠰᠡᠨ᠃ ДНХ ᠍ ᠤᠨ ᠬᠠᠭᠤᠯᠪᠤᠷᠢ ᠲᠠᠢ ᠨᠢᠭᠡᠳᠰᠠᠨᠡᠭᠡᠰᠦ ᠷᠡᠭᠦᠢᠯᠶᠠᠲ᠋ᠣᠷ ᠰᠢᠨᠵᠢ ᠴᠢᠨᠠᠷ ᠲᠠᠢ ᠪᠣᠯᠳᠠᠭ᠃
1᠃ ᠻᠠᠫᠰᠤᠯᠠ᠄ ᠻᠠᠫᠰᠤᠢᠯ ᠶᠢ ᠪᠤᠳᠤᠯᠲᠠ ᠪᠣᠯᠤᠨ ᠡᠯᠧᠻᠲ᠋ᠷᠣᠨ ᠮᠢᠻᠷᠣᠰᠻᠣᠫ ᠤᠨ ᠲᠤᠰᠠᠯᠠᠮᠵᠢ ᠲᠠᠢ ᠲᠣᠳᠣᠷᠬᠠᠶᠢᠯᠠᠳᠠᠭ᠃
In vivo ᠻᠠᠫᠰᠤᠯᠠ ᠡᠭᠦᠰᠬᠦ ᠳᠦ ᠣᠷᠭᠠᠨᠢᠰᠮ ᠤᠨ ᠷᠡᠽᠢᠰᠲᠡᠨᠲᠨᠣᠰᠣᠲ ᠰᠢᠨᠵᠢ ᠴᠢᠨᠠᠷ᠂ ᠬᠢᠮᠢ ᠹᠢᠽᠢᠻ ᠦᠨ ᠬᠦᠴᠦᠨ ᠵᠦᠢᠯ ᠨᠥᠯᠦᠭᠡᠯᠡᠳᠡᠭ᠃
In vitro ᠻᠠᠫᠰᠤᠯᠠ ᠡᠭᠦᠰᠬᠦ ᠳᠦ ᠡᠬᠢᠨ ᠦ ᠡᠭᠡᠯᠵᠢᠨ ᠳᠦ ᠲᠡᠵᠢᠭᠡᠯᠢᠭ ᠣᠷᠴᠢᠨ ᠤ ᠴᠢᠨᠠᠷ ᠪᠠ ᠪᠦᠲᠦᠴᠡ ᠶᠢᠨ ᠪᠠᠶᠢᠳᠠᠯ ᠨᠥᠯᠦᠭᠡᠯᠡᠳᠡᠭ᠃
ᠻᠠᠫᠰᠤᠯᠠ ᠨᠢ ᠡᠰ ᠲᠡᠢ ᠪᠠᠲᠤ ᠪᠥᠬᠥ ᠬᠣᠯᠪᠣᠭᠳᠠᠳᠠᠭ ᠦᠭᠡᠢ᠃ ᠬᠢᠮᠢ ᠶᠢᠨ ᠪᠦᠲᠦᠴᠡ ᠨᠢ ᠪᠦᠷᠢᠨ ᠰᠤᠳᠤᠯᠤᠭᠳᠠᠭ᠎ᠠ ᠦᠭᠡᠢ᠃ ᠵᠥᠪᠬᠡᠨ ᠢᠮᠮᠦᠢᠨᠣᠭᠡᠨᠨ ᠤᠢ ᠰᠢᠨᠵᠢ ᠨᠢ ᠲᠣᠳᠣᠷᠬᠠᠶᠢᠯᠠᠭᠳᠠᠭᠰᠠᠨ᠃ ᠻᠠᠫᠰᠤᠯᠠ ᠨᠢ ᠠᠨᠲ᠋ᠢᠹᠠᠭᠼᠢᠲ᠋ᠠᠷᠨᠠᠢᠢ ᠰᠢᠨᠵᠢ ᠴᠢᠨᠠᠷ ᠲᠠᠢ᠃
2᠃ ᠫᠢᠯᠢ ᠨᠢ᠄ ᠤᠭᠤᠷᠠᠭ ᠤᠨ ᠰᠦᠪᠢᠶᠡᠳᠢᠨᠢᠼ ᠪᠠ ᠰᠠᠬᠠᠷ ᠤᠨ ᠦᠯᠡᠳᠡᠭᠳᠡᠯ᠂ ᠹᠣᠰᠹᠣᠷ ᠤᠨ ᠬᠦᠴᠢᠯ ᠦᠨ ᠭᠢᠨᠵᠢᠨ ᠬᠡᠯᠬᠢᠶᠡᠨᠡᠭᠡᠰᠦ ᠲᠣᠭᠲᠠᠳᠠᠭ᠃ ᠰᠦᠪᠢᠶᠡᠳᠢᠨᠢᠼ ᠨᠢᠭᠡᠳᠦᠯ ᠦᠨ ᠳᠠᠷᠠᠭᠠᠯᠠᠯ ᠤᠨ ᠠᠯᠳᠠᠭᠳᠠᠯ ᠨᠢ ᠠᠨᠲ᠋ᠢᠭᠡᠨᠢ in vivo ᠪᠠ in vitro ᠍ ᠢ ᠥᠭᠡᠷᠡᠴᠢᠯᠡᠳᠡᠭ᠃ ᠫᠢᠯ ᠤᠨ ᠪᠦᠲᠦᠴᠡ ᠶᠢᠨ ᠭᠡᠨᠡᠲ᠋ᠢᠻ ᠣᠠᠷᠶᠠᠪᠡᠯᠨᠣᠰᠣᠲ ᠨᠢ ᠠᠨᠲ᠋ᠢᠲ᠋ᠡᠯ ᠤᠨ ᠦᠢᠯᠡᠴᠢᠯᠡᠯ ᠢᠶᠡᠷ ᠡᠫᠢᠲ᠋ᠡᠯ ᠡᠰ ᠲᠦ ᠭᠣᠨᠣᠻᠣᠻᠻ ᠶᠢᠨ ᠰᠢᠬᠠᠯᠲᠠ ᠪᠠ ᠪᠡᠬᠢᠯᠡᠯᠲᠡ ᠶᠢ ᠬᠠᠩᠭᠠᠳᠠᠭ᠃ ᠡᠰ ᠦᠨ ᠵᠠᠳᠠᠷᠠᠯ ᠤᠳ ᠰᠦᠪᠰᠲᠷᠠᠲᠤᠳ ᠪᠡᠬᠢᠯᠡᠭᠳᠡᠬᠦ ᠡᠴᠡ ᠭᠠᠳᠠᠨ᠎ᠠ ᠬᠠᠯᠳᠠᠪᠤᠷᠢ ᠶᠢᠨ ᠨᠥᠬᠥᠴᠡᠯ ᠢ ᠪᠦᠷᠢᠳᠦᠭᠦᠯᠳᠡᠭ᠃
3᠃ ᠯᠢᠫᠣᠫᠣᠯᠢᠰᠠᠬᠠᠷᠢᠳ ᠨᠢ ᠠ ᠯᠢᠫᠢᠳ᠂ ᠲᠥᠪ ᠪᠥᠭᠡᠮ (ᠠᠨᠲ᠋ᠢᠭᠡᠨ ᠤ ᠳ᠋ᠡᠲ᠋ᠡᠷᠮᠨᠠᠨᠲᠤ) ᠪᠣᠯᠬᠤ ᠣᠯᠢᠭᠠᠰᠬᠠᠷᠢᠳᠠᠭᠠᠰᠤ ᠲᠣᠭᠲᠠᠨ᠎ᠠ᠃ ᠬᠦᠷᠢᠶᠡᠯᠡᠩ ᠪᠠᠶᠢᠭ᠎ᠠ ᠣᠷᠴᠢᠨ᠂ ᠮᠢᠻᠷᠣᠣᠷᠭᠠᠨᠢᠰᠮ ᠶᠢᠨ ᠲᠥᠷᠥᠯ ᠡᠴᠡ ᠬᠠᠮᠤᠷᠴᠢ ᠪᠥᠭᠡᠮ ᠦᠨ ᠪᠦᠲᠦᠴᠡ ᠥᠭᠡᠷᠡᠴᠢᠯᠡᠭᠡᠳᠥᠵᠢ ᠪᠣᠯᠤᠨ᠎ᠠ᠃ ᠯᠢᠫᠣᠫᠣᠯᠢᠰᠠᠬᠠᠷᠢᠳ ᠨᠢ Neisseria gonorrhoe ᠍ ᠦᠨ ᠬᠦᠴᠦᠲᠡᠢ ᠳᠠᠷᠬᠠᠯᠠᠭᠠᠨ ᠤ ᠰᠢᠨᠵᠢ ᠴᠢᠨᠠᠷ ᠢ ᠡᠭᠦᠰᠬᠡᠳᠡᠭ᠃ ᠦᠯᠡᠳᠡᠭᠰᠡᠨ ᠫᠦᠯ ᠠᠨᠲᠢᠲ᠋ᠡᠯ ᠭᠣᠨᠣᠻᠣᠻᠻ ᠶᠢᠨ ᠨᠡᠪᠲᠡᠷᠡᠯᠲᠡᠨᠳᠡ ᠰᠢᠨᠲ᠋ᠧᠽ ᠥᠭᠬᠦ ᠳᠦ Ig ᠪᠣᠯᠤᠨ ᠥᠪᠡᠷᠮᠢᠴᠡ ᠯᠢᠫᠣᠫᠣᠯᠢᠰᠠᠬᠠᠷᠢᠳ ᠪᠤᠢ ᠪᠣᠯᠳᠠᠭ ᠪᠥᠭᠡᠳ ᠪᠠᠻᠲ᠋ᠡᠷᠢᠼᠢᠳ ᠰᠢᠨᠵᠢ ᠶᠢ ᠡᠭᠦᠰᠬᠡᠳᠡᠭ᠃
4᠃ ᠡᠰ ᠦᠨ ᠪᠦᠷᠬᠦᠭᠦᠯ ᠦᠨ ᠤᠭᠤᠷᠠᠭ ᠄ ᠡᠨᠡ ᠨᠢ ᠬᠦᠴᠦᠲᠡᠢ ᠢᠮᠮᠦᠢᠨᠣᠭᠡᠨ ᠰᠢᠨᠵᠢ ᠴᠢᠨᠠᠷ ᠲᠠᠢ᠃ ᠪᠦᠲᠦᠴᠡ ᠨᠢ 16 ᠠᠨᠲ᠋ᠢᠭᠡᠨ ᠤ ᠰᠡᠷᠣᠲ᠋ᠢᠫᠳ ᠬᠤᠪᠢᠶᠠᠭᠳᠠᠳᠠᠭ᠃ ᠭᠣᠨᠣᠻᠣᠻᠻ ᠶᠢᠨ ᠭᠠᠳᠠᠨ᠎ᠠ ᠮᠡᠮᠪᠷᠠᠨ 3 ᠦᠶᠡᠰ ᠲᠣᠭᠲᠠᠨ᠎ᠠ᠃ ᠡᠭᠦᠨ ᠳᠦ ᠫᠷᠣᠲ᠋ᠡᠢᠨ 1᠂ 2᠂ 3 (ᠪᠦᠬᠦ ᠤᠭᠤᠷᠠᠭ ᠤᠨ 66% ᠍ ᠢ ᠡᠵᠡᠯᠡᠨ᠎ᠡ.) ᠪᠠ ᠯᠢᠫᠣᠫᠣᠯᠢᠰᠠᠬᠠᠷᠢᠳ ᠣᠷᠣᠨ᠎ᠠ᠃ ᠡᠰ ᠦᠨ ᠬᠠᠨ᠎ᠠ ᠶᠢᠨ ᠤᠭᠤᠷᠠᠭᠲᠤ ᠠᠨᠲ᠋ᠢᠲ᠋ᠡᠯ ᠻᠣᠮᠫᠯᠡᠮᠡᠨᠲ ᠪᠠᠶᠢᠬᠤ ᠳᠤ ᠪᠠᠻᠲ᠋ᠡᠷᠢᠼᠢᠳ ᠴᠢᠨᠠᠷ ᠨᠢ ᠢᠯᠡᠷᠡᠳᠡᠭ᠃
-ᠫᠷᠣᠲ᠋ᠡᠢᠨ 1 ᠰᠠᠯᠢᠰᠤᠲᠤ ᠪᠦᠷᠬᠦᠭᠦᠯ ᠦᠨ ᠪᠠᠻᠲ᠋ᠡᠷᠢᠼᠢᠳ ᠹᠠᠻᠲ᠋ᠣᠷ ᠶᠢ ᠲᠣᠭᠲᠠᠪᠤᠷᠢᠵᠢᠭᠤᠯᠵᠤ ᠪᠠᠻᠲ᠋ᠧᠷᠢ ᠶᠢᠨ ᠢᠨᠣᠠᠽᠢᠪ ᠰᠢᠨᠵᠢ ᠴᠢᠨᠠᠷ ᠢ ᠬᠠᠩᠭᠠᠬᠤ ᠠᠴᠠ ᠭᠠᠳᠠᠨ᠎ᠠ ᠡᠨᠡ ᠰᠢᠨᠵᠢ ᠴᠢᠨᠠᠷ ᠨᠢ ᠰᠢᠰᠲ᠋ᠧᠮ ᠳᠦ ᠬᠠᠯᠳᠠᠪᠤᠷᠢ ᠶᠢ ᠡᠭᠦᠰᠬᠡᠳᠡᠭ᠃ ᠮᠥᠨ ᠭᠣᠨᠣᠻᠣᠻᠻ ᠡᠰ ᠲᠦ ᠨᠡᠪᠲᠡᠷᠡᠬᠦ ᠨᠥᠬᠥᠴᠡᠯ ᠢ ᠪᠦᠷᠢᠳᠦᠭᠦᠯᠦᠨ᠎ᠡ᠃
-ᠫᠷᠣᠲ᠋ᠡᠢᠨ 2 ᠨᠢ ᠪᠤᠯᠠᠩᠭᠢᠷ ᠲᠠᠢ ᠫᠷᠣᠲ᠋ᠡᠢᠨ ᠡᠰᠡᠪᠡᠯ ᠣᠷ᠎ᠠ ᠫᠷᠣᠲ᠋ᠡᠢᠨ (Opacity) ᠬᠡᠮᠡᠬᠦ ᠲᠤᠰᠠᠭᠠᠷᠯᠠᠭᠳᠠᠭᠰᠠᠨ ᠤᠭᠤᠷᠠᠭ ᠤᠨ ᠹᠷᠠᠻᠼᠢ ᠶᠢ ᠡᠭᠦᠰᠬᠡᠳᠡᠭ᠃ ᠡᠭᠦᠨ ᠢ ᠭᠣᠨᠣᠻᠣᠻᠻ ᠶᠢᠨ ᠠᠩᠬᠠᠳᠠᠭᠴᠢ ᠣᠢᠷᠦᠯᠡᠨᠲ ᠹᠠᠻᠲ᠋ᠣᠷ ᠭᠡᠨ᠎ᠡ᠃ ᠡᠳᠡᠭᠡᠷ ᠨᠢ ᠡᠫᠲ᠋ᠡᠯᠡᠢᠭ ᠪᠡᠬᠢᠵᠢᠭᠦᠯᠬᠦ ᠡᠴᠡ ᠭᠠᠳᠠᠨ᠎ᠠ ᠹᠠᠭᠼᠢᠲ᠋ᠠᠷᠨᠠᠢᠢ ᠤᠷᠪᠠᠯ ᠢ ᠳᠠᠷᠤᠩᠭᠤᠶᠢᠯᠠᠳᠠᠭ᠃ ᠫᠷᠣᠲ᠋ᠡᠢᠨ 2 ᠨᠢ ᠳᠠᠷᠬᠠᠯᠠᠯ ᠤᠨ ᠡᠰ ᠢ ᠰᠠᠭᠠᠲᠠᠭᠤᠯᠬᠤ ᠡᠭᠦᠷᠭᠡ ᠲᠡᠢ᠃
-ᠫᠷᠣᠲ᠋ᠡᠢᠨ 3 ᠨᠢ ᠭᠣᠨᠣᠻᠣᠻᠻ ᠶᠢᠨ ᠡᠰ ᠲᠦ ᠪᠡᠬᠢᠯᠡᠭᠳᠡᠬᠦ ᠰᠢᠨᠵᠢ ᠴᠢᠨᠠᠷ ᠢ ᠪᠦᠷᠢᠳᠦᠭᠦᠯᠦᠨ᠎ᠡ᠃ ᠫᠷᠣᠲ᠋ᠡᠢᠨ ᠤ ᠣᠠᠷᠶᠠᠪᠡᠯᠨᠣᠰᠣᠲ᠂ ᠭᠧᠨ ᠳ᠋ᠡᠬᠢ ᠳ᠋ᠡᠲ᠋ᠡᠷᠮᠨᠠᠨᠲᠤ ᠻᠣᠳᠣᠴᠢᠯᠠᠯ ᠨᠢ ᠪᠠᠻᠲ᠋ᠧᠷᠢ ᠶᠢᠨ ᠠᠨᠲ᠋ᠢᠭᠡᠨ ᠤ ᠣᠠᠷᠶᠠᠼᠢ ᠶᠢᠨ ᠥᠨᠳᠥᠷ ᠳᠠᠪᠲᠠᠮᠵᠠ ᠶᠢ ᠲᠣᠳᠣᠷᠬᠠᠶᠢᠯᠠᠳᠠᠭ᠃
ᠬᠠᠯᠳᠠᠪᠤᠷᠢᠯᠠᠬᠤ ᠵᠠᠮ
1᠃ ᠪᠡᠯᠭᠡ ᠶᠢᠨ ᠵᠠᠮ ᠢᠶᠠᠷ᠄ ᠭᠣᠨᠣᠻᠣᠻᠻ ᠭᠠᠳᠠᠭᠠᠳᠤ ᠣᠷᠴᠢᠨ ᠤ ᠨᠥᠯᠦᠭᠡᠨ ᠳᠦ ᠶᠡᠬᠡ ᠲᠡᠰᠪᠦᠷᠢ ᠮᠠᠭᠤ ᠲᠠᠢ᠂ ᠬᠦᠮᠦᠨ ᠦ ᠪᠡᠶ᠎ᠡ ᠮᠠᠬᠠᠪᠣᠳᠢᠣᠢᠰ ᠥᠭᠡᠷ᠎ᠡ ᠤᠷᠴᠢᠨ ᠳᠤ ᠠᠮᠢᠳᠤᠷᠠᠬᠤ ᠴᠢᠳᠠᠪᠤᠷᠢ ᠪᠠᠨ ᠠᠯᠠᠳᠠᠳᠠᠭ ᠤᠴᠢᠷ ᠠᠴᠠ ᠬᠠᠯᠳᠠᠪᠤᠷᠢ ᠦᠨᠳᠦᠰᠦᠨ ᠳᠦ ᠪᠡᠨ ᠪᠡᠯᠡᠭ ᠦᠨ ᠬᠠᠪᠢᠲᠠᠯ ᠢᠶᠠᠷ ᠡᠪᠡᠳᠴᠢᠲᠡᠢ ᠬᠦᠮᠦᠨ ᠡᠴᠡ ᠡᠷᠡᠭᠦᠯ ᠬᠦᠨᠳᠦ ᠳᠠᠮᠵᠢᠳᠠᠭ᠃
2᠃ ᠠᠬᠣᠢ ᠶᠢᠨ ᠵᠠᠮ ᠢᠶᠠᠷ᠄ -ᠬᠣᠪᠣᠷ ᠲᠣᠬᠢᠶᠠᠯᠳᠤᠯ ᠳᠤ ᠵᠠᠭ ᠬᠦᠢᠲᠡᠨ ᠡᠪᠡᠳᠴᠢᠨ ᠪᠡᠯᠡᠭ ᠦᠨ ᠪᠤᠰᠤ ᠵᠠᠮ ᠢᠶᠠᠷ ᠲᠤᠬᠠᠢ ᠶᠢᠨ ᠢᠯᠭᠠᠳᠠᠰᠤ ᠨᠢ ᠬᠠᠲᠠᠭ᠎ᠠ ᠦᠭᠡᠢ ᠪᠠᠶᠢᠭ᠎ᠠ ᠪᠣᠬᠢᠷᠯᠭᠳᠠᠰᠤᠨ ᠪᠡᠶ᠎ᠡ ᠤᠬᠢᠶᠠᠬᠤ ᠵᠦᠯᠭᠦᠭᠦᠷ᠂ ᠠᠯᠴᠢᠭᠤᠷ᠂ ᠬᠥᠲᠥᠪᠴᠢ᠂ ᠣᠷᠣ ᠳᠡᠷᠡᠨ ᠦ ᠴᠠᠭᠠᠨ ᠬᠡᠷᠡᠭᠯᠡᠯ᠂ ᠮᠥᠨ ᠵᠠᠭ ᠬᠦᠢᠲᠡᠨ ᠲᠡᠢ ᠡᠴᠢᠭᠡ ᠡᠬᠡ ᠬᠡᠦᠬᠡᠳ ᠲᠦ ᠪᠡᠨ ᠭᠣᠨᠣᠻᠣᠻᠻᠣᠣᠷ ᠪᠣᠬᠢᠷᠯᠭᠳᠠᠰᠤᠨ ᠭᠠᠷ ᠢᠶᠠᠷ ᠢᠶᠠᠨ ᠬᠠᠯᠳᠠᠭᠠᠬᠤ ᠵᠡᠷᠭᠡ ᠪᠡᠷ ᠳᠠᠮᠵᠢᠨ ᠬᠠᠯᠳᠠᠪᠤᠷᠢᠯᠠᠨ᠎ᠠ᠃
3᠃ ᠲᠥᠷᠦᠬᠦ ᠵᠠᠮ ᠢᠶᠠᠷ᠄ ᠍ ᠲᠥᠷᠥᠬᠦ ᠵᠠᠮ ᠢᠶᠠᠷ ᠵᠠᠭ ᠬᠦᠢᠲᠡᠨ ᠡᠪᠡᠳᠴᠢᠲᠡᠢ ᠡᠬᠡ ᠠᠮᠤᠷᠵᠢᠬᠤ ᠦᠶ᠎ᠡ ᠳᠦ ᠬᠡᠦᠬᠡᠳ ᠦᠨ ᠨᠢᠳᠦᠨ ᠦ ᠰᠠᠯᠢᠰᠤᠲᠤ ᠪᠦᠷᠬᠦᠪᠬᠢᠨᠳᠢ ᠭᠣᠨᠣᠻᠣᠻᠻ ᠣᠷᠣᠵᠤ ᠡᠪᠡᠳᠴᠢᠯᠡᠭᠦᠯᠳᠡᠭ᠃
ᠠᠩᠭᠢᠯᠠᠯ
ᠡᠪᠡᠳᠴᠢᠨ ᠢ ᠶᠠᠪᠤᠴᠠ ᠪᠠᠷ ᠨᠢ᠄
1᠃ ᠰᠢᠨ᠎ᠡ (ᠬᠠᠯᠳᠠᠪᠤᠷᠢ ᠠᠪᠰᠠᠨ ᠠᠴᠠ ᠬᠣᠶᠢᠰᠢ 2 ᠰᠠᠷ᠎ᠠ ᠬᠦᠷᠲᠡᠯ᠎ᠡ ᠦᠷᠭᠦᠯᠵᠢᠯᠡᠨ᠎ᠡ)
- ᠴᠣᠴᠢᠮᠠᠭ
- ᠴᠣᠴᠢᠮᠠᠭᠳᠠᠭᠤ
- ᠪᠠᠯᠠᠷᠬᠠᠢ
2᠃ ᠠᠷᠬᠠᠭ (2 ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠦᠷᠭᠦᠯᠵᠢᠯᠡᠭᠰᠡᠨ᠃ ᠡᠪᠡᠳᠴᠢᠨ ᠪᠦᠳᠡᠭᠢᠳᠡᠭᠦᠦ ᠶᠠᠪᠤᠴᠠ ᠲᠠᠢ ᠥᠷᠯᠥᠭᠡ ᠰᠢᠭᠡᠬᠦ ᠳᠦ ᠰᠢᠭᠡᠰᠦᠨ ᠦ ᠰᠦᠪᠡ ᠡᠴᠡ ᠳᠤᠰᠤᠯ ᠢᠳᠡᠭᠡ ᠭᠠᠷᠳᠠᠭ)
3᠃ ᠰᠢᠨᠵᠢ ᠲᠡᠮᠳᠡᠭ ᠦᠭᠡᠢ (ᠰᠦᠪᠢᠶᠧᠻᠲ᠋ᠢᠪ ᠵᠣᠪᠢᠭᠤᠷᠢ ᠦᠭᠡᠢ᠃ ᠪᠠᠯᠠᠷᠬᠠᠢ ᠪᠠ ᠣᠭᠲᠣ ᠰᠢᠨᠵᠢ ᠲᠡᠮᠳᠡᠭ ᠦᠭᠡᠢ ᠶᠠᠪᠤᠭᠳᠠᠳᠠᠭ )
-ᠶᠠᠮᠠᠷ ᠡᠷᠬᠡᠲᠡᠨ ᠢ ᠬᠠᠮᠤᠷᠤᠭᠰᠠᠨ ᠢᠶᠠᠷ ᠨᠢ᠄
1᠃ ᠰᠢᠭᠡᠰᠦ ᠪᠡᠯᠡᠭ ᠦᠨ ᠵᠠᠮ ᠤᠨ ᠳᠣᠭᠣᠳᠤ ᠬᠡᠰᠡᠭ ᠢ ᠬᠤᠷᠴᠠ ᠪᠠᠷ ᠦᠷᠪᠢᠰᠦᠭᠦᠯᠦᠭᠰᠡᠨ᠃
2᠃ ᠰᠢᠭᠡᠰᠦ ᠪᠡᠯᠡᠭ ᠦᠨ ᠵᠠᠮ ᠤᠨ ᠳᠡᠭᠡᠳᠦ ᠬᠡᠰᠡᠭ ᠢ ᠠᠷᠬᠠᠭ ᠢᠶᠠᠷ ᠦᠷᠪᠢᠰᠦᠭᠦᠯᠦᠭᠰᠡᠨ᠃
3᠃ ᠨᠢᠳᠦᠨ ᠦ ᠰᠠᠯᠢᠰᠤᠲᠤ ᠶᠢ ᠦᠷᠪᠢᠰᠦᠭᠦᠯᠦᠭᠰᠡᠨ᠃
-ᠨᠠᠰᠤ ᠬᠦᠢᠰᠦᠨ ᠦ ᠪᠠᠶᠢᠳᠠᠯ ᠢᠶᠠᠷ ᠨᠢ᠄
1᠃ ᠡᠷᠡᠭᠲᠡᠢ ᠭᠣᠨᠣᠷᠡ᠎ᠠ
2᠃ ᠡᠮᠡᠭᠲᠡᠢ ᠭᠣᠨᠣᠷᠡ᠎ᠠ
3᠃ ᠬᠡᠦᠬᠡᠳ ᠦᠨ ᠭᠣᠨᠣᠷᠡ᠎ᠠ
-ᠬᠠᠯᠳᠠᠪᠤᠷᠢᠯᠠᠬᠤ ᠵᠠᠮ ᠢᠶᠠᠷ ᠨᠢ᠄
1᠃ ᠪᠡᠯᠡᠭ ᠦᠨ ᠵᠠᠮ
2᠃ ᠠᠬᠤᠢ ᠶᠢᠨ ᠵᠠᠮ
3᠃ ᠲᠥᠷᠥᠬᠦ ᠵᠠᠮ
ᠭᠣᠨᠣᠻᠣᠻᠻᠢ ᠶᠢᠨ ᠬᠠᠯᠳᠠᠪᠤᠷᠢ ᠶᠢᠨ ᠠᠩᠭᠢᠯᠠᠯ
1᠃ ᠰᠢᠭᠡᠰᠦ ᠪᠡᠯᠡᠭ ᠦᠨ ᠵᠠᠮ ᠤᠨ ᠬᠦᠨᠳᠦᠷᠡᠯ ᠭᠦᠢ ᠭᠣᠨᠣᠻᠣᠻᠢ ᠶᠢᠨ ᠬᠠᠯᠳᠠᠪᠤᠷᠢ
2᠃ ᠰᠢᠭᠡᠰᠦ ᠪᠡᠯᠡᠭ ᠦᠨ ᠵᠠᠮ ᠤᠨ ᠬᠦᠨᠳᠦᠷᠡᠯᠲᠦᠨᠡᠢ ᠭᠣᠨᠣᠻᠣᠻᠢ ᠶᠢᠨ ᠬᠠᠯᠳᠠᠪᠤᠷᠢ
3᠃ ᠰᠢᠭᠡᠰᠦ ᠪᠡᠯᠡᠭ ᠦᠨ ᠵᠠᠮ ᠤᠨ ᠪᠣᠯᠤᠨ ᠪᠠᠭ᠎ᠠ ᠠᠭᠠᠷᠴᠠᠭ ᠤᠨ ᠡᠷᠬᠡᠲᠡᠨ ᠦ ᠭᠣᠨᠣᠻᠣᠻᠻᠢ ᠶᠢᠨ ᠪᠤᠰᠤ ᠬᠠᠯᠳᠠᠪᠤᠷᠢ
ᠡᠮᠭᠡᠭ ᠵᠢᠮ᠎ᠠ
Neisseria gonorrhea ᠨᠢ ᠬᠦᠨᠳᠦ ᠪᠡᠯᠡᠭ ᠦᠨ ᠵᠠᠮ ᠢᠶᠠᠷ ᠬᠠᠯᠳᠠᠪᠤᠷᠢᠯᠠᠭᠠᠳ ᠪᠡᠯᠡᠭ ᠡᠷᠬᠡᠲᠡᠨ ᠦ ᠰᠠᠯᠢᠰᠤᠲᠤ ᠶᠢᠨ ᠼᠢᠯᠢᠨᠳ᠋ᠷ ᠡᠫᠲ᠋ᠡᠯᠳ ᠬᠣᠯᠪᠣᠭᠳᠠᠳᠠᠭ᠃ ᠢᠩᠭᠢᠬᠦ ᠳᠦ ᠪᠡᠨ ᠭᠣᠨᠣᠻᠣᠻᠻ ᠨᠢ ᠭᠠᠳᠠᠷᠭᠤ ᠳᠡᠭᠡᠷ᠎ᠡ ᠪᠡᠨ ᠠᠭᠤᠯᠤᠭᠳᠠᠬᠤ ᠫᠢᠯ ᠤᠨ (ᠫᠷᠣᠲ᠋ᠡᠢᠨ 1) ᠠᠮᠢᠨ ᠬᠦᠴᠢᠯ ᠦᠨ ᠳᠠᠷᠠᠭᠠᠯᠠᠯ ᠢᠶᠠᠷ ᠢᠶᠠᠨ ᠼᠢᠯᠢᠨᠳ᠋ᠷ ᠡᠫᠲ᠋ᠡᠯ ᠤᠨ ᠴᠡᠯᠮᠡᠨ (ᠣᠣᠷᠰᠢᠨᠻ) ᠳᠡᠭᠡᠷ᠎ᠡ ᠪᠡᠬᠢᠯᠡᠭᠳᠡᠨ᠎ᠡ᠃ ᠫᠢᠯ ᠤᠨ ᠠᠮᠢᠨ ᠬᠦᠴᠢᠯ ᠦᠨ ᠳᠠᠷᠠᠭᠠᠯᠠᠯ ᠨᠢ ᠼᠢᠯᠢᠨᠳ᠋ᠷ ᠡᠫᠲ᠋ᠡᠯ ᠤᠨ ᠡᠰ ᠦᠨ ᠬᠠᠨᠠᠨ ᠤ ᠤᠭᠤᠷᠠᠭᠯᠢᠭ ᠪᠣᠳᠠᠰ ᠤᠨ ᠠᠮᠢᠨ ᠬᠦᠴᠢᠯ ᠦᠨ ᠳᠠᠷᠠᠭᠠᠯᠠᠯ ᠲᠠᠢ ᠣᠶᠢᠷᠠᠯᠴᠠᠭ᠎ᠠ ᠪᠠᠶᠢᠳᠠᠭ᠃ ᠫᠷᠣᠲ᠋ᠡᠢᠨ 2 ᠍ ᠤᠨ ᠲᠤᠰᠠᠯᠠᠮᠵᠢ ᠲᠠᠢ ᠡᠰᠡ ᠳᠣᠲᠣᠷ᠎ᠠ ᠨᠡᠪᠲᠡᠷᠡᠨ ᠣᠷᠣᠵᠤ ᠡᠰ ᠢ ᠭᠡᠮᠲᠦᠭᠡᠨ᠎ᠡ᠃ ᠡᠰᠡ ᠭᠡᠮᠲᠭᠰᠡᠡᠷ ᠡᠰ ᠲᠦ ᠦᠷᠪᠢᠰᠦᠯ ᠦᠨ ᠫᠷᠣᠼᠧᠰᠰ ᠶᠠᠪᠤᠭᠳᠠᠨ᠎ᠠ᠃
ᠦᠷᠪᠢᠰᠦᠯ ᠦᠨ ᠫᠷᠣᠼᠧᠰᠰ᠄
- ᠠᠯᠢᠲ᠋ᠡᠷᠠᠼᠢ ᠶᠢᠨ ᠦᠶ᠎ᠡ
ᠭᠡᠮᠲᠦᠭᠡᠭᠴᠢ ᠬᠦᠴᠦᠨ ᠵᠦᠢᠯ ᠦᠨ ᠨᠥᠯᠥᠭᠡ ᠪᠡᠷ ᠡᠰ ᠦᠨ ᠯᠢᠽᠣᠰᠣᠮᠤᠭᠠᠰᠤ ᠬᠦᠴᠢᠯᠯᠢᠭ ᠭᠢᠳ᠋ᠷᠣᠯᠠᠵᠠ ᠢᠯᠭᠠᠷᠴᠢ ᠵᠡᠷᠭᠡᠯᠡᠯᠳᠦᠭᠡᠬᠢ ᠡᠰ ᠦᠳ ᠢᠶᠡᠨ ᠭᠡᠮᠲᠦᠭᠡᠨ᠎ᠡ᠃ ᠡᠳ᠋ ᠡᠰ ᠦᠨ ᠵᠠᠳᠠᠷᠠᠯ ᠤᠨ ᠦᠷ᠎ᠡ ᠳ᠋ᠦᠩ ᠳᠦ ᠡᠰ ᠦᠨ ᠮᠡᠮᠪᠷᠠᠨ ᠤ ᠯᠢᠫᠢᠳ ᠦᠨ ᠬᠡᠲᠦ ᠢᠰᠦᠯᠳᠦᠯᠲᠡᠢᠭ ᠥᠳᠥᠭᠡᠭᠴᠢ ᠬᠦᠴᠦᠨ ᠵᠦᠢᠯ ᠡᠭᠦᠰᠢ ᠤᠯᠠᠮ ᠢᠶᠠᠷ ᠬᠡᠪ ᠦᠨ ᠡᠰ ᠦᠨ ᠮᠡᠮᠪᠷᠠᠨ ᠤ ᠯᠢᠫᠢᠳ ᠦᠨ ᠴᠢᠯᠦᠭᠡᠲᠦ ᠷᠠᠳᠢᠻᠠᠯ ᠤᠨ ᠭᠢᠨᠵᠢᠨ ᠤᠷᠪᠠᠯ ᠢᠶᠠᠷ ᠢᠰᠦᠯᠳᠦᠭᠦᠯᠵᠦ ᠣᠯᠠᠨ ᠲᠣᠭᠠᠨ ᠤ ᠪᠢᠴᠢᠯ ᠰᠤᠪᠠᠭ ᠡᠭᠦᠰᠬᠡᠨ ᠨᠡᠪᠴᠢᠮᠡᠬᠡᠢ ᠰᠢᠨᠵᠢ ᠴᠢᠨᠠᠷ ᠢ ᠨᠡᠮᠡᠭᠳᠡᠭᠦᠯᠵᠦ ᠡᠰᠡ ᠬᠥᠭᠡᠭᠡᠵᠦ ᠬᠠᠪᠤᠩᠨᠠᠨ᠎ᠠ᠃ ᠠᠯᠢᠲ᠋ᠡᠷᠠᠼᠢ ᠶᠢᠨ ᠦᠷ᠎ᠡ ᠳ᠋ᠦᠩ ᠳᠦ ᠦᠷᠪᠢᠰᠦᠯ ᠦᠨ ᠮᠡᠳᠢᠶᠠᠲ᠋ᠣᠷᠤᠳ ᠪᠣᠯᠤᠨ ᠪᠢᠣᠯᠣᠭ ᠤᠨ ᠢᠳᠡᠪᠬᠢ ᠳᠦ ᠪᠣᠳᠠᠰ ᠡᠭᠦᠰᠦᠨ᠎ᠡ᠃ ᠡᠳᠡᠭᠡᠷ ᠮᠡᠳᠢᠶᠠᠲ᠋ᠣᠷᠤᠳ ᠨᠢ ᠬᠥᠬᠡᠮᠡᠯ ᠡᠰᠡ᠂ ᠪᠠᠵᠣᠹᠢᠯ᠂ ᠨᠡᠢᠲ᠋ᠷᠣᠹᠢᠯ᠂ ᠲᠷᠣᠮᠪᠣᠼᠲᠤ ᠵᠡᠷᠭᠡ ᠡᠰ ᠦᠳ ᠡᠴᠡ ᠢᠯᠭᠠᠷᠠᠨ᠎ᠠ᠃
1᠃ ᠰᠤᠳᠠᠰᠤ ᠢᠳᠡᠪᠬᠢ ᠳᠦ ᠠᠮᠢᠨ (ᠰᠡᠷᠣᠲᠣᠨᠢᠨ᠂ ᠭᠢᠰᠲ᠋ᠠᠮᠢᠨ)
-ᠭᠢᠰᠲ᠋ᠠᠮᠢᠨ ᠨᠢ ᠦᠷᠪᠢᠰᠦᠯ ᠦᠨ ᠭᠣᠯᠤᠮᠲᠠᠲᠤ ᠬᠠᠮᠤᠭ ᠤᠨ ᠲᠦᠷᠦᠭᠦᠨ ᠳᠦ ᠢᠯᠭᠠᠷᠠᠳᠠᠭ ᠮᠡᠳᠢᠶᠠᠲ᠋ᠣᠷ ᠶᠤᠮ᠃ ᠡᠨᠡ 2 ᠢᠯᠭᠠᠷᠠᠭᠰᠠᠨ ᠢᠶᠠᠷ ᠵᠠᠭ ᠬᠦᠢᠲᠡᠨ ᠦ ᠡᠮᠨᠡᠯ ᠵᠦᠢ ᠳᠦ ᠵᠠᠭᠠᠳᠤᠨᠠᠬᠤ ᠰᠢᠨᠵᠢ ᠲᠡᠮᠳᠡᠭ ᠢᠯᠡᠷᠡᠳᠡᠭ᠃
2᠃ ᠯᠢᠽᠣᠰᠣᠮ ᠤᠨ ᠫᠷᠣᠲ᠋ᠡᠠᠵᠠ (ᠬᠦᠴᠢᠯᠯᠢᠭ ᠪᠠ ᠰᠠᠭᠠᠷᠮᠠᠭ ᠭᠢᠳ᠋ᠷᠣᠯᠠᠵᠠ)
-ᠬᠦᠴᠢᠯᠯᠢᠭ ᠨᠢ ᠦᠷᠪᠢᠰᠦᠯ ᠦᠨ ᠭᠣᠯᠤᠮᠲᠠᠲᠤ pH ᠍ ᠢ ᠪᠠᠭᠤᠷᠠᠭᠤᠯᠵᠤ ᠬᠦᠴᠢᠯᠯᠢᠭ ᠫᠷᠣᠲ᠋ᠡᠵᠠ ᠶᠢᠨ ᠢᠳᠡᠪᠬᠢ ᠶᠢ ᠨᠡᠮᠡᠭᠳᠡᠭᠦᠯᠦᠨ᠎ᠡ᠃
-ᠰᠠᠭᠠᠷᠮᠠᠭ ᠨᠢ ᠮᠣᠨᠣᠼᠲᠤ ᠪᠣᠯᠤᠨ ᠮᠠᠻᠷᠣᠹᠠᠭᠡ ᠶᠢᠨ ᠵᠠᠯᠢᠭᠠᠯᠲᠠ ᠶᠢ ᠢᠳᠡᠪᠬᠢᠵᠢᠭᠦᠯᠨᠡ᠃
3᠃ ᠻᠠᠲᠢᠣᠨ ᠤ ᠠᠭᠤᠷᠤᠭ ᠤᠳ ᠰᠤᠳᠠᠰᠤᠨ ᠤ ᠨᠡᠪᠴᠢᠮᠡᠬᠡᠢ ᠰᠢᠨᠵᠢ ᠴᠢᠨᠠᠷ ᠢ ᠨᠡᠮᠡᠭᠳᠡᠭᠦᠯᠦᠨ᠎ᠡ᠃ ᠨᠡᠢᠲ᠋ᠷᠣᠹᠢᠯ ᠤᠨ ᠬᠡᠮᠣᠲᠠᠻᠰᠢᠰ ᠶᠢ ᠳᠡᠮᠵᠢᠨ᠎ᠡ ᠮᠥᠨ ᠡᠦᠽᠢᠨᠣᠹᠢᠯ ᠪᠣᠯᠤᠨ ᠨᠡᠢᠲ᠋ᠷᠣᠹᠢᠯ ᠤᠨ ᠬᠥᠳᠡᠯᠭᠡᠭᠡᠨ ᠢ ᠳᠡᠮᠵᠢᠬᠦ ᠦᠢᠯᠡᠴᠢᠯᠡᠭᠡ ᠦᠵᠡᠭᠦᠯᠦᠨ᠎ᠡ᠃ ᠪᠠᠻᠲ᠋ᠧᠷᠢ ᠶᠢᠨ ᠡᠨᠳᠣᠲ᠋ᠣᠻᠰᠢᠨ᠂ ᠳᠠᠷᠬᠠᠨ ᠪᠦᠷᠢᠳᠦᠯ᠂ ᠬᠢᠮᠢ ᠶᠢᠨ ᠬᠣᠣᠷ᠎ᠠ ᠪᠣᠯᠤᠨ ᠹᠢᠽᠢᠻ ᠬᠦᠴᠦᠨ ᠵᠦᠢᠯ ᠡᠴᠡ ᠼᠢᠲ᠋ᠣᠻᠢᠨ ᠢᠯᠭᠠᠷᠠᠨ᠎ᠠ᠃
4᠃ ᠥᠰᠦᠯᠲᠡ ᠶᠢᠨ ᠬᠦᠴᠦᠨ ᠵᠦᠢᠯ ᠡᠭᠦᠰᠦᠨ᠎ᠡ᠃ ᠡᠭᠦᠨ ᠳᠦ ᠬᠠᠪᠰᠠᠷᠭ᠎ᠠ ᠶᠢᠨ ᠰᠢᠰᠲ᠋ᠧᠮ᠂ ᠻᠢᠨᠢᠨᠤ ᠰᠢᠰᠲ᠋ᠧᠮ ᠢᠳᠡᠪᠬᠢᠵᠢᠨᠡ᠃ ᠬᠠᠪᠰᠤᠷᠭ᠎ᠠ ᠢᠳᠡᠪᠬᠢᠵᠢᠭᠰᠡᠨ ᠢᠶᠡᠷ ᠰ 3 ᠠ᠂ ᠰ 5 ᠠ ᠨᠢ ᠭᠢᠰᠲ᠋ᠠᠮᠢᠨ ᠢᠯᠭᠠᠷᠠᠭᠤᠯᠬᠤ᠂ ᠫᠷᠣᠰᠣᠲᠣᠭᠯᠠᠨᠳᠢᠨ ᠪᠣᠯᠤᠨ ᠯᠢᠻᠣᠲᠷᠢᠶᠡᠨ ᠢᠯᠭᠠᠷᠠᠭᠤᠯᠤᠨ᠎ᠠ᠃ ᠰ 5 ᠠ ᠢ ᠬᠡᠮᠣᠻᠢᠨ ᠭᠡᠬᠦ ᠪᠠ ᠮᠣᠨᠣᠼᠲᠤ᠂ ᠨᠡᠢᠲ᠋ᠷᠣᠹᠢᠯ᠂ ᠪᠠᠵᠣᠹᠢᠯ ᠤᠨ ᠬᠡᠮᠣᠲᠠᠻᠰᠢᠰᠡᠢᠭ ᠳᠡᠮᠵᠢᠳᠡᠭ᠃ ᠻᠢᠨᠢᠨᠤ ᠰᠢᠰᠲ᠋ᠧᠮ ᠨᠢ ᠰᠤᠳᠠᠰᠤᠨ ᠤ ᠬᠠᠨ ᠢ ᠠᠭᠰᠢᠭᠠᠬᠤ ᠦᠢᠯᠡᠴᠢᠯᠡᠭᠡ ᠦᠵᠡᠭᠦᠯᠳᠡᠭ᠃
- ᠡᠻᠰᠤᠳᠠᠼᠢ ᠶᠢᠨ ᠦᠶ᠎ᠡ
ᠦᠷᠪᠢᠰᠦᠯ ᠦᠨ ᠭᠣᠯᠣᠮᠲᠠ ᠳᠠᠬᠢ ᠴᠢᠰᠤᠨ ᠤ ᠡᠷᠭᠢᠯᠲᠡ ᠪᠠ ᠠᠯᠢᠲ᠋ᠡᠷᠠᠼᠢ ᠶᠢᠨ ᠦᠷ᠎ᠡ ᠳ᠋ᠦᠩ ᠳᠦ ᠦᠷᠪᠢᠰᠦᠯ ᠦᠨ ᠮᠡᠳᠢᠶᠠᠲ᠋ᠣᠷ ᠦᠨ ᠦᠢᠯᠡᠴᠢᠯᠡᠯ ᠢᠶᠡᠷ ᠡᠭᠦᠰᠦᠨ᠎ᠡ᠃ ᠡᠨᠡ ᠦᠶ᠎ᠡ ᠳᠦ᠄
1᠃ ᠠᠷᠲ᠋ᠡᠷᠢᠣᠯᠤᠳ ᠶᠢᠨ ᠲᠦᠷᠢ ᠨᠠᠷᠢᠰᠤᠯ
2᠃ ᠠᠷᠲ᠋ᠡᠷᠢᠣᠯ ᠤᠳ ᠥᠷᠭᠡᠰᠦᠢ ᠠᠷᠲ᠋ᠧᠷᠢ ᠶᠢᠨ ᠴᠢᠰᠤᠨ ᠳᠦᠭᠦᠷᠦᠯᠲᠡ ᠪᠣᠯᠬᠤ
3᠃ ᠣᠡᠨᠢ ᠶᠢᠨ ᠽᠠᠰᠲᠠᠢ ᠪᠠ ᠣᠡᠨᠢ ᠶᠢᠨ ᠴᠢᠰᠤ ᠳᠦᠭᠦᠷᠦᠯᠲᠡ ᠶᠠᠪᠤᠭᠳᠠᠨ᠎ᠠ᠃
ᠠᠷᠲ᠋ᠡᠷᠢᠣᠯ ᠻᠠᠫᠯᠯᠢᠶᠠᠷ ᠶᠢᠨ ᠳᠣᠲᠣᠭᠠᠳᠤ ᠭᠢᠳ᠋ᠷᠣᠰᠲ᠋ᠠᠲ᠋ᠢᠻ ᠳᠠᠷᠤᠯᠲᠠ ᠨᠡᠮᠡᠭᠳᠰᠠᠨᠡᠷ ᠴᠢᠰᠤᠨ ᠤ ᠤᠭᠤᠷᠠᠭ ᠪᠠᠭᠠᠲᠠᠢ ᠰᠢᠩᠭᠡᠨ ᠬᠡᠰᠡᠭ ᠰᠤᠳᠠᠰᠤᠨ ᠤ ᠬᠠᠨ᠎ᠠ ᠶᠢᠨ ᠨᠡᠪᠴᠢᠮᠡᠬᠡᠢ ᠰᠢᠨᠵᠢ ᠴᠢᠨᠠᠷ ᠶᠡᠬᠡᠰᠰᠡᠨᠡᠭᠡᠷ ᠰᠤᠳᠠᠰᠤᠨ ᠠᠴᠠ ᠭᠠᠳᠠᠭᠰᠢᠯᠠᠨ᠎ᠠ᠃ ᠴᠢᠰᠤᠨ ᠤ ᠰᠡᠶᠢᠪᠦᠩ ᠭᠠᠳᠠᠭᠰᠢᠯᠠᠨ ᠴᠢᠰᠤ ᠥᠳᠬᠡᠷᠴᠢ ᠤᠷᠤᠰᠬᠠᠯ ᠨᠢ ᠤᠳᠠᠭᠠᠰᠢᠷᠠᠭᠰᠠᠨ ᠠᠴᠠ ᠡᠷᠢᠲᠷᠣᠼᠲᠤ ᠪᠣᠯᠤᠨ ᠯᠡᠻᠣᠼᠢᠲᠡᠭᠦᠳ ᠰᠤᠳᠠᠰᠤᠨ ᠠᠴᠠ ᠭᠠᠷᠤᠨ ᠦᠷᠪᠢᠰᠦᠯ ᠦᠨ ᠭᠣᠯᠤᠮᠲᠠᠲᠤ ᠨᠡᠭᠦᠳᠡᠯᠯᠡᠨ ᠣᠴᠢᠨ᠎ᠠ᠃ ᠯᠡᠻᠣᠼᠢᠲᠡᠭᠦᠳ ᠪᠠᠻᠲ᠋ᠧᠷᠢ ᠶᠢ ᠵᠠᠯᠭᠢᠬᠤ ᠫᠷᠣᠼᠧᠰᠰ 6 ᠍ ᠦᠨ ᠦᠶ᠎ᠡ ᠱᠠᠲᠤ ᠪᠠᠷ ᠶᠠᠪᠤᠭᠳᠠᠨ᠎ᠠ᠃
1᠃ ᠯᠡᠻᠣᠼᠲᠤ ᠵᠠᠬ᠎ᠠ ᠶᠢᠨ ᠪᠠᠶᠢᠷᠢᠯᠠᠯᠳᠤ ᠰᠢᠯᠵᠢᠬᠦ
ᠴᠢᠰᠤ ᠰᠡᠢᠪᠡᠨᠭᠡ ᠠᠯᠳᠠᠰᠤᠨᠠᠭᠠᠰᠤ ᠰᠤᠳᠠᠰᠤᠨ ᠤ ᠭᠣᠣᠯ ᠢᠶᠠᠷ ᠤᠷᠤᠰᠬᠤ ᠯᠡᠻᠣᠼᠲᠤ ᠰᠤᠳᠠᠰᠤᠨ ᠤ ᠵᠠᠬᠠᠷᠠᠭᠤ ᠰᠢᠯᠵᠢᠨ ᠡᠫᠲ᠋ᠡᠯᠷᠡᠭᠦᠦ ᠣᠶᠢᠷᠠᠳᠳᠠᠭ᠃
2᠃ ᠠᠳᠬᠡᠽᠢ ᠶᠢᠨ ᠫᠷᠣᠼᠧᠰᠰ
ᠵᠠᠬ᠎ᠠ ᠶᠢᠨ ᠪᠠᠶᠢᠷᠢᠯᠠᠯᠳᠤ ᠰᠢᠯᠵᠢᠭᠰᠡᠨ ᠯᠡᠻᠣᠼᠢᠲᠡᠭᠦᠳ ᠰᠤᠳᠠᠰᠤᠨ ᠤ ᠢᠳᠡᠪᠬᠢᠵᠰᠦᠨ ᠡᠨᠳᠣᠲ᠋ᠡᠯ ᠡᠰ ᠡᠴᠡ ᠥᠪᠡᠷᠮᠢᠴᠡ ᠬᠣᠯᠪᠣᠭᠴᠢ ᠮᠣᠯᠧᠬᠦᠯ (LFA-1᠂ MAC-1᠂ P150) ᠢᠯᠭᠠᠷᠠᠭᠰᠠᠨ ᠢᠶᠠᠷ ᠡᠨᠳᠣᠲ᠋ᠡᠯᠲᠡᠢ ᠬᠣᠯᠪᠣᠭᠳᠠᠨ᠎ᠠ᠃
3᠃ ᠢᠮᠮᠢᠭᠷᠠᠼᠢ
ᠯᠡᠻᠣᠼᠢᠲᠡᠭᠦᠳ ᠰᠤᠳᠠᠰᠤᠨ ᠤ ᠬᠠᠨ ᠢᠶᠠᠷ ᠨᠡᠪᠲᠡᠷᠡᠨ ᠭᠠᠷᠴᠤ ᠰᠤᠳᠠᠰᠤ ᠣᠷᠴᠢᠮ ᠤᠨ ᠡᠳ᠋ ᠍ ᠲᠦ ᠣᠴᠢᠬᠤ ᠦᠢᠯᠡ ᠶᠠᠪᠤᠴᠠ ᠶᠢ ᠢᠮᠮᠢᠭᠷᠠᠼᠢ ᠭᠡᠨ᠎ᠡ᠃
4᠃ ᠬᠡᠮᠣᠲᠠᠻᠰᠢᠰ ᠶᠢᠨ ᠫᠷᠣᠼᠧᠰᠰ
ᠬᠡᠮᠣᠲᠠᠻᠰᠢᠰ ᠶᠢ ᠥᠳᠥᠭᠡᠭᠴᠢ ᠬᠦᠴᠦᠨ ᠵᠦᠢᠯ ᠦᠨ ᠦᠢᠯᠡᠴᠢᠯᠡᠯ ᠢᠶᠡᠷ ᠯᠡᠻᠣᠼᠢᠲᠡᠭᠦᠳ ᠰᠤᠳᠠᠰᠤᠨ ᠠᠴᠠ ᠭᠠᠷᠴᠤ ᠦᠷᠪᠢᠰᠦᠯ ᠦᠨ ᠭᠣᠯᠤᠮᠲᠠᠲᠤ ᠨᠡᠭᠦᠳᠡᠯᠯᠡᠨ ᠣᠴᠢᠬᠤ ᠦᠢᠯᠡ ᠶᠠᠪᠤᠴᠠ ᠶᠤᠮ᠃
5᠃ ᠹᠠᠭᠼᠢᠲ᠋ᠣᠼ ᠶᠢᠨ ᠫᠷᠣᠼᠧᠰᠰ
ᠯᠡᠻᠣᠼᠢᠲᠡᠭᠦᠳ ᠨᠢ ᠦᠷᠪᠢᠰᠦᠯ ᠦᠨ ᠭᠣᠯᠤᠮᠲᠠᠲᠤ ᠨᠡᠭᠦᠳᠡᠯᠯᠡᠨ ᠣᠴᠢᠵᠤ ᠪᠢᠴᠢᠯ ᠪᠡᠶᠡᠲᠡᠨ ᠪᠣᠯᠤᠨ ᠪᠡᠶ᠎ᠡ ᠮᠠᠬᠠᠪᠣᠳᠤᠳ ᠬᠡᠷᠡᠭ ᠦᠭᠡᠢ ᠪᠦᠲᠦᠴᠡ ᠶᠢ ᠵᠠᠯᠭᠢᠨ ᠪᠣᠯᠪᠠᠰᠤᠷᠠᠭᠤᠯᠵᠤ ᠢᠯᠭᠠᠷᠠᠭᠤᠯᠤᠨ᠎ᠠ᠃ ᠡᠨᠡ ᠦᠢᠯᠡ ᠶᠠᠪᠤᠴᠠ ᠨᠢ 3 ᠦᠶ᠎ᠡ ᠱᠠᠲᠤ ᠠᠴᠠ ᠪᠥᠷᠢᠳᠦᠨ᠎ᠡ᠃
a᠃ ᠲᠠᠨᠢᠵ ᠳᠣᠪᠲᠣᠯᠬᠤ ᠦᠶ᠎ᠡ
ᠭᠣᠨᠣᠻᠻᠣᠻ ᠨᠢ ᠭᠠᠳᠠᠨ ᠤ ᠪᠡᠶ᠎ᠡ ᠳᠦ ᠤᠴᠢᠷ ᠬᠠᠪᠰᠠᠷᠭ᠎ᠠ ᠶᠢᠨ ᠰ 3b ᠻᠣᠮᠫᠣᠨᠡᠨᠲ lgG ᠭᠠᠳᠠᠭᠤᠷ ᠨᠢ ᠬᠤᠴᠢᠵᠤ ᠯᠡᠻᠣᠼᠲᠤ ᠲᠠᠨᠢᠬᠤ ᠨᠥᠬᠥᠴᠡᠯ ᠢ ᠪᠦᠷᠢᠳᠦᠭᠦᠯᠦᠨ᠎ᠡ.ᠡᠢᠨᠬᠦᠦ ᠣᠫᠰᠣᠨᠢᠨᠵᠰᠦᠨ ᠬᠡᠰᠡᠭ ᠦᠳ ᠢ ᠲᠠᠨᠢᠵ ᠥᠪᠡᠷ ᠦᠨ ᠭᠠᠳᠠᠷᠭᠤ ᠳᠡᠭᠡᠷ᠎ᠡ ᠪᠠᠶᠢᠷᠢᠯᠠᠬᠤ ᠥᠪᠡᠷᠮᠢᠴᠡ ᠷᠡᠼᠡᠫᠲᠤᠷᠲᠠᠢ ᠬᠣᠯᠪᠣᠨ᠎ᠠ᠃
b᠃ ᠵᠠᠯᠭᠢᠬᠤ ᠦᠶ᠎ᠡ
ᠯᠡᠻᠣᠼᠢᠲ᠋ᠣᠳ᠋ ᠬᠣᠯᠪᠣᠭᠳᠠᠭᠰᠠᠨ ᠭᠣᠨᠣᠻᠻᠣᠻ ᠨᠢ ᠯᠡᠻᠣᠼᠲᠤ ᠳᠣᠲᠣᠷ᠎ᠠ ᠰᠣᠩᠭᠣᠮᠠᠯ ᠢᠶᠠᠷ ᠠᠮᠢᠳᠤᠷᠠᠵᠤ ᠦᠷᠡᠵᠢᠬᠦ ᠴᠢᠳᠠᠪᠤᠷᠢᠲᠠᠢ ᠲᠤᠯᠠ ᠡᠨᠡ ᠦᠶ᠎ᠡ ᠳᠦ ᠹᠠᠭᠼᠢᠲ᠋ᠣᠼ ᠶᠢᠨ ᠵᠠᠮ ᠢᠶᠠᠷ ᠡᠰ ᠲᠦ ᠣᠷᠣᠨ᠎ᠠ᠃
c᠃ ᠪᠣᠯᠪᠠᠰᠤᠷᠠᠭᠤᠯᠵᠤ ᠤᠰᠠᠳᠬᠠᠬᠤ ᠦᠶ᠎ᠡ
ᠡᠨᠡ ᠦᠶ᠎ᠡ ᠳᠦ ᠯᠡᠻᠣᠼᠢᠲᠤ ᠶᠢᠨ ᠯᠢᠽᠣᠰᠣᠮ ᠹᠠᠭᠣᠰᠣᠮᠠᠳ ᠣᠶᠢᠷᠠᠳᠴᠤ ᠹᠡᠷᠮᠡᠨᠲᠡ ᠢᠯᠭᠠᠷᠠᠭᠤᠯᠤᠨ ᠵᠠᠳᠠᠯᠬᠤ ᠶᠣᠰᠣᠲᠠᠢ ᠪᠠᠶᠢᠲᠠᠯ᠎ᠠ ᠭᠣᠨᠣᠻᠻᠣᠻᠤᠭᠠᠰᠤ ᠢᠯᠭᠠᠷᠠᠬᠤ ᠯᠢᠫᠣᠫᠣᠯᠢᠰᠠᠬᠠᠷᠢᠳ ᠶᠢᠨ ᠨᠥᠯᠥᠭᠡ ᠪᠡᠷ ᠯᠢᠽᠣᠰᠣᠮ ᠶᠢ ᠳᠠᠷᠤᠩᠭᠤᠶᠢᠯᠠᠵᠤ ᠡᠰᠡ ᠳᠣᠲᠣᠷ᠎ᠠ ᠠᠮᠢᠳᠤᠷᠠᠬᠤ ᠨᠥᠬᠥᠴᠡᠯ ᠢᠶᠡᠨ ᠪᠦᠷᠢᠳᠦᠭᠦᠯᠵᠦ ᠥᠰᠦᠢ ᠦᠷᠡᠵᠢᠳᠡᠭ᠃
ᠭᠡᠬᠦ ᠳᠦ ᠪᠡᠨ ᠯᠡᠻᠣᠼᠢᠲᠤ ᠶᠢᠨ ᠬᠠᠮᠠᠭᠠᠯᠠᠬᠤ ᠤᠷᠪᠠᠯ ᠤᠨ ᠳ᠋ᠦᠩ ᠳᠦ ᠯᠢᠽᠣᠰᠣᠮᠤᠭᠠᠰᠤ ᠢᠯᠭᠠᠷᠠᠬᠤ ᠹᠡᠷᠮᠡᠨᠲᠤ ᠶᠢᠨ ᠨᠥᠯᠥᠭᠡ ᠪᠡᠷ ᠳᠣᠲᠣᠷᠠᠬᠢ ᠠᠭᠤᠯᠤᠮᠵᠢ ᠲᠠᠢ ᠪᠠᠨ ᠬᠠᠮᠲᠤ ᠭᠠᠳᠠᠭᠰᠢᠯᠠᠨ᠎ᠠ᠃ ᠵᠠᠭ ᠬᠦᠢᠲᠡᠨ ᠦ ᠦᠶ᠎ᠡ ᠳᠦ ᠡᠳᠡᠭᠡᠷ ᠨᠢ ᠰᠢᠭᠡᠰᠦᠨᠠᠢ ᠰᠦᠪᠡ ᠳᠦ ᠠᠭᠤᠯᠤᠭᠳᠠᠬᠤ ᠪᠥᠭᠡᠳ ᠪᠡᠶ᠎ᠡ ᠵᠠᠰᠠᠬᠤ ᠪᠣᠯᠤᠨ ᠡᠷᠡᠻᠼᠢ ᠶᠢᠨ ᠦᠶ᠎ᠡ ᠳᠦ ᠢᠳᠡᠭᠡᠲᠦ ᠢᠯᠭᠠᠳᠠᠰᠤ ᠭᠠᠷᠤᠨ᠎ᠠ᠃
ᠢᠳᠡᠭᠡᠲᠦ ᠢᠯᠭᠠᠳᠠᠰᠤ ᠳᠤ ᠴᠢᠰᠤᠨ ᠤ ᠮᠢᠭᠷᠠᠴᠠᠯᠠᠭᠳᠠᠰᠤᠨ ᠨᠡᠢᠲ᠋ᠷᠣᠹᠢᠯ᠂ ᠦᠬᠦᠭᠰᠡᠨ ᠡᠳ᠋ ᠡᠰ ᠪᠣᠯᠤᠨ ᠯᠢᠮᠹᠣᠼᠲᠤ᠂ ᠫᠯᠠᠽᠮ ᠤᠨ ᠡᠰ ᠦᠳ ᠠᠭᠤᠯᠤᠭᠳᠠᠨ᠎ᠠ.ᠮᠥᠨ ᠭᠣᠨᠣᠻᠣᠻᠻ ᠥᠪᠡᠷ ᠢᠶᠡᠨ ᠠᠭᠤᠯᠤᠭᠳᠠᠨ᠎ᠠ᠃ ᠡᠨᠡ ᠢᠳᠡᠭᠡᠲᠦ ᠢᠯᠭᠠᠳᠠᠰᠤ ᠨᠢ ᠬᠡᠪ ᠦᠨ ᠬᠥᠪᠴᠢᠷᠡᠭᠡ ᠦᠭᠡᠢ ᠡᠷ᠎ᠡ ᠪᠡᠯᠭᠡ ᠡᠷᠬᠡᠲᠡᠨ ᠦ ᠰᠢᠭᠡᠰᠦᠨ ᠦ ᠰᠦᠪᠡ ᠶᠢᠨ ᠨᠠᠷᠢᠰᠤᠯ ᠪᠣᠯᠬᠤ ᠬᠤᠨᠢᠶᠠᠰᠤ ᠨᠤᠭᠤᠳ ᠲᠤ (ᠯᠠᠻᠦᠢᠨᠠᠳᠤ) ᠠᠭᠤᠯᠤᠭᠳᠠᠬᠤ ᠪᠠ ᠡᠷᠡᠻᠼᠢ ᠶᠢᠨ ᠦᠶ᠎ᠡ ᠳᠦ ᠲᠠᠯ᠎ᠠ ᠬᠤᠪᠢ ᠨᠢ ᠦᠷ᠎ᠡ ᠶᠢᠨ ᠰᠢᠨᠬᠡᠭᠡᠨᠲᠡᠢ ᠭᠠᠳᠠᠭᠰᠢᠯᠠᠵᠤ᠂ ᠪᠤᠰᠤᠳ ᠬᠡᠰᠡᠭ ᠨᠢ ᠬᠦᠴᠦᠲᠡᠢ ᠠᠭᠰᠢᠯᠲᠠ ᠶᠢᠨ ᠳᠠᠷᠠᠭ᠎ᠠ ᠰᠣᠷᠣᠭᠳᠠᠬᠤ ᠬᠠᠤᠯᠢ ᠪᠠᠷ ᠲᠦᠷᠦᠭᠦᠦ ᠪᠤᠯᠴᠢᠷᠬᠠᠢ ᠶᠢᠨ ᠰᠹᠢᠨᠻᠲ᠋ᠡᠷ ᠶᠢ ᠳᠠᠪᠠᠵᠤ ᠥᠰᠬᠡᠬᠦ ᠬᠠᠯᠳᠠᠪᠤᠷᠢ ᠶᠢ ᠡᠭᠦᠰᠬᠡᠨ᠎ᠡ.
ᠡᠮᠨᠡᠯ ᠵᠦᠢ
ᠰᠦᠪᠢᠶᠧᠻᠲ᠋ᠢᠪ᠄
- ᠰᠢᠭᠡᠰᠦᠨ ᠦ ᠰᠦᠪᠡ ᠪᠡᠷ ᠵᠠᠭᠠᠲᠤᠭᠠᠵᠤ ᠡᠪ ᠦᠭᠡᠢ ᠣᠷᠭᠢᠬᠤ
1᠃ ᠰᠢᠭᠡᠬᠦ ᠡᠴᠡ ᠡᠮᠦᠨ᠎ᠡ᠂ ᠰᠢᠭᠡᠬᠦ ᠳᠦ ᠪᠣᠯᠤᠨ ᠰᠢᠭᠡᠰᠦᠨ ᠦ ᠳᠠᠷᠠᠭ᠎ᠠ ᠡᠪᠡᠳᠦᠯᠲᠡ ᠥᠭᠭᠦᠨ᠎ᠡ᠃
2᠃ ᠰᠢᠭᠡᠰᠦ ᠣᠶᠢᠷ᠎ᠠ ᠣᠶᠢᠷᠠᠬᠠᠨ ᠬᠦᠷᠡᠨ᠎ᠡ᠃
3᠃ ᠰᠢᠭᠡᠰᠦᠨ ᠦ ᠳᠠᠷᠠᠭ᠎ᠠ ᠳᠠᠬᠢᠨ ᠰᠢᠭᠡᠮᠡᠷ ᠰᠠᠨᠠᠭᠳᠠᠬᠤ
ᠣᠪᠶᠧᠻᠲ᠋ᠢᠣ᠄
- ᠰᠢᠭᠡᠰᠦᠨ ᠦ ᠰᠦᠪᠡ ᠶᠢᠨ ᠭᠠᠳᠠᠨ᠎ᠠ ᠠᠮᠠᠰᠠᠷ ᠤᠯᠠᠢᠵ ᠬᠠᠪᠤᠩᠨᠠᠬᠤ
4᠃ ᠰᠢᠭᠡᠰᠦᠨ ᠦ ᠰᠦᠪᠡ᠂ ᠤᠮᠠᠢ ᠶᠢᠨ ᠬᠥᠵᠦᠭᠦᠦ ᠪᠡᠷ ᠢᠳᠡᠭᠡᠲᠦ᠂ᠰᠠᠯᠢᠰᠤᠷᠬᠠᠭ᠂ ᠨᠣᠭᠣᠪᠲᠤᠷ ᠲᠤᠶᠠᠭ᠎ᠠ ᠲᠠᠢ ᠢᠯᠭᠠᠳᠠᠰᠤ ᠭᠠᠷᠬᠤ
5᠃ ᠲᠡᠮᠲᠡᠷᠢᠬᠦ ᠳᠦ ᠰᠢᠭᠡᠰᠦᠨ ᠦ ᠰᠦᠪᠡ ᠶᠢᠨ ᠠᠮᠠᠰᠠᠷ ᠤᠨ ᠠᠷᠠᠰᠤ ᠬᠠᠯᠠᠭᠤᠨ ᠣᠷᠭᠢᠬᠤ ᠪᠠᠭ᠎ᠠ ᠵᠡᠷᠭᠡ ᠬᠥᠨᠳᠡᠭᠦᠷᠯᠡᠬᠦ
6᠃ ᠠᠷᠬᠠᠭ ᠦᠷᠪᠢᠰᠦᠯ ᠦᠨ ᠦᠶ᠎ᠡ ᠳᠦ ᠥᠷᠯᠥᠭᠡ ᠢᠳᠡᠭᠡᠷᠬᠡᠭ ᠨᠣᠭᠣᠪᠲᠤᠷ ᠢᠯᠭᠠᠳᠠᠰᠤ ᠭᠠᠷᠤᠨ᠎ᠠ᠃
ᠰᠢᠨ᠎ᠡ ᠬᠡᠯᠪᠡᠷᠢ᠄ ᠬᠤᠷᠴᠠ ᠶᠠᠪᠤᠴᠠ ᠲᠠᠢ ᠦᠶ᠎ᠡ ᠳᠦ- ᠪᠡᠯᠡᠭ ᠡᠷᠬᠡᠲᠡᠨ ᠦ ᠲᠣᠯᠣᠭᠠᠢ᠂ ᠰᠢᠭᠡᠰᠦᠨ ᠦ ᠰᠦᠪᠡᠨᠡᠢ ᠠᠮᠠᠰᠠᠷ ᠤᠯᠠᠢᠵ ᠬᠠᠪᠤᠩᠨᠠᠭᠰᠠᠨ᠂ ᠰᠢᠭᠡᠰᠦᠨ ᠦ ᠰᠦᠪᠡ ᠪᠡᠷ ᠶᠡᠬᠡ ᠬᠡᠮᠵᠢᠶᠡᠨᠡᠢ ᠨᠣᠭᠣᠭᠠᠨ ᠢᠳᠡᠭᠡ ᠭᠠᠷᠤᠨ᠎ᠠ᠃
ᠬᠤᠷᠴᠠᠪᠲᠤᠷ ᠦᠶ᠎ᠡ ᠳᠦ᠄ ᠡᠪᠡᠳᠴᠢᠨ ᠦ ᠰᠢᠨᠵᠢ ᠲᠡᠮᠳᠡᠭ ᠦᠷᠪᠢᠰᠦᠯ ᠦᠨ ᠬᠤᠷᠴᠠ ᠶᠠᠪᠤᠴᠠ ᠶᠢ ᠪᠣᠳᠣᠪᠠᠯ ᠪᠠᠭᠠᠪᠲᠤᠷ᠂ ᠰᠠᠯᠢᠰᠤᠷᠬᠠᠭ ᠢᠳᠡᠭᠡᠷᠬᠡᠭ ᠢᠯᠭᠠᠳᠠᠰᠤ ᠲᠠᠢ᠂ ᠰᠢᠭᠡᠰᠦᠨ ᠦ ᠰᠦᠪᠡᠨᠡᠢ ᠭᠠᠳᠠᠨ᠎ᠠ ᠠᠮᠠᠰᠠᠷ ᠤᠨ ᠦᠷᠪᠢᠰᠦᠯ ᠪᠠᠭ᠎ᠠ ᠵᠡᠷᠭᠡ᠂ ᠰᠦᠪᠢᠶᠡᠻᠲ᠋ᠢᠪ ᠵᠣᠪᠢᠭᠤᠷ ᠪᠠᠷᠤᠭ ᠪᠠᠶᠢᠬᠤ ᠦᠭᠡᠢ᠂ ᠪᠠᠭ᠎ᠠ ᠵᠡᠷᠭᠡ ᠵᠠᠭᠠᠲᠤᠨᠠᠵᠤ᠂ ᠡᠪ ᠦᠭᠡᠢ ᠣᠷᠭᠢᠨ᠎ᠠ᠃
ᠪᠠᠯᠠᠷᠬᠠᠢ ᠦᠶ᠎ᠡ ᠳᠦ᠄ ᠡᠪᠡᠳᠴᠢᠨ ᠦ ᠰᠢᠵᠨᠵᠢ ᠲᠡᠮᠳᠡᠭ ᠪᠦᠳᠡᠭᠢ ᠪᠠ ᠪᠠᠷᠤᠭ ᠪᠠᠶᠢᠬᠤ ᠦᠭᠡᠢ᠃ ᠢᠯᠭᠠᠳᠠᠰᠤ ᠨᠢ ᠭᠣᠣᠯᠳᠠᠭᠤ ᠥᠷᠯᠥᠭᠡ ᠰᠢᠭᠡᠬᠦ ᠳᠦ ᠰᠠᠯᠢᠰᠤᠷᠬᠠᠭ ᠢᠳᠡᠭᠡᠷᠬᠡᠭ ᠪᠠᠶᠢᠨ᠎ᠠ᠃ ᠰᠦᠪᠢᠶᠧᠻᠲ᠋ᠢᠪ ᠵᠣᠪᠢᠭᠤᠷᠢ ᠦᠭᠡᠢ᠃
-ᠠᠷᠬᠠᠭ ᠬᠡᠯᠪᠡᠷᠢ᠄ ᠡᠪᠡᠳᠴᠢᠯᠡᠭᠡᠳ 2 ᠰᠠᠷ᠎ᠠ ᠠᠴᠠ ᠳᠡᠭᠡᠭᠰᠢ ᠦᠷᠭᠦᠯᠵᠢᠯᠡᠭᠰᠡᠨ ᠦᠶ᠎ᠡ ᠶᠤᠮ᠃ ᠬᠠᠯᠳᠠᠪᠤᠷᠢ ᠠᠪᠤᠭᠰᠠᠨ ᠠᠴᠠ ᠬᠣᠶᠢᠰᠢᠬᠢ ᠬᠤᠭᠤᠴᠠᠭᠠᠨ ᠨᠤᠭᠤᠳ ᠲᠤ ᠡᠪᠡᠳᠴᠢᠨ ᠦ ᠶᠠᠪᠤᠴᠠ ᠪᠦᠳᠡᠭᠢᠳᠡᠭᠦᠦ ᠪᠠᠶᠢᠨ᠎ᠠ᠃ ᠥᠷᠯᠥᠭᠡ ᠰᠢᠭᠡᠰᠦᠨ ᠦ ᠰᠦᠪᠡᠨᠡᠢ ᠠᠮᠠᠰᠠᠷ ᠬᠣᠭᠤᠷᠤᠨᠳᠤᠬ ᠨᠠᠭᠠᠯᠳᠤᠭᠰᠠᠨ᠂ ᠰᠢᠭᠡᠬᠦ ᠳᠦ ᠰᠢᠭᠡᠰᠦᠨ ᠦ ᠰᠦᠪᠡ ᠡᠴᠡ ᠰᠠᠯᠢᠰᠤᠷᠬᠠᠭ ᠢᠳᠡᠭᠡᠲᠦ ᠢᠯᠭᠠᠳᠠᠰᠤ ᠭᠠᠷᠤᠨ᠎ᠠ᠃
ᠰᠢᠨᠵᠢ ᠲᠡᠮᠳᠡᠭ ᠦᠭᠡᠢ ᠬᠡᠯᠪᠡᠷᠢ᠄ ᠰᠦᠪᠢᠶᠧᠻᠲ᠋ᠢᠪ ᠵᠣᠪᠢᠭᠤᠷᠢ ᠦᠭᠡᠢ᠂ ᠰᠢᠨᠵᠢ ᠲᠡᠮᠳᠡᠭ ᠦᠭᠡᠢ ᠶᠠᠪᠤᠭᠳᠠᠨ᠎ᠠ᠃
ᠡᠷᠡᠭᠲᠡᠢ ᠶᠢᠨ ᠭᠣᠨᠣᠷᠡ᠎ᠠ
ᠡᠷᠡᠴᠦᠳ ᠲᠦ ᠬᠠᠯᠳᠠᠪᠤᠷᠢᠯᠠᠨ ᠤᠷᠤᠬᠤ ᠬᠠᠭᠠᠯᠭ᠎ᠠ ᠨᠢ ᠶᠠᠭᠤᠨ ᠤ ᠲᠦᠷᠦᠭᠦᠨ ᠳᠦ ᠰᠢᠭᠡᠰᠦᠨ ᠦ ᠰᠦᠪᠡᠨᠡᠢ ᠰᠤᠪᠠᠭ
ᠪᠠᠶᠢᠳᠠᠭ᠃ ᠡᠬᠢᠨ ᠦ 2 ᠴᠠᠭ ᠲᠤ ᠬᠤᠪᠢ ᠶᠢᠨ ᠠᠷᠭ᠎ᠠ ᠪᠠᠷ ᠲᠡᠭᠦᠨ ᠢ ᠤᠰᠠᠳᠬᠠᠵᠤ ᠪᠣᠯᠤᠨ᠎ᠠ᠃ ᠭᠣᠨᠣᠻᠣᠻᠻ ᠨᠢ ᠡᠬᠢᠨ ᠦ ᠦᠶ᠎ᠡ ᠳᠦ ᠡᠷᠬᠡᠲᠡᠨ ᠦ ᠠᠮᠠᠰᠠᠷ ᠳᠡᠭᠡᠷ᠎ᠡ ᠦᠷᠡᠵᠢᠬᠦ ᠪᠠ ᠴᠢᠨᠠᠭᠰᠢᠳᠠ ᠪᠠᠨ ᠮᠠᠰᠢ ᠬᠤᠷᠳᠤᠨ ᠬᠤᠪᠢᠶᠠᠭᠳᠠᠨ ᠦᠷᠡᠵᠢᠵᠦ ᠡᠷᠬᠡᠲᠡᠨ ᠦ ᠭᠦᠨ ᠳᠦ ᠨᠡᠪᠲᠡᠷᠡᠨ᠎ᠡ᠃ ᠡᠷᠭᠢᠲᠡᠢ ᠳᠦ ᠲᠤᠬᠠᠢ ᠶᠢᠨ ᠡᠪᠡᠳᠴᠢᠨ ᠨᠢ ᠣᠷᠡᠲᠷᠢᠲ ᠬᠡᠯᠪᠡᠷᠢ ᠪᠡᠷ ᠲᠣᠬᠢᠶᠠᠯᠳᠤᠨ᠎ᠠ᠃ ᠻᠯᠢᠨᠢᠻᠲ ᠤᠷᠳᠤ ᠪᠣᠯᠤᠨ ᠠᠷᠤ ᠶᠢᠨ ᠣᠷᠡᠲᠷᠢᠲᠠᠭᠠᠰᠤ ᠢᠯᠭᠠᠳᠠᠰᠤ ᠭᠠᠷᠤᠨ᠎ᠠ᠃
-ᠰᠢᠭᠡᠰᠦᠨ ᠦ ᠰᠦᠪᠡ ᠶᠢᠨ ᠡᠮᠦᠨᠡᠲᠦ ᠬᠡᠰᠡᠭ ᠦᠨ ᠰᠢᠨ᠎ᠡ ᠬᠤᠷᠴᠠ ᠭᠣᠨᠣᠷᠡ᠎ᠠ
-ᠨᠢᠭᠤᠴᠠ ᠦᠶ᠎ᠡ 3-5 ᠬᠣᠨᠣᠭ ᠰᠢᠭᠡᠰᠦᠨ ᠦ ᠰᠦᠪᠡ ᠶᠢᠨ ᠭᠠᠳᠠᠨ᠎ᠠ ᠠᠮᠠᠰᠠᠷ ᠣᠷᠴᠢᠮ ᠢᠶᠠᠷ ᠵᠠᠭᠠᠳᠤᠨᠠᠬᠤ ᠪᠠ ᠬᠠᠯᠠᠭᠤ ᠣᠷᠭᠢᠨ᠎ᠠ᠂ ᠬᠠᠪᠤᠩᠨᠠᠨ᠎ᠠ᠂ ᠰᠢᠭᠡᠰᠦᠨ ᠦ ᠰᠦᠪᠡ ᠶᠢ ᠰᠢᠬᠠᠬᠤ ᠦᠶ᠎ᠡ ᠳᠦ ᠰᠠᠯᠢᠰᠤᠷᠬᠠᠭ ᠢᠳᠡᠭᠡ ᠢᠯᠭᠠᠷᠠᠨ᠎ᠠ᠃ 1-2 ᠡᠳᠦᠷ ᠦᠨ ᠳᠠᠷᠠᠭ᠎ᠠ ᠡᠪᠡᠳᠴᠢᠨ ᠦ ᠰᠢᠨᠵᠢ ᠲᠡᠮᠳᠡᠭ ᠣᠭᠴᠣᠮ ᠨᠡᠮᠡᠭᠳᠡᠨ᠎ᠡ᠃ ᠪᠡᠯᠡᠭ ᠡᠷᠬᠡᠲᠡᠨ ᠦ ᠲᠣᠯᠣᠭᠠᠢ ᠬᠥᠭᠡᠭᠡᠵᠦ ᠬᠠᠪᠤᠩᠨᠠᠨ᠎ᠠ᠃ ᠰᠢᠭᠡᠰᠦᠨ ᠦ ᠰᠦᠪᠡ ᠨᠡᠪᠴᠢᠳᠡᠰᠦ ᠲᠡᠢ᠂ ᠲᠡᠮᠲᠡᠷᠢᠬᠦ ᠳᠦ ᠡᠮᠵᠡᠭᠯᠡᠯ ᠲᠡᠢ ᠪᠠᠶᠢᠳᠠᠭ.ᠡᠪᠡᠳᠴᠢᠲᠡᠨ ᠰᠢᠭᠡᠰᠦᠨ ᠦ ᠰᠦᠪᠡ ᠡᠪᠡᠳᠴᠦ ᠪᠠᠶᠢᠨ᠎ᠠ᠂ ᠡᠷᠡᠻᠼᠢ ᠶᠢᠨ ᠦᠶ᠎ᠡ ᠳᠦ ᠡᠪᠡᠳᠦᠯᠲᠡ ᠢᠯᠡᠷᠡᠵᠦ ᠪᠠᠶᠢᠨ᠎ᠠ ᠭᠡᠵᠦ ᠵᠠᠪᠠᠭᠤᠷᠢᠯᠠᠨᠠ᠃
-ᠰᠢᠭᠡᠰᠦᠨ ᠦ ᠰᠦᠪᠡ ᠶᠢᠨ ᠠᠷᠤ ᠶᠢᠨ ᠬᠡᠰᠡᠭ ᠦᠨ ᠰᠢᠨ᠎ᠡ ᠬᠤᠷᠴᠠ ᠵᠠᠭ ᠬᠦᠢᠲᠡᠨ—ᠵᠠᠷᠢᠮ ᠲᠣᠬᠢᠶᠠᠯᠳᠤᠯ ᠳᠤ ᠭᠣᠨᠣᠻᠣᠻᠻ ᠶᠢᠨ ᠬᠠᠯᠳᠠᠪᠤᠷᠢ ᠶᠢᠨ ᠫᠷᠣᠼᠧᠰᠰ ᠰᠢᠭᠡᠰᠦ ᠳᠠᠮᠵᠢᠭᠤᠯᠬᠤ ᠰᠤᠪᠠᠭ ᠤᠨ ᠠᠷᠤ ᠶᠢᠨ ᠬᠡᠰᠡᠭ ᠲᠦ ᠰᠢᠯᠵᠢᠬᠦ ᠪᠣᠯᠤᠨ᠎ᠠ᠃ ᠡᠨᠡ ᠣᠷᠭᠠᠨᠢᠰᠮ ᠤᠨ ᠡᠰᠡᠷᠭᠦᠴᠡᠯ ᠪᠠᠭᠤᠷᠠᠬᠤ᠂ ᠠᠷᠢᠬᠢ ᠳᠠᠷᠠᠰᠤ ᠬᠡᠷᠡᠭᠯᠡᠬᠦ᠂ ᠪᠤᠷᠤᠭᠤ ᠡᠮᠴᠢᠯᠡᠭᠡᠨᠡᠢ (ᠣᠷᠡᠲ᠋ᠷᠣᠰᠻᠣᠫᠢ᠂ ᠻᠠᠲ᠋ᠡᠲ᠋ᠡᠷᠢᠬᠤ) ᠳ᠋ᠦᠩ ᠳᠦ ᠪᠤᠢ ᠪᠣᠯᠤᠨ᠎ᠠ.ᠠᠷᠤ ᠬᠡᠰᠡᠭ ᠦᠨ ᠣᠷᠡᠲᠷᠢᠲ ᠶᠠᠪᠤᠭᠳᠠᠵᠤ ᠪᠠᠶᠢᠪᠠᠯ ᠡᠪᠡᠳᠴᠢᠨ ᠬᠦᠨᠳᠦᠷᠴᠢ ᠪᠠᠶᠢᠭ᠎ᠠ ᠶᠢ ᠢᠯᠡᠳᠬᠡᠨ᠎ᠡ.ᠡᠨᠡ ᠦᠶ᠎ᠡ ᠳᠦ ᠳᠠᠷᠠᠭᠠᠬᠢ ᠰᠢᠨᠵᠢ ᠲᠡᠮᠳᠡᠭ ᠭᠠᠷᠤᠨ᠎ᠠ᠃ ᠡᠭᠦᠨ ᠳᠦ᠄
a᠃ ᠣᠶᠢᠷ᠎ᠠ ᠣᠶᠢᠷᠠᠬᠠᠨ ᠰᠢᠭᠡᠮᠡᠷ ᠰᠠᠨᠠᠭᠳᠠᠬᠤ (ᠴᠠᠭ ᠪᠣᠯᠭᠠᠨ᠂ ᠡᠪᠡᠳᠴᠢᠨ ᠦ ᠬᠦᠨᠳᠦ ᠦᠶ᠎ᠡ ᠳᠦ 15-20 ᠮᠢᠨᠦ᠋ᠲ ᠲᠤᠲᠤᠮ ᠳᠤ)
B ᠃ᠰᠢᠭᠡᠭᠰᠡᠨ ᠦ ᠲᠡᠭᠦᠰᠬᠡᠯ ᠳᠦ ᠳᠤᠰᠤᠯ ᠴᠢᠰᠤ ᠭᠠᠷᠬᠤ (ᠭᠡᠮᠠᠲ᠋ᠦᠢᠷᠢ)
c᠃ ᠡᠷᠡᠻᠼᠢ ᠶᠢᠨ ᠦᠶ᠎ᠡ ᠳᠦ ᠦᠷ᠎ᠡ ᠶᠢᠨ ᠰᠢᠩᠭᠡᠨ ᠴᠢᠰᠤ ᠲᠠᠢ ᠭᠠᠷᠬᠤ
d᠃ ᠰᠢᠭᠡᠰᠦ ᠪᠤᠯᠠᠩᠭᠢᠷ ᠲᠠᠢ ᠪᠣᠯᠬᠤ᠃
-ᠰᠢᠭᠡᠰᠦᠨ ᠦ ᠰᠦᠪᠡ ᠶᠢᠨ ᠰᠢᠨ᠎ᠡ ᠬᠤᠷᠴᠠᠪᠲᠤᠷ ᠵᠠᠭ ᠬᠦᠢᠲᠡᠨ – ᠬᠤᠷᠴᠠ ᠦᠶ᠎ᠡ ᠶᠢᠨ ᠵᠠᠭ ᠬᠦᠢᠲᠡᠨ ᠲᠡᠢ ᠢᠵᠢᠯ ᠰᠢᠨᠵᠢ ᠲᠡᠮᠳᠡᠭ ᠭᠠᠷᠬᠤ ᠪᠣᠯᠪᠠᠴᠤ ᠢᠯᠡᠷᠡᠯ ᠨᠢ ᠠᠷᠠᠢ ᠰᠤᠯᠠ ᠪᠠᠶᠢᠳᠠᠭ᠃
-ᠰᠢᠭᠡᠰᠦᠨ ᠦ ᠰᠦᠪᠡ ᠶᠢᠨ ᠳᠠᠯᠳᠠ ᠰᠢᠨ᠎ᠡ ᠵᠠᠭ ᠬᠦᠢᠲᠡᠨ – ᠪᠠᠭ᠎ᠠ ᠵᠡᠷᠭᠡ ᠰᠦᠪᠢᠶᠧᠻᠲ᠋ᠢᠪ ᠰᠢᠨᠵᠢ ᠢᠯᠡᠷᠡᠨ᠎ᠡ᠃ ᠰᠢᠭᠡᠰᠦᠨ ᠦ ᠰᠦᠪᠡ ᠵᠠᠭᠠᠲᠤᠨᠠᠵᠤ ᠡᠪ ᠦᠭᠡᠢ ᠣᠷᠭᠢᠬᠤ ᠪᠠ ᠢᠯᠭᠠᠳᠠᠰᠤ ᠭᠠᠷᠴᠤ ᠪᠣᠯᠤᠨ᠎ᠠ᠃
ᠠᠷᠬᠠᠭ ᠵᠠᠭ ᠬᠦᠢᠲᠡᠨ – ᠬᠤᠷᠴᠠ ᠪᠣᠯᠤᠨ ᠬᠤᠷᠴᠠᠪᠲᠤᠷ ᠵᠠᠭ ᠬᠦᠢᠲᠡᠨ ᠦ ᠦᠷᠪᠢᠰᠦᠯ ᠨᠠᠮᠳᠠᠰᠤᠨ ᠤ ᠳᠠᠷᠠᠭ᠎ᠠ ᠡᠭᠦᠰᠦᠨ᠎ᠡ᠃ ᠠᠷᠬᠠᠭ ᠬᠡᠯᠪᠡᠷᠢ ᠳᠦ ᠰᠢᠯᠵᠢᠬᠡᠳᠡ ᠳᠠᠷᠠᠭᠠᠬᠢ ᠰᠢᠯᠲᠠᠭᠠᠨ ᠨᠥᠯᠦᠭᠡᠯᠡᠨ᠎ᠡ᠃
ᠡᠭᠦᠨ ᠳᠦ᠄
1᠃ ᠣᠨᠣᠪᠴᠢᠲᠠᠢ ᠪᠤᠰᠤ ᠡᠮᠴᠢᠯᠡᠭᠡ᠂ ᠡᠮᠴᠢᠯᠡᠭᠡ ᠲᠠᠰᠤᠷᠠᠬᠤ᠂ ᠥᠪᠡᠷ ᠢᠶᠡᠨ ᠥᠪᠡᠷ ᠢ ᠪᠡᠨ ᠡᠮᠴᠢᠯᠡᠬᠦ
2᠃ ᠡᠮᠴᠢᠯᠡᠭᠡᠨᠡᠢ ᠳᠢᠭᠯᠢᠮ ᠠᠯᠳᠠᠭᠳᠠᠬᠤ ( ᠠᠷᠢᠬᠢ ᠤᠤᠭᠤᠬᠤ᠂ ᠬᠣᠭᠣᠯᠠᠯᠠᠯᠲᠠ ᠶᠢᠨ ᠳᠢᠭᠯᠢᠮ ᠠᠯᠳᠠᠭᠳᠠᠬᠤ᠂ ᠪᠡᠯᠭᠡ ᠶᠢᠨ ᠬᠠᠷᠢᠴᠠᠭ᠎ᠠ)
3᠃ ᠰᠢᠭᠡᠰᠦ ᠳᠠᠮᠵᠢᠭᠤᠯᠬᠤ ᠰᠤᠪᠠᠭ ᠤᠨ ᠭᠠᠵᠢ ᠬᠥᠭᠵᠢᠯ
4᠃ ᠰᠢᠭᠡᠰᠦ ᠪᠡᠯᠡᠭ ᠦᠨ ᠵᠠᠮ ᠤᠨ ᠬᠠᠯᠳᠠᠪᠤᠷᠢᠲᠤ ᠥᠷᠢᠲᠥᠬᠦ ( ᠭᠣᠨᠣᠻᠻᠣᠻ ᠪᠠ ᠬᠯᠮᠢᠳ᠂ ᠮᠢᠻᠣᠫᠯᠠᠽᠮ ᠶᠢᠨ᠂ ᠲᠷᠢᠬᠣᠮᠨᠢᠶᠠᠵᠠ᠂ ᠣᠢᠷᠦ᠋ᠰᠲ ᠶᠢᠨ)
5᠃ ᠪᠤᠰᠤᠳ ᠠᠷᠬᠠᠭ ᠡᠪᠡᠳᠴᠢᠨ ᠲᠡᠢ ᠪᠠᠶᠢᠬᠤ (ᠰᠢᠬᠢᠷ ᠦᠨ ᠰᠢᠵᠢᠩ᠂ ᠲᠦᠪᠡᠷᠻᠦᠢᠯᠢᠶᠣᠠ᠂ ᠠᠨᠡᠮᠢ᠂ ᠠᠯᠻᠣᠭᠣᠯ)
==ᠡᠷᠡᠭᠲᠡᠢ ᠶᠢᠨ ᠵᠠᠭ ᠬᠦᠢᠲᠡᠨ ᠦ ᠬᠦᠨᠳᠦᠷᠡᠯ᠄ ==
- ᠪᠠᠯᠠᠨᠣᠫᠣᠰᠲᠢᠲ᠄ ᠪᠠᠯᠠᠨᠢᠲ ᠡᠨᠡ ᠨᠢ ᠲᠡᠭᠡᠷᠬᠡᠢ ᠶᠢᠨ ᠳᠣᠲᠣᠷ᠎ᠠ ᠲᠠᠯ᠎ᠠ ᠶᠢᠨ ᠬᠠᠨ᠎ᠠ ᠶᠢᠨ ᠦᠷᠪᠢᠰᠦᠯ᠃ ᠫᠣᠰᠲᠢᠲ ᠲᠡᠭᠡᠷᠬᠡᠢ ᠶᠢᠨ ᠠᠷᠠᠰᠤᠨ ᠤ ᠳᠣᠲᠣᠷ᠎ᠠ ᠢᠯᠲᠠᠰᠤ ᠶᠢᠨ ᠦᠷᠪᠢᠰᠦᠯ᠃ ᠡᠨᠡ 2 ᠍ ᠠᠴᠠ ᠡᠭᠦᠰᠳᠡᠭ᠃
- ᠹᠢᠮᠣᠽ᠄ ᠲᠡᠭᠡᠷᠬᠡᠢ ᠶᠢᠨ ᠳᠣᠲᠣᠷ᠎ᠠ ᠬᠠᠨ ᠭᠠᠳᠠᠨ᠎ᠠ ᠪᠡᠯᠡᠭ ᠡᠷᠬᠡᠲᠡᠨ ᠨᠢᠯᠢᠨᠬᠦᠢᠳᠡᠭᠡ ᠬᠠᠪᠤᠩᠨᠠᠵᠤ ᠲᠣᠮᠣᠷᠠᠬᠤ᠃ ᠪᠡᠯᠡᠭ ᠡᠷᠬᠡᠲᠡᠨ ᠦ ᠵᠠᠬ᠎ᠠ ᠶᠢᠨ ᠬᠡᠰᠡᠭ ᠦᠷᠪᠢᠰᠴᠦ ᠡᠭᠦᠨ ᠦ ᠤᠯᠠᠮ ᠠᠴᠠ ᠪᠡᠯᠡᠭ ᠡᠷᠬᠡᠲᠡᠨ ᠬᠠᠪᠤᠳᠴᠤ᠂ ᠲᠣᠮᠣᠷᠴᠢ ᠲᠠᠲᠠᠭᠳᠠᠨ ᠢᠯᠡ ᠭᠠᠷᠴᠤ ᠹᠢᠮᠣᠽ ᠡᠭᠦᠰᠦᠨ᠎ᠡ᠃ ᠪᠡᠯᠡᠭ ᠡᠷᠬᠡᠲᠡᠨ ᠦ ᠵᠠᠬ᠎ᠠ ᠶᠢᠨ ᠬᠡᠰᠡᠭ ᠲᠣᠮᠣᠷᠴᠢ ᠦᠷᠪᠢᠰᠰᠡᠨᠡᠭᠡᠰᠦ ᠪᠡᠯᠡᠭ ᠡᠷᠬᠡᠲᠡᠨ ᠦ ᠲᠣᠯᠣᠭᠠᠢ ᠶᠢ ᠬᠠᠪᠴᠢᠨ ᠫᠠᠷᠠᠹᠢᠮᠣᠽ (ᠬᠥᠵᠦᠭᠦᠦ ᠪᠡᠷ ᠢᠶᠡᠨ ᠪᠣᠭᠣᠬᠤ ) ᠪᠣᠯᠤᠨ᠎ᠠ᠃
- ᠯᠢᠮᠹᠠᠨᠭᠢᠲᠤ᠄ ᠪᠡᠯᠡᠭ ᠡᠷᠬᠡᠲᠡᠨ ᠦ ᠯᠢᠮᠹᠢ ᠶᠢᠨ ᠰᠤᠳᠤᠰᠠᠨᠳᠤ ᠭᠣᠨᠣᠻᠣᠻᠻ ᠨᠡᠪᠲᠡᠷᠡᠭᠰᠡᠨ ᠡᠴᠡ ᠦᠷᠪᠢᠰᠴᠦ ᠯᠢᠮᠹᠠᠨᠭᠢᠲᠤ ᠡᠭᠦᠰᠦᠨ᠎ᠡ. ᠡᠪᠡᠳᠴᠢᠲᠡᠨ ᠦ ᠰᠢᠭᠡᠰᠦᠨ ᠦ ᠰᠦᠪᠡ ᠳᠦ ᠬᠠᠪᠤᠳᠠᠷ ᠡᠭᠦᠰᠢ᠂ ᠠᠷᠠᠰᠤ ᠨᠢ ᠤᠯᠠᠢᠵ ᠬᠠᠪᠤᠩᠨᠠᠳᠠᠭ᠃ ᠪᠡᠶ᠎ᠡ ᠶᠢᠨ ᠲᠧᠮᠫᠧᠷᠠᠲᠦ᠋ᠷ ᠶᠡᠬᠡᠰᠴᠦ᠂ ᠳᠠᠭᠵᠢᠨ ᠴᠡᠴᠡᠷᠡᠨ᠎ᠡ᠃
- ᠻᠠᠣᠡᠷᠨᠢᠲ᠄ ᠰᠢᠭᠡᠰᠦᠨ ᠦ ᠰᠦᠪᠡ ᠶᠢᠨ ᠳᠠᠭᠠᠪᠤᠷᠢ ᠪᠤᠯᠴᠢᠷᠬᠠᠢ ᠳᠤ ᠬᠠᠯᠳᠠᠪᠤᠷᠢ ᠣᠷᠣᠭᠰᠠᠨ ᠠᠴᠠ ᠡᠭᠦᠰᠦᠨ᠎ᠡ. ᠡᠪᠡᠳᠴᠢᠲᠡᠨ ᠦ ᠪᠡᠯᠡᠭ ᠡᠷᠬᠡᠲᠡᠨ ᠡᠷᠡᠻᠼᠢ ᠶᠢᠨ ᠦᠶ᠎ᠡ ᠳᠦ ᠡᠪᠡᠳᠬᠦ ᠰᠢᠨᠵᠢ ᠢᠯᠡᠷᠡᠨ᠎ᠡ᠃
ᠪᠡᠯᠡᠭ ᠡᠷᠬᠡᠲᠡᠨ ᠦ ᠳᠠᠭᠠᠪᠤᠷᠢ ᠪᠤᠯᠴᠢᠷᠬᠠᠢ ᠳᠤ ᠨᠢᠭᠲᠠ ᠵᠠᠩᠭᠢᠯᠠᠭ᠎ᠠ ᠲᠡᠮᠲᠡᠷᠢᠭᠳᠡᠨ᠎ᠡ ᠬᠤᠷᠴᠠ ᠦᠶ᠎ᠡ ᠳᠦ ᠡᠪᠡᠳᠦᠯᠲᠡ ᠨᠡᠮᠡᠭᠳᠡᠵᠦ᠂ ᠪᠡᠯᠡᠭ ᠡᠷᠬᠡᠲᠡᠨ ᠡᠷᠡᠻᠼᠢ ᠶᠢᠨ ᠦᠶ᠎ᠡ ᠳᠦ ᠮᠤᠷᠤᠢᠵ ᠰᠢᠭᠡᠵᠦ ᠴᠢᠳᠠᠬᠤ ᠦᠭᠡᠢ ᠪᠣᠯᠤᠨ᠎ᠠ᠃
- ᠻᠣᠯᠯᠢᠻᠦᠢᠯᠢᠲ᠄ ᠰᠢᠭᠡᠰᠦᠨ ᠦ ᠰᠦᠪᠡ ᠶᠢᠨ ᠠᠷᠤ ᠶᠢᠨ ᠬᠡᠰᠡᠭ ᠲᠦ ᠰᠢᠨᠵᠢ ᠲᠡᠮᠳᠡᠭ ᠢᠯᠡᠷᠡᠳᠡᠭ᠃ ᠰᠢᠭᠡᠰᠦᠨ ᠦ ᠰᠦᠪᠡ ᠡᠴᠡ ᠪᠠᠭ᠎ᠠ ᠵᠡᠷᠭᠡ ᠢᠯᠭᠠᠳᠠᠰᠤ ᠭᠠᠷᠴᠤ᠂ ᠰᠢᠭᠡᠰᠦ ᠬᠦᠷᠡᠨ᠎ᠡ᠂.ᠵᠥᠪᠬᠡᠨ ᠣᠷᠡᠲ᠋ᠷᠣᠰᠻᠣᠫ ᠤᠨ ᠰᠢᠨᠵᠢᠯᠡᠭᠡ ᠪᠡᠷ ᠢᠯᠡᠷᠡᠭᠦᠯᠳᠡᠭ᠃
- ᠰᠲᠷᠢᠻᠲᠤᠢᠷᠢ ᠣᠷᠡᠲ᠋ᠷᠢ᠄ ᠡᠨᠡ ᠦᠶ᠎ᠡ ᠳᠦ ᠰᠢᠭᠡᠰᠦᠨ ᠦ ᠰᠦᠪᠡ ᠨᠠᠷᠢᠰᠤᠨ᠎ᠠ᠃ ᠡᠨᠡ ᠦᠶ᠎ᠡ ᠶᠢᠨ ᠭᠣᠣᠯ ᠰᠢᠨᠵᠢ ᠲᠡᠮᠳᠡᠭ ᠨᠢ ᠰᠢᠭᠡᠬᠦ ᠳᠦ ᠬᠦᠨᠳᠦᠷᠡᠯᠲᠡᠢ ᠪᠣᠯᠵᠤ ᠰᠢᠭᠡᠰᠦ ᠪᠠᠭ᠎ᠠ ᠪᠠᠭ᠎ᠠ ᠪᠠᠷ ᠢᠯᠭᠠᠷᠴᠢ ᠪᠠᠶᠢᠭᠠᠳ ᠰᠡᠭᠦᠯᠳᠡᠭᠡ ᠭᠠᠷᠬᠠᠭᠠ ᠪᠣᠯᠢᠨ᠎ᠠ᠃
- ᠡᠫᠢᠳᠢᠳᠢᠮᠢᠲ᠄ ᠲᠥᠮᠦᠰᠬᠨ ᠦ ᠳᠠᠶᠢᠪᠤᠷᠢ ᠪᠤᠯᠴᠢᠷᠬᠠᠢ ᠶᠢᠨ ᠦᠷᠪᠢᠰᠦᠯ ᠨᠢ ᠶᠡᠬᠡ ᠬᠣᠪᠣᠷ ᠲᠣᠬᠢᠶᠠᠯᠳᠤᠳᠠᠭ᠃ ᠦᠷ᠎ᠡ ᠳᠠᠮᠵᠢᠭᠤᠯᠬᠤ ᠰᠤᠪᠠᠭ ᠢᠶᠠᠷ ᠪᠣᠯᠤᠨ ᠰᠢᠭᠡᠰᠦᠨ ᠦ ᠰᠦᠪᠡ ᠪᠡᠷ ᠭᠣᠨᠣᠻᠣᠻᠻ ᠨᠡᠪᠲᠡᠷᠡᠭᠰᠡᠨ ᠡᠴᠡ ᠡᠭᠦᠰᠳᠡᠭ ᠡᠬᠢᠨ ᠦ ᠦᠶ᠎ᠡ ᠳᠦ ᠴᠠᠪᠢ ᠣᠷᠴᠢᠮ ᠡᠪᠡᠳᠦᠯᠲᠡ ᠲᠡᠢ ᠪᠣᠯᠤᠨ᠎ᠠ᠃
ᠡᠪᠡᠳᠴᠢᠲᠡᠨ ᠬᠠᠯᠠᠭᠤᠷᠴᠢ᠂ ᠲᠣᠯᠣᠭᠠᠢ ᠡᠪᠡᠳᠴᠦ᠂ ᠪᠡᠶ᠎ᠡ ᠨᠢ ᠰᠤᠯᠠᠷᠠᠨ᠎ᠠ᠃ ᠤᠯᠠᠮ ᠢᠶᠠᠷ ᠳᠠᠶᠢᠪᠤᠷᠢ ᠪᠤᠯᠴᠢᠷᠬᠠᠢ ᠲᠣᠮᠣᠷᠴᠢ ᠬᠠᠲᠠᠭᠤᠷᠠᠨ ᠡᠪᠡᠳᠴᠢᠲᠡᠢ ᠪᠣᠯᠤᠨ᠎ᠠ᠃ ᠴᠢᠨᠠᠭᠰᠢᠳᠠ ᠪᠠᠨ ᠳᠠᠶᠢᠪᠤᠷᠢ ᠶᠢᠨ ᠦᠷᠪᠢᠰᠦᠯ ᠡᠴᠡ ᠠᠽᠣᠰᠫᠡᠷᠮᠢ ᠪᠣᠯᠤᠨ ᠦᠷᠡᠭᠦᠶᠢᠳᠡᠯ ᠡᠭᠦᠰᠦᠨ᠎ᠡ᠃
ᠡᠮᠡᠭᠲᠡᠢ ᠶᠢᠨ ᠵᠠᠭ ᠬᠦᠢᠲᠡᠨ
ᠣᠨᠴᠠᠯᠢᠭ᠄
1᠃ ᠰᠢᠨᠵᠢ ᠲᠡᠮᠳᠡᠭ ᠦᠭᠡᠢ (ᠥᠨᠳᠡᠭᠡᠪᠴᠢᠨᠡᠢ ᠦᠢᠯᠡ ᠠᠵᠢᠯᠯᠠᠭ᠎ᠠ ᠪᠠᠭᠤᠷᠠᠭᠰᠠᠨ ᠲᠠᠢ ᠬᠣᠯᠪᠣᠭ᠎ᠠ ᠲᠠᠢ)
2᠃ ᠬᠣᠯᠢᠮᠠᠭ ᠬᠠᠯᠳᠠᠪᠤᠷᠢ ᠤᠷᠤᠬᠤ (ᠭᠣᠨᠣᠷᠡ᠎ᠠ ᠲᠷᠢᠬᠣᠮᠣᠨᠠᠳᠤ᠂ᠭᠣᠨᠣᠷᠡ᠎ᠠ ᠮᠢᠻᠣᠫᠫᠠᠽᠮ)
3᠃ ᠬᠡᠳᠦ ᠬᠡᠳᠦᠨ ᠡᠷᠬᠡᠲᠡᠨ ᠬᠠᠯᠳᠠᠪᠤᠷᠢᠯᠠᠭᠳᠠᠭᠰᠠᠨ ᠪᠠᠶᠢᠨ᠎ᠠ᠃
ᠪᠡᠯᠡᠭ ᠡᠷᠬᠡᠲᠡᠨ ᠦ ᠳᠣᠭᠣᠳᠤ ᠬᠡᠰᠡᠭ ᠢ ᠬᠠᠮᠤᠷᠤᠭᠰᠠᠨ ᠭᠣᠨᠣᠷᠡ᠎ᠠ᠄
1᠃ ᠣᠷᠧᠲᠷᠢᠲ-ᠰᠢᠭᠡᠰᠦᠨ ᠦ ᠰᠦᠪᠡ ᠶᠢᠨ ᠦᠷᠪᠢᠰᠦᠯ
2᠃ ᠣᠡᠰᠲ᠋ᠢᠪᠤᠯᠢᠲ-ᠦᠲᠦᠷᠢᠶᠡᠨᠡᠢ ᠡᠭᠦᠳᠡᠪᠴᠢ ᠶᠢᠨ ᠦᠷᠪᠢᠰᠦᠯ
3᠃ ᠪᠠᠷᠲ᠋ᠣᠯᠢᠨᠢᠲ-ᠦᠲᠦᠷᠢᠶᠡᠨᠡᠢ ᠡᠭᠦᠳᠡᠪᠴᠢ ᠶᠢᠨ ᠲᠣᠮᠣ ᠪᠤᠯᠴᠢᠷᠬᠠᠢ ᠶᠢᠨ ᠦᠷᠪᠢᠰᠦᠯ
4᠃ ᠼᠡᠷᠪᠢᠼᠲᠤ-ᠤᠮᠠᠢ ᠶᠢᠨ ᠬᠦᠵᠦᠭᠦᠨ ᠦ ᠰᠤᠪᠠᠭ ᠤᠨ ᠦᠷᠪᠢᠰᠦᠯ
5᠃ ᠡᠨᠳᠣᠼᠡᠷᠪᠢᠼᠲᠤ-ᠤᠮᠠᠢ ᠶᠢᠨ ᠬᠦᠵᠦᠭᠦᠨ ᠦ ᠦᠷᠪᠢᠰᠦᠯ ᠪᠡᠯᠡᠭ ᠡᠷᠬᠡᠲᠡᠨ ᠦ ᠳᠡᠭᠡᠳᠦ ᠬᠡᠰᠡᠭ ᠢ ᠬᠠᠮᠤᠷᠤᠭᠰᠠᠨ ᠭᠣᠨᠣᠷᠡ᠎ᠠ᠄
1᠃ ᠡᠨᠳᠣᠮᠡᠲᠷᠢᠲ-ᠤᠮᠠᠢ ᠶᠢᠨ ᠰᠠᠯᠢᠰᠤᠲᠤ ᠪᠦᠷᠬᠦᠭᠦᠯ ᠦᠨ ᠦᠷᠪᠢᠰᠦᠯ
2᠃ ᠰᠠᠯᠢᠫᠠᠨᠭᠢᠲᠤ-ᠤᠮᠠᠢ ᠶᠢᠨ ᠭᠤᠤᠷᠰᠤᠨ ᠤ ᠦᠷᠪᠢᠰᠦᠯ
a) ᠻᠠᠲ᠋ᠠᠷᠠᠯᠨᠠᠢᠢ ᠰᠠᠯᠢᠫᠠᠨᠭᠢᠲᠤ
b) ᠢᠳᠡᠭᠡᠲᠦ ᠰᠠᠯᠢᠫᠠᠨᠭᠢᠲᠤ
c) ᠫᠢᠣᠰᠠᠯᠫᠠᠨᠻᠰ
d) ᠭᠢᠳ᠋ᠷᠣᠰᠠᠯᠫᠠᠨᠻᠰ
e) ᠠᠳᠠᠨᠡᠻᠰᠲᠦᠮᠤᠷ
3᠃ ᠰᠠᠯᠢᠫᠢᠨᠣᠹᠣᠷᠢᠲ
4᠃ ᠫᠡᠯᠣᠢᠣᠫᠡᠷᠢᠲᠠᠨᠢᠲ
ᠣᠷᠡᠲᠷᠢᠲ᠄ ᠰᠢᠭᠡᠰᠦᠨ ᠦ ᠰᠦᠪᠡ ᠪᠡᠷ ᠵᠠᠭᠠᠲᠤᠨᠠᠵᠤ᠂ ᠰᠢᠭᠡᠬᠦ ᠳᠦ ᠡᠪᠡᠳᠴᠢᠲᠡᠢ ᠪᠣᠯᠵᠤ ᠴᠢᠨᠠᠭᠰᠢᠳᠠ ᠪᠠᠨ ᠰᠠᠯᠢᠰᠤᠲᠤ ᠪᠦᠷᠬᠦᠭᠦᠯ ᠭᠡᠮᠲᠦᠭᠢ ᠰᠠᠯᠢᠰᠤᠷᠬᠠᠭ ᠥᠩᠭᠡ ᠦᠭᠡᠢ ᠰᠢᠩᠭᠡᠨ ᠢᠯᠭᠠᠷᠠᠳᠠᠭ᠃ ᠣᠷᠡᠲ᠋ᠷᠣᠰᠻᠣᠫᠢ ᠬᠢᠬᠦ ᠳᠦ ᠰᠢᠭᠡᠰᠦ ᠢᠯᠭᠠᠷᠠᠭᠤᠯᠬᠤ ᠰᠤᠪᠠᠭ ᠤᠨ ᠰᠠᠯᠢᠰᠤᠲᠤ ᠪᠦᠷᠬᠦᠭᠦᠯ ᠳᠦ ᠵᠥᠭᠡᠯᠡᠨ ᠨᠡᠪᠴᠢᠳᠡᠰᠦ ᠳᠦ ᠥᠭᠡᠷᠡᠴᠢᠯᠡᠯᠲᠡ ᠢᠯᠡᠷᠡᠳᠡᠭ᠃
ᠫᠠᠷᠠᠦ᠋ᠷᠡᠲᠷᠢᠲ᠄ ᠨᠢ ᠣᠷᠡᠲᠷᠢᠲᠡᠲᠡᠢ ᠬᠠᠪᠰᠤᠷᠴᠢ ᠶᠠᠪᠤᠭᠳᠠᠳᠠᠭ᠃ ᠦᠷᠪᠢᠰᠦᠯ ᠦᠨ ᠫᠷᠣᠼᠧᠰᠰ ᠰᠢᠭᠡᠰᠦᠨ ᠦ ᠴᠣᠷᠭᠣ ᠶᠢᠨ ᠠᠮᠠᠰᠠᠷ ᠤᠨ ᠤᠯᠠᠢᠯᠲᠠ ᠪᠠᠷ ᠲᠣᠳᠣᠷᠬᠠᠶᠢᠯᠠᠭᠳᠠᠳᠠᠭ᠃ ᠰᠠᠯᠢᠰᠤᠷᠬᠠᠭ ᠢᠳᠡᠭᠡ ᠳᠤᠰᠤᠯ ᠳᠤᠰᠤᠯ ᠢᠶᠠᠷ ᠢᠯᠭᠠᠷᠠᠳᠠᠭ᠃ ᠢᠯᠭᠠᠳᠠᠰᠤ ᠳᠤ ᠭᠣᠨᠣᠻᠣᠻᠻ ᠠᠭᠤᠯᠤᠭᠳᠠᠨ᠎ᠠ᠃
ᠣᠡᠰᠲ᠋ᠢᠪᠤᠯᠢᠲ᠄ ᠻᠯᠢᠲ᠋ᠣᠷ ᠶᠢᠨ ᠪᠥᠰᠡ ᠳ᠋ᠡᠬᠢ ᠵᠢᠵᠢᠭ ᠪᠤᠯᠴᠢᠷᠬᠠᠢ ᠪᠡᠯᠡᠭ ᠦᠨ ᠪᠠᠭ᠎ᠠ ᠤᠷᠤᠭᠤᠯ ᠤᠨ ᠠᠲᠤᠷᠢᠶᠠᠨ ᠳᠣᠲᠣᠷ᠎ᠠ᠂ ᠦᠲᠦᠷᠢᠶᠡᠨᠡᠢ ᠡᠭᠦᠳᠡᠪᠴᠢ ᠶᠢᠨ ᠪᠤᠯᠴᠤᠭᠤᠨ ᠤ ᠵᠠᠪᠰᠠᠷ ᠤᠨ ᠬᠡᠰᠡᠭ ᠲᠦ ᠦᠲᠦᠷᠢᠶᠡᠨᠡᠢ ᠡᠭᠦᠳᠡᠪᠴᠢ ᠶᠢᠨ ᠨᠦᠬᠡ ᠪᠠ ᠪᠤᠯᠴᠤᠤᠮᠳᠠ ᠭᠣᠨᠣᠷᠡᠢᠨ ᠫᠷᠣᠼᠧᠰᠰ ᠶᠠᠪᠤᠭᠳᠠᠰᠤᠨ ᠤ ᠤᠯᠠᠮ ᠠᠴᠠ ᠣᠡᠰᠲ᠋ᠢᠪᠤᠯᠢᠲ ᠡᠭᠦᠰᠳᠡᠭ᠃ ᠡᠨᠡ ᠦᠶ᠎ᠡ ᠳᠦ ᠦᠲᠦᠷᠢᠶᠡᠨᠡᠢ ᠡᠭᠦᠳᠡᠪᠴᠢ ᠶᠢᠨ ᠰᠠᠯᠢᠰᠤᠲᠤ ᠪᠦᠷᠬᠦᠭᠦᠯ ᠤᠯᠠᠢᠵ ᠬᠠᠪᠤᠩᠨᠠᠵᠤ ᠰᠠᠯᠢᠰᠤᠷᠬᠠᠭ ᠢᠳᠡᠭᠡ ᠢᠯᠭᠠᠳᠠᠰᠤ ᠪᠠᠷ ᠪᠦᠷᠬᠦᠭᠳᠡᠨ᠎ᠡ᠃
ᠪᠠᠷᠲ᠋ᠣᠯᠢᠨᠢᠲ᠄ ᠡᠨᠡ ᠦᠶ᠎ᠡ ᠳᠦ ᠦᠲᠦᠷᠢᠶᠡᠨᠡᠢ ᠡᠭᠦᠳᠡᠪᠴᠢ ᠶᠢᠨ ᠲᠣᠮᠣ ᠪᠤᠯᠴᠢᠷᠬᠠᠢ ᠶᠢᠨ ᠴᠣᠷᠭᠣ ᠶᠢᠨ ᠭᠠᠷᠬᠤ ᠬᠡᠰᠡᠭ ᠦᠨ ᠼᠢᠯᠢᠨᠳ᠋ᠷ ᠡᠫᠢᠲ᠋ᠡᠯ ᠡᠰ ᠦᠳ ᠲᠦ ᠭᠣᠨᠣᠻᠣᠻᠻ ᠤᠳ ᠦᠷᠡᠵᠢᠳᠡᠭ᠃ ᠭᠡᠮᠲᠰᠦᠨ ᠴᠣᠷᠭᠣᠨ ᠤ ᠲᠥᠪ ᠬᠡᠰᠡᠭ ᠲᠦ ᠬᠠᠷ᠎ᠠ ᠤᠯᠠᠭᠠᠨ ᠴᠡᠭ ᠲᠡᠢ᠂ᠣᠠᠨᠳᠡᠦᠨᠠᠢ ᠬᠡᠯᠪᠡᠷᠢᠲᠡᠢ᠃ ᠤᠯᠠᠶᠢᠷᠠᠯᠲᠠ ᠲᠠᠢ ᠲᠠᠪᠤ ᠡᠭᠦᠰᠳᠡᠭ᠃ ᠴᠣᠷᠭᠣ ᠶᠢᠨ ᠭᠠᠷᠬᠤ ᠬᠡᠰᠡᠭ ᠦᠨ ᠠᠮᠠᠰᠠᠷ ᠠᠴᠠ ᠦᠷᠪᠢᠰᠦᠭᠰᠡᠨ ᠡᠭᠦᠳᠡᠪᠴᠢ ᠶᠢᠨ ᠲᠣᠮᠣ ᠪᠤᠯᠴᠢᠷᠬᠠᠢ ᠬᠦᠷᠲᠡᠯ᠎ᠡ ᠲᠡᠮᠲᠡᠷᠢᠬᠦ ᠳᠦ ᠪᠤᠯᠠᠩᠭᠢᠷ ᠲᠠᠢ ᠰᠠᠯᠢᠰᠤᠷᠬᠠᠭ ᠳᠤᠰᠤᠯ ᠤᠳ ᠢᠯᠭᠠᠷᠴᠢ ᠪᠠᠶᠢᠳᠠᠭ᠃ ᠴᠣᠷᠭᠣ ᠶᠢᠨ ᠭᠠᠷᠬᠤ ᠬᠡᠰᠡᠭ ᠢ ᠬᠠᠭᠠᠪᠠᠯ ᠡᠮᠭᠡᠭ ᠰᠢᠭᠦᠷᠡᠯ ᠢᠶᠡᠷ ᠳᠦᠭᠦᠷᠦᠭᠰᠡᠨ ᠶᠠᠩᠵᠤ ᠪᠦᠷᠢ ᠶᠢᠨ ᠬᠡᠮᠵᠢᠶ᠎ᠡ ᠲᠡᠢ ᠡᠪᠡᠳᠴᠢᠨ ᠡᠮᠵᠡᠭᠯᠡᠯ ᠲᠡᠢ ᠻᠢᠰᠲᠠ ᠡᠭᠦᠰᠳᠡᠭ᠃ ᠡᠭᠦᠰᠦᠭᠰᠡᠨ ᠻᠢᠰᠲᠠ ᠨᠢ ᠦᠲᠦᠷᠢᠶᠡᠨᠡᠢ ᠡᠭᠦᠳᠡᠪᠴᠢ ᠷᠦᠦ ᠴᠢᠭᠯᠡᠵᠦ ᠬᠠᠪᠤᠳᠳᠠᠭ᠃ ᠵᠠᠷᠢᠮ ᠳᠤ ᠪᠠᠨ ᠦᠷᠪᠢᠰᠦᠯ ᠦᠨ ᠫᠷᠣᠼᠧᠰᠰ ᠨᠢ ᠡᠷᠭᠢᠨ ᠲᠣᠭᠣᠷᠢᠨ ᠤ ᠪᠠᠨ ᠡᠳ᠋ ᠡᠰ ᠢ ᠬᠠᠮᠤᠷᠴᠢ ᠦᠲᠦᠷᠢᠶᠡᠨᠡᠢ ᠬᠠᠵᠠᠭᠤ ᠷᠠᠭᠤ ᠪᠠᠶᠢᠷᠢᠯᠠᠭᠰᠠᠨ ᠡᠮᠵᠡᠭᠯᠡᠯ ᠲᠡᠢ ᠨᠡᠪᠴᠢᠳᠡᠰᠦ ᠶᠢ ᠡᠭᠦᠰᠬᠡᠳᠡᠭ᠃ ᠦᠷᠪᠢᠰᠦᠭᠰᠡᠨ ᠪᠤᠯᠴᠢᠷᠬᠠᠢ ᠶᠢᠨ ᠡᠷᠭᠢᠨ ᠲᠣᠭᠣᠷᠢᠨ ᠳᠤ ᠬᠠᠪᠤᠩ᠂ ᠤᠯᠠᠢᠯᠲᠠ᠂ ᠡᠪᠡᠳᠦᠯᠲᠡ ᠡᠭᠦᠰᠳᠡᠭ᠃ ᠭᠣᠨᠣᠻᠣᠻᠻ ᠬᠯᠮᠢᠳ ᠶᠢᠨ ᠬᠠᠯᠳᠠᠪᠤᠷᠢ ᠬᠠᠪᠰᠤᠷᠤᠭᠰᠠᠨ ᠦᠶ᠎ᠡ ᠳᠦ ᠪᠠᠷᠲ᠋ᠣᠯᠢᠨᠢᠲᠤ ᠶᠢᠨ ᠬᠦᠨᠳᠦ ᠬᠡᠯᠪᠡᠷᠢ ᠡᠭᠦᠰᠳᠡᠭ᠃
ᠼᠡᠷᠪᠢᠼᠲᠤ ᠪᠠ ᠡᠨᠳᠣᠼᠡᠷᠪᠢᠼᠲᠤ᠄ ᠡᠮᠡᠭᠲᠡᠢ ᠬᠦᠨᠳᠦ ᠬᠠᠮᠤᠭ ᠤᠨ ᠶᠡᠬᠡ ᠳᠡᠯᠭᠡᠷᠡᠭᠰᠡᠨ ᠭᠣᠨᠣᠻᠣᠻᠻ ᠶᠢᠨ ᠬᠠᠯᠳᠠᠪᠤᠷᠢ ᠶᠤᠮ᠃ ᠡᠪᠡᠳᠴᠢᠲᠡᠨ ᠦ ᠤᠮᠠᠢ ᠶᠢᠨ ᠬᠤᠵᠡᠭᠦᠨ ᠦ ᠰᠤᠪᠠᠭ ᠠᠴᠠ ᠰᠠᠯᠢᠰᠤᠷᠬᠠᠭ ᠢᠳᠡᠭᠡ ᠢᠯᠭᠠᠳᠠᠰᠤ ᠭᠠᠷᠳᠠᠭ.ᠲᠣᠯᠢ ᠲᠠᠯᠪᠢᠵᠤ ᠬᠠᠷᠠᠬᠤ ᠳᠤ ᠤᠮᠠᠢ ᠶᠢᠨ ᠬᠦᠵᠦᠭᠦᠨ ᠳᠦ 《ᠻᠷᠠᠰᠠᠨᠠᠭᠠ ᠣᠡᠨᠴᠢᠻᠠ》 ᠬᠡᠯᠪᠡᠷᠢᠲᠡᠢ ᠰᠢᠯᠪᠤᠷᠬᠠᠢ ᠤᠯᠠᠢᠯᠲᠠ ᠬᠠᠪᠤᠩ ᠠᠵᠢᠭᠯᠠᠭᠳᠠᠨ᠎ᠠ᠃ ᠠᠷᠬᠠᠭ ᠡᠨᠳᠣᠼᠡᠷᠪᠢᠼᠲᠤ ᠪᠣᠯᠪᠠᠯ ᠻᠯᠢᠨᠢᠻ ᠰᠢᠨᠵᠢ ᠲᠡᠮᠳᠡᠭ ᠪᠣᠯᠤᠨ ᠬᠡᠰᠡᠭ ᠭᠠᠵᠠᠷ ᠤᠨ ᠦᠷᠪᠢᠰᠦᠯ ᠦᠨ ᠰᠢᠨᠵᠢ ᠲᠡᠮᠳᠡᠭ ᠢᠯᠡᠷᠡᠳᠡᠭ ᠦᠭᠡᠢ᠃
ᠡᠨᠳᠣᠮᠡᠲᠷᠢᠲ᠄ ᠬᠤᠷᠴᠠ ᠪᠠ ᠠᠷᠬᠠᠭ ᠬᠡᠯᠪᠡᠷᠢ ᠪᠡᠷ ᠶᠠᠪᠤᠭᠳᠠᠨ᠎ᠠ᠃ ᠬᠤᠷᠴᠠ ᠬᠡᠯᠪᠡᠷᠢ ᠶᠢᠨ ᠦᠶ᠎ᠡ ᠳᠦ ᠪᠡᠶ᠎ᠡ ᠶᠢᠨ ᠬᠠᠯᠠᠭᠤᠨ ᠶᠡᠬᠡᠰᠴᠢ᠂ ᠯᠡᠻᠣᠼᠢᠲᠣᠵᠠ ᠠᠵᠢᠭᠯᠠᠭᠳᠠᠨ᠎ᠠ᠃ ᠬᠡᠪᠡᠯᠢ ᠶᠢᠨ ᠳᠣᠭᠣᠳᠤ ᠬᠡᠰᠡᠭ ᠷᠦᠦ ᠤᠨᠵᠢᠷᠴᠢ ᠡᠪᠡᠳᠬᠦ ᠨᠢ ᠶᠡᠬᠡᠰᠴᠢ ᠰᠠᠷ᠎ᠠ ᠶᠢᠨ ᠲᠡᠮᠳᠡᠭ ᠦᠨ ᠦᠷᠭᠦᠯᠵᠢᠯᠡᠬᠦ ᠬᠤᠭᠤᠴᠠᠭ᠎ᠠ ᠥᠭᠡᠷᠡᠴᠢᠯᠡᠭᠳᠡᠨ᠎ᠡ᠃ ᠤᠮᠠᠢ ᠶᠢᠨ ᠬᠦᠵᠦᠭᠦᠨ ᠦ ᠰᠤᠪᠠᠭ ᠠᠴᠠ ᠰᠠᠯᠢᠰᠤᠷᠬᠠᠭ ᠢᠳᠡᠭᠡ ᠪᠠ ᠴᠢᠰᠤᠷᠬᠠᠭ ᠢᠯᠭᠠᠳᠠᠰᠤ ᠢᠯᠭᠠᠷᠠᠳᠠᠭ᠃ ᠤᠮᠠᠢ ᠨᠢ ᠲᠡᠰᠲ᠋ᠣᠣᠠᠲᠠᠢ ᠻᠣᠨᠰᠢᠰᠲ᠋ᠡᠨᠼᠢ ᠪᠣᠯᠤᠨ ᠶᠡᠬᠡᠰᠴᠢ᠂ᠡᠪᠡᠳᠴᠢᠨ ᠡᠮᠵᠡᠭᠯᠡᠯ ᠲᠡᠢ ᠪᠣᠯᠳᠠᠭ᠃ ᠠᠷᠬᠠᠭ ᠦᠷᠪᠢᠰᠦᠯ ᠦᠨ ᠦᠶ᠎ᠡ ᠳᠦ ᠡᠪᠡᠳᠴᠢᠲᠡᠨ ᠳᠦ ᠳᠡᠭᠡᠷᠡᠬᠢ ᠵᠣᠪᠢᠭᠤᠷᠤᠳ ᠢᠯᠡᠷᠡᠬᠦ ᠦᠭᠡᠢ᠃ ᠬᠠᠷᠢᠨ ᠪᠡᠯᠡᠭ ᠦᠨ ᠬᠠᠷᠢᠴᠠᠭᠠᠨ ᠳᠤ ᠤᠷᠤᠬᠤ ᠹᠢᠽᠢᠻ ᠠᠴᠢᠶᠠᠯᠠᠯ ᠤᠨ ᠦᠶ᠎ᠡ ᠳᠦ ᠬᠡᠪᠡᠯᠢ ᠪᠡᠷ ᠤᠨᠵᠢᠷᠴᠢ ᠡᠪᠡᠳᠦᠨ᠎ᠡ ᠰᠠᠷ᠎ᠠ ᠶᠢᠨ ᠲᠡᠮᠳᠡᠭ ᠦᠨ ᠼᠢᠻᠯᠢ ᠥᠭᠡᠷᠡᠴᠢᠯᠡᠭᠳᠡᠨ᠎ᠡ᠃ ᠡᠨᠡ ᠦᠶ᠎ᠡ ᠳᠦ ᠤᠮᠠᠢ ᠲᠣᠮᠣᠷᠴᠢ ᠬᠠᠲᠠᠭᠤᠷᠠᠳᠠᠭ᠃
ᠰᠠᠯᠢᠫᠠᠨᠭᠢᠲᠤ᠄ ᠳᠣᠣᠷᠠᠬᠢ ᠬᠡᠯᠪᠡᠷᠢ ᠨᠦᠭᠦᠳ ᠲᠡᠢ ᠪᠠᠶᠢᠳᠠᠭ᠃ ᠻᠠᠲ᠋ᠠᠷᠠᠯᠨᠠᠢᠢ ᠰᠠᠯᠢᠫᠠᠨᠭᠢᠲᠤ᠂ ᠢᠳᠡᠭᠡᠲᠦ ᠰᠠᠯᠢᠫᠠᠨᠭᠢᠲᠤ᠂ ᠫᠢᠣᠰᠠᠯᠢᠯᠢᠨᠻᠰ᠂ ᠭᠢᠳ᠋ᠷᠣᠰᠠᠯᠫᠠᠨᠻᠰ᠂ ᠠᠳᠠᠨᠡᠻᠰᠲᠦᠮᠤᠷ᠃
ᠻᠠᠲ᠋ᠠᠷᠠᠯᠨᠠᠢᠢ ᠰᠠᠯᠢᠫᠠᠨᠭᠡᠲᠡ ᠶᠢᠨ ᠦᠶ᠎ᠡ ᠳᠦ ᠤᠮᠠᠢ ᠶᠢᠨ ᠭᠤᠤᠷᠰᠤᠨ ᠤ ᠰᠠᠯᠢᠰᠤᠲᠤ ᠪᠦᠷᠬᠦᠭᠦᠯ ᠭᠡᠮᠲᠡᠳᠡᠭ᠃ ᠡᠭᠦᠨ ᠳᠦ᠄ ᠭᠢᠫᠡᠷᠡᠮᠢ ᠰᠠᠯᠢᠰᠤᠲᠤ ᠪᠦᠷᠬᠦᠭᠦᠯ ᠬᠠᠪᠤᠩᠨᠠᠬᠤ ᠣᠮᠡᠷᠷᠡᠨᠨᠠᠶᠠ ᠰᠡᠻᠷᠠᠼᠢ ᠪᠣᠯᠳᠠᠭ᠃ ᠲᠡᠮᠲᠡᠷᠢᠬᠦ ᠦᠵᠡᠯᠭᠡ ᠪᠡᠷ ᠤᠮᠠᠢ ᠶᠢᠨ ᠭᠤᠤᠷᠰᠤ ᠵᠢᠭᠳᠡ ᠥᠷᠭᠡᠰᠦᠢ ᠬᠠᠪᠤᠩᠨᠠᠭᠰᠠᠨ ᠪᠠᠶᠢᠳᠠᠯ ᠲᠠᠢ ᠪᠠᠶᠢᠳᠠᠭ᠃ ᠤᠮᠠᠢ ᠶᠢᠨ ᠭᠤᠤᠷᠰᠤᠨ ᠳᠣᠲᠣᠷ᠎ᠠ ᠰᠡᠷᠣᠵᠣᠯᠣᠭ ᠢᠳᠡᠭᠡᠲᠦ ᠰᠢᠩᠭᠡᠨ ᠬᠤᠷᠠᠮᠲᠤᠯᠠᠭᠳᠠᠬᠤ ᠪᠠ ᠨᠠᠭᠠᠯᠳᠤᠩᠭᠢ ᠡᠭᠦᠰᠳᠡᠭ᠃
ᠢᠳᠡᠭᠡᠲᠦ ᠰᠠᠯᠢᠫᠠᠨᠭᠢᠲᠤ᠄ ᠤᠮᠠᠢ ᠶᠢᠨ ᠭᠤᠤᠷᠰᠤᠨ ᠤ ᠪᠤᠯᠴᠢᠩ ᠤᠨ ᠳᠠᠪᠬᠤᠷᠭ᠎ᠠ ᠪᠠ ᠫᠣᠳᠰᠡᠷᠣᠵᠨᠠᠢᠢ ᠳᠠᠪᠬᠤᠷᠭ᠎ᠠ ᠳᠤ ᠦᠷᠪᠢᠰᠦᠯ ᠦᠨ ᠨᠡᠪᠴᠢᠳᠡᠰᠦ ᠨᠡᠪᠲᠡᠷᠡᠵᠦ ᠲᠡᠭᠦᠨ ᠦ ᠬᠠᠨ ᠢ ᠥᠷᠭᠡᠰᠡᠭᠦᠯᠵᠦ ᠨᠢᠭᠲᠠᠷᠠᠭᠤᠯᠳᠠᠭ᠃ ᠭᠤᠤᠷᠰᠤᠨ ᠤ ᠨᠤᠭᠤᠯᠤᠭᠠᠰᠤ ᠨᠤᠭᠤᠳ ᠲᠤ ᠦᠷᠪᠢᠰᠦᠯ ᠢᠳᠡᠪᠬᠢᠲᠡᠢ ᠶᠠᠪᠤᠭᠳᠠᠨ ᠭᠤᠤᠷᠰᠤᠨ ᠤ ᠬᠠᠨ ᠲᠡᠯᠡᠭᠳᠡᠨ ᠱᠦᠭᠦᠷᠡᠯ ᠢᠯᠭᠠᠷᠠᠯᠲᠠᠨᠳ ᠰᠠᠭᠠᠳ ᠤᠴᠠᠷᠠᠨ᠎ᠠ᠃ ᠢᠳᠡᠭᠡᠲᠦ ᠰᠠᠯᠢᠫᠠᠨᠭᠢᠲᠤ ᠨᠢ ᠴᠠᠰᠢᠳᠠᠭᠠ ᠢᠳᠡᠭᠡ ᠠᠭᠤᠯᠰᠤᠨ
ᠭᠢᠳ᠋ᠷᠣᠰᠠᠯᠢᠯᠢᠨᠻᠰ᠂ ᠫᠢᠣᠰᠠᠯᠫᠠᠨᠻᠰ ᠪᠣᠯᠵᠤ ᠬᠦᠨᠳᠦᠷᠡᠳᠡᠭ᠃ ᠢᠳᠡᠭᠡ ᠨᠢ ᠤᠮᠠᠢ ᠶᠢᠨ ᠭᠤᠤᠷᠰᠤ ᠪᠠᠷ ᠳᠠᠮᠵᠢᠨ ᠠᠭᠠᠷᠴᠠᠭ ᠤᠨ ᠬᠥᠨᠳᠡᠢ ᠷᠦᠦ ᠣᠷᠣᠵᠤ ᠪᠣᠯᠤᠨ᠎ᠠ᠃ ᠢᠩᠭᠢᠭᠰᠡᠨ ᠢᠶᠡᠷ ᠭᠣᠨᠣᠲ᠋ᠣᠻᠰᠢᠨ ᠤ ᠨᠥᠯᠥᠭᠡ ᠪᠡᠷ ᠹᠢᠪᠷᠢᠨ ᠶᠡᠬᠡ ᠪᠡᠷ ᠠᠭᠤᠯᠰᠤᠨ ᠲᠷᠠᠨᠰᠰᠤᠳᠠᠲᠤ ᠢᠯᠭᠠᠷᠠᠳᠠᠭ.ᠤᠮᠠᠢ ᠶᠢᠨ ᠭᠤᠤᠷᠰᠤ ᠥᠨᠳᠡᠭᠡᠪᠴᠢ ᠤᠮᠠᠢ ᠭᠡᠳᠡᠰᠦᠨ ᠦ ᠭᠣᠭᠴᠣᠭ᠎ᠠ ᠨᠤᠭᠤᠳ ᠰᠠᠯᠢᠨᠢᠻ ᠶᠢᠨ ᠬᠣᠭᠣᠷᠣᠨᠳᠣ ᠨᠠᠭᠠᠯᠳᠤᠩᠭᠢ ᠡᠭᠦᠰᠢ ᠡᠷᠬᠡᠲᠡᠨ ᠨᠦᠭᠦᠳ ᠨᠢ ᠥᠪᠡᠷ ᠬᠣᠭᠣᠷᠣᠨᠳᠣ ᠪᠠᠨ ᠢᠯᠭᠠᠷᠠᠬᠤ ᠦᠭᠡᠢ ᠪᠡᠷ ᠻᠣᠨᠯᠣᠮᠡᠷᠠᠲᠨᠣᠢ ᠬᠠᠪᠤᠳᠠᠷ ᠡᠭᠦᠰᠳᠡᠭ᠃ ᠡᠭᠦᠨ ᠢ ᠠᠳᠠᠨᠡᠻᠰᠲᠦᠮᠤᠷ ᠭᠡᠨ᠎ᠡ.ᠰᠠᠯᠢᠫᠠᠨᠭᠢᠲᠤ ᠨᠢ
1᠃ ᠬᠤᠷᠴᠠᠪᠲᠤᠷ
2᠃ ᠦᠯᠪᠡᠭᠡᠷ
3᠃ ᠰᠢᠨᠵᠢ ᠲᠡᠮᠳᠡᠭ ᠦᠭᠡᠢ ᠬᠡᠯᠪᠡᠷᠢ ᠪᠡᠷ ᠶᠠᠪᠤᠭᠳᠠᠨ᠎ᠠ᠃
ᠬᠡᠪᠡᠯᠢ ᠪᠡᠷ ᠱᠠᠷᠬᠢᠷᠠᠵᠤ ᠡᠪᠡᠳᠬᠦ ᠳᠣᠲᠣᠷ᠎ᠠ ᠮᠤᠰᠬᠢᠷᠴᠢ ᠡᠪᠡᠳᠬᠦ ᠰᠠᠷ᠎ᠠ ᠶᠢᠨ ᠲᠡᠮᠳᠡᠭ ᠦᠨ ᠬᠤᠭᠤᠴᠠᠭ᠎ᠠ ᠶᠡᠬᠡᠰᠬᠦ ᠰᠢᠨᠵᠢ ᠲᠡᠮᠳᠡᠭ ᠦᠳ ᠢᠯᠡᠷᠡᠳᠡᠭ᠂
ᠰᠠᠯᠢᠫᠢᠨᠣᠹᠣᠷᠢᠲ᠄ ᠬᠡᠪᠡᠯᠢ ᠪᠡᠷ ᠳᠣᠭᠣᠭᠰᠢ ᠪᠠᠨ ᠱᠠᠷᠬᠢᠷᠠᠵᠤ ᠡᠪᠡᠳᠬᠦ᠂ ᠤᠭᠤᠴᠠ ᠨᠢᠷᠤᠭᠤ ᠪᠠᠷ ᠱᠠᠷᠬᠢᠷᠠᠵᠤ ᠡᠪᠡᠳᠬᠦ᠂ᠭᠡᠳᠡᠰᠦᠨ ᠦ ᠬᠠᠨᠠᠨ ᠳᠤ ᠠᠴᠢᠶᠠᠯᠠᠯ ᠥᠭᠳᠡᠭ᠂ 38-39 ᠭᠷᠠᠳᠦᠶᠢᠰ C ᠬᠦᠷᠲᠡᠯ᠎ᠡ ᠬᠠᠯᠠᠭᠤᠷᠴᠢ ᠴᠢᠴᠢᠷᠠᠵᠤ ᠳᠠᠭᠵᠢᠳᠠᠭ᠃
ᠰᠠᠯᠢᠫᠢᠨᠣᠹᠣᠷᠢᠲᠤ ᠶᠢᠨ ᠤᠯᠠᠮ ᠠᠴᠠ ᠦᠷᠡᠭᠦᠶᠢᠳᠡᠯ ᠳᠦ ᠡᠭᠦᠰᠬᠦ᠂ ᠤᠮᠠᠢ ᠶᠢᠨ ᠭᠠᠳᠠᠨᠠᠬᠢ ᠵᠢᠷᠮᠦᠰᠦᠯᠡᠯᠲᠡ ᠪᠣᠯᠤᠨ᠎ᠠ᠃
ᠫᠡᠯᠣᠢᠣᠫᠡᠷᠢᠲᠠᠨᠢᠲ᠄ ᠬᠡᠪᠡᠯᠢ ᠶᠢᠨ ᠭᠢᠯᠲᠠᠩ ᠤᠨ ᠬᠠᠯᠳᠠᠪᠤᠷᠢ ᠶᠢᠨ ᠦᠶ᠎ᠡ ᠳᠦ ᠤᠮᠠᠢ ᠶᠢᠨ ᠭᠤᠤᠷᠰᠤᠨ ᠤ ᠦᠷᠪᠢᠰᠦᠯ ᠭᠢᠯᠲᠠᠩ ᠷᠠᠭᠤ ᠦᠷᠪᠢᠰᠬᠦ ᠫᠢᠣᠰᠠᠯᠫᠠᠨᠻᠰ ᠂ ᠫᠢᠣᠣᠠᠷᠢᠦᠢᠮ ᠂ ᠤᠮᠠᠢ ᠶᠢᠨ ᠭᠤᠤᠷᠰᠤᠨ ᠤ ᠯᠢᠮᠹᠢ ᠶᠢᠨ ᠰᠤᠳᠠᠰᠤᠨ ᠠᠴᠠ ᠰᠢᠩᠭᠡᠨ ᠬᠡᠪᠡᠯᠢ ᠶᠢᠨ ᠭᠢᠯᠲᠠᠩ ᠷᠠᠭᠤ ᠨᠡᠪᠴᠢᠬᠦ ᠣᠡᠳ᠋ ᠡᠭᠦᠰᠦᠨ᠎ᠡ᠃ ᠡᠪᠡᠳᠴᠢᠨ ᠦ ᠡᠬᠢᠨ ᠦ ᠦᠶ᠎ᠡ ᠱᠠᠲᠤᠨ ᠳᠤ ᠰᠠᠯᠢᠯᠢᠨᠭᠢᠲᠡᠲᠡᠢ ᠠᠳᠠᠯᠢᠬᠠᠨ ᠰᠢᠨᠵᠢ ᠲᠡᠮᠳᠡᠭ ᠦᠳ ᠢᠯᠡᠷᠡᠳᠡᠭ᠃
ᠡᠪᠡᠳᠴᠢᠲᠡᠨ ᠲᠠᠶᠢᠪᠤᠩ ᠪᠢᠰᠢ ᠴᠣᠴᠢᠷᠠᠮᠠᠬᠠᠢ ᠪᠣᠯᠬᠤ᠂ ᠤᠭᠤᠴᠠ ᠨᠢᠷᠤᠭᠤ ᠪᠠᠷ ᠱᠠᠷᠬᠢᠷᠠᠵᠤ ᠡᠪᠡᠳᠬᠦ ᠬᠡᠪᠡᠯᠢ ᠪᠡᠷ ᠳᠣᠭᠣᠭᠰᠢ ᠪᠠᠨ ᠤᠨᠵᠢᠷᠴᠢ ᠡᠪᠡᠳᠬᠦ ᠮᠡᠲᠣᠷᠢᠰᠮ ᠥᠳᠬᠡᠨ ᠬᠠᠲᠠᠬᠤ᠂ ᠪᠥᠭᠡᠯᠵᠢᠬᠦ ᠪᠥᠭᠡᠯᠵᠢᠰᠦ ᠴᠢᠳᠬᠤᠬᠤ ᠵᠡᠷᠭᠡ ᠰᠢᠨᠵᠢ ᠲᠡᠮᠳᠡᠭ ᠦᠳ ᠢᠯᠡᠷᠡᠵᠦ 38 – 40 ᠰ ᠬᠦᠷᠲᠡᠯ᠎ᠡ ᠬᠠᠯᠠᠭᠤᠷᠠᠳᠠᠭ᠃ ᠬᠡᠪᠡᠯᠢ ᠳᠦ ᠱᠶᠣᠲᠬᠢᠨ ᠪᠯᠢᠶᠦᠮᠪᠡᠷᠭᠡ ᠶᠢᠨ ᠰᠢᠨᠵᠢ ᠲᠡᠮᠳᠡᠭ ᠦᠳ ᠢᠯᠡᠷᠡᠳᠡᠭ ᠪᠢᠮᠠᠯ ᠠᠯᠢ ᠰᠢᠨᠵᠢᠯᠡᠭᠡᠨ ᠦ ᠦᠶ᠎ᠡ ᠳᠦ ᠦᠲᠦᠷᠢᠶᠡᠨᠡᠢ ᠠᠷᠤ ᠶᠢᠨ ᠬᠦᠩᠬᠡᠷ᠎ᠡ ᠤᠮᠠᠢ ᠶᠢᠨ ᠤᠷᠳᠤ ᠪᠠ ᠳᠡᠭᠡᠳᠦ ᠪᠠᠶᠢᠬᠤ ᠣ ᠶᠢᠫᠣᠲᠠ ᠶᠢ ᠲᠣᠳᠣᠷᠬᠠᠶᠢᠯᠠᠨ᠎ᠠ.ᠢᠳᠡᠭᠡᠲᠦ ᠣ ᠶᠢᠫᠣᠲ ᠨᠢ ᠵᠡᠷᠭᠡᠯᠡᠯᠳᠦᠭᠡᠬᠢ ᠡᠷᠬᠡᠲᠡᠨ ᠨᠦᠭᠦᠳ ᠢᠶᠡᠨ/ᠰᠢᠯᠤᠭᠤᠨ ᠭᠡᠳᠡᠰᠦ ᠳᠠᠪᠤᠰᠠᠭ ᠦᠲᠦᠷᠡᠭᠡ ᠬᠠᠯᠬᠠᠯᠠᠳᠠᠭ ᠫᠡᠯᠣᠢᠣᠫᠡᠷᠢᠲᠠᠨᠢᠲᠤ ᠶᠢᠨ ᠤᠯᠠᠮ ᠠᠴᠠ ᠠᠩᠬᠠᠳᠠᠭᠴᠢ᠂ ᠬᠣᠶᠠᠳᠠᠭᠴᠢ ᠦᠷᠡᠭᠦᠶᠢᠳᠡᠯ ᠡᠭᠦᠰᠳᠡᠭ᠃
ᠬᠡᠦᠬᠡᠳ ᠦᠨ ᠵᠠᠭ ᠬᠦᠢᠲᠡᠨ
ᠨᠢᠭᠡ ᠰᠠᠷᠠᠠ ᠬᠦᠷᠢᠵᠢ ᠪᠠᠶᠢᠭ᠎ᠠ ᠬᠡᠦᠬᠡᠳ ᠲᠦ ᠣᠣᠰᠬᠤᠳᠶᠠᠰ ᠶᠢᠢ ᠭᠣᠨᠣᠷᠡ᠎ᠠ ᠲᠣᠬᠢᠶᠠᠯᠳᠤᠨ᠎ᠠ᠃ (ᠡᠨᠳᠣᠮᠡᠲᠷᠢᠲ᠂ ᠰᠠᠯᠢᠫᠠᠨᠭᠢᠲᠤ᠂ ᠫᠡᠯᠣᠢᠣᠫᠡᠷᠢᠲᠠᠨᠢᠲ)᠃ ᠣᠬᠢᠳ ᠤᠳ ᠲᠤ ᠳᠠᠷᠠᠭᠠᠬᠢ ᠪᠠᠶᠢᠳᠠᠯ ᠢᠶᠠᠷ ᠲᠣᠬᠢᠶᠠᠯᠳᠤᠨ᠎ᠠ᠄ ᠣᠷᠡᠲᠷᠢᠲ᠂ ᠣᠡᠰᠲ᠋ᠢᠪᠤᠯᠢᠲ᠂ ᠪᠠᠷᠲ᠋ᠣᠯᠢᠨᠢᠲ᠂ ᠻᠣᠯᠢᠫᠢᠲ᠃ ᠡᠨᠳᠣᠼᠡᠷᠪᠢᠼᠲᠤ᠃ ᠭᠣᠨᠣᠻᠣᠻᠻ ᠨᠢ ᠼᠢᠯᠢᠨᠳ᠋ᠷ ᠡᠫᠲ᠋ᠡᠯᠡᠭᠡᠰᠦ ᠭᠠᠳᠠᠨ᠎ᠠ ᠣᠯᠠᠨ ᠳᠠᠪᠬᠤᠷ ᠬᠠᠪᠲᠠᠭᠠᠢ ᠬᠤᠴᠢᠭᠤᠷ ᠡᠳ᠋ ᠍ ᠢ ᠭᠡᠮᠲᠦᠭᠡᠳᠡᠭ᠃ ᠣᠬᠢᠳᠠᠳ ᠭᠣᠨᠣᠷᠡᠢᠨ ᠰᠢᠨᠵᠢ ᠲᠡᠮᠳᠡᠭ ᠨᠢ ᠪᠡᠶ᠎ᠡ ᠶᠢᠨ ᠶᠡᠷᠦᠩᠬᠡᠢ ᠪᠠᠶᠢᠳᠠᠯ ᠡᠭᠦᠰᠬᠡᠭᠴᠢ ᠶᠢᠨ ᠡᠮᠭᠡᠭ ᠲᠥᠷᠦᠭᠴᠢ ᠴᠢᠨᠠᠷ ᠠᠴᠠ ᠬᠠᠮᠢᠶᠠᠷᠤᠨ᠎ᠠ᠃ ᠬᠡᠦᠬᠡᠳ ᠲᠦ ᠭᠣᠨᠣᠲ᠋ᠣᠻᠰᠢᠨ ᠤ ᠨᠥᠯᠥᠭᠡ ᠪᠡᠷ ᠡᠬᠢᠯᠡᠭᠡᠳ ᠲᠥᠪ ᠮᠡᠳᠡᠷᠡᠯ ᠦᠨ ᠰᠢᠰᠲ᠋ᠧᠮ ᠭᠡᠮᠲᠦᠨ᠎ᠡ᠃ ᠨᠣᠢᠷᠭᠦᠦᠶᠢᠡᠬᠦ᠂ ᠴᠣᠴᠢᠷᠠᠮᠠᠲᠠᠭᠠᠢ ᠪᠣᠯᠬᠤ᠂ ᠬᠣᠭᠣᠯᠠᠨ ᠤ ᠳᠤᠷᠠᠰᠢᠯ ᠪᠠᠭᠤᠷᠠᠬᠤ᠂ ᠬᠠᠯᠠᠭᠤᠨ ᠨᠡᠮᠡᠭᠳᠡᠬᠦ᠂ ᠴᠢᠨᠠᠭᠰᠢᠳᠠ ᠪᠠᠨ ᠠᠨᠠᠭᠡᠨᠢᠲ᠋ᠠᠯ ᠬᠡᠰᠡᠭ ᠲᠦ ᠬᠠᠯᠠᠭᠤᠨ ᠣᠷᠭᠢᠬᠤ᠂ ᠵᠠᠭᠠᠳᠤᠨᠠᠬᠤ᠂ ᠬᠠᠯᠠᠭᠤᠨ ᠤᠯᠠᠮ ᠶᠡᠬᠡᠰᠬᠦ ᠰᠢᠨᠵᠢ ᠲᠡᠮᠳᠡᠭ ᠭᠠᠷᠤᠨ᠎ᠠ᠃ ᠳ᠋ᠢᠽᠤᠢᠷᠢᠶᠠ ᠪᠣᠯᠤᠨ᠎ᠠ᠃ ᠰᠢᠨ᠎ᠡ ᠬᠤᠷᠴᠠ ᠭᠣᠨᠣᠷᠡ᠎ᠠ᠄ ᠪᠡᠯᠡᠭ ᠦᠨ ᠪᠠᠭ᠎ᠠ ᠤᠷᠤᠭᠤᠯ᠂ ᠦᠲᠦᠷᠡᠭᠡ᠂ ᠦᠲᠦᠷᠢᠶᠡᠨᠡᠢ ᠰᠠᠯᠢᠰᠤᠲᠤ ᠪᠦᠷᠬᠦᠪᠴᠢ᠂ ᠰᠢᠭᠡᠰᠦᠨ ᠦ ᠰᠦᠪᠡ᠂ ᠰᠢᠯᠤᠭᠤᠨ ᠭᠡᠳᠡᠰᠦᠨ ᠦ ᠳᠣᠭᠣᠳᠤ ᠬᠡᠰᠡᠭ ᠢ ᠬᠠᠮᠤᠷᠳᠠᠭ᠃ ᠬᠡᠯᠡᠭᠦᠦ᠂ ᠬᠢᠷᠵᠠᠩ᠂ ᠪᠡᠯᠡᠭ ᠦᠨ ᠶᠡᠬᠡ ᠤᠷᠤᠭᠤᠯ ᠬᠠᠪᠤᠩᠨᠠᠵᠤ ᠳ᠋ᠢᠹᠹᠦᠽᠢᠲᠤ ᠭᠢᠫᠡᠷᠡᠮᠢ ᠡᠭᠦᠰᠳᠡᠭ᠃ ᠦᠲᠦᠷᠢᠶᠡᠨᠡᠭᠡᠰᠦ ᠢᠳᠡᠭᠡ ᠭᠠᠷᠴᠤ᠂ ᠶᠡᠬᠡ ᠪᠠᠭ᠎ᠠ ᠤᠷᠤᠭᠤᠯ ᠳᠤ ᠬᠠᠲᠠᠰᠤᠨ ᠲᠠᠪᠤ ᠡᠭᠦᠰᠬᠡᠨ᠎ᠡ᠃ ᠭᠢᠮᠡᠨᠠᠯᠨᠠᠢᠢ ᠻᠣᠯᠢᠽᠣ ᠨᠢ ᠥᠷᠭᠡᠰᠦᠢ ᠤᠯᠠᠶᠢᠳᠠᠭ᠃ ᠣᠦᠯᠢᠪᠠᠢᠨ ᠰᠠᠯᠢᠰᠤᠲᠤ ᠪᠦᠷᠬᠦᠪᠬᠢᠨᠳᠢ ᠡᠷᠦᠽᠢ ᠬᠠᠷᠠᠭᠳᠠᠨ᠎ᠠ᠃ ᠴᠠᠪᠢᠨ ᠤ ᠯᠢᠮᠹᠢ ᠶᠢᠨ ᠵᠠᠩᠭᠢᠯᠠᠭ᠎ᠠ ᠥᠷᠭᠡᠰᠦᠢ ᠡᠪᠡᠳᠦᠯᠲᠡ ᠲᠡᠢ ᠪᠣᠯᠤᠨ᠎ᠠ᠃ ᠰᠢᠨ᠎ᠡ ᠭᠣᠨᠣᠷᠡᠢᠭ ᠣᠠᠭᠢᠨᠠ ᠰᠻᠣᠫ ᠤᠨ ᠲᠤᠰᠠᠯᠠᠮᠵᠢ ᠲᠠᠢ ᠰᠢᠨᠵᠢᠯᠡᠨ᠎ᠡ᠃ ᠣᠠᠭᠢᠨᠣᠰᠻᠣᠫᠢᠭᠠᠷ ᠦᠲᠦᠷᠢᠶᠡᠨᠡᠢ ᠰᠠᠯᠢᠰᠤᠲᠤ ᠪᠦᠷᠬᠦᠭᠦᠯ ᠦᠨ ᠬᠠᠪᠤᠩ᠂ ᠤᠯᠠᠶᠢᠷᠠᠯ ᠳᠤ᠂ ᠦᠲᠦᠷᠢᠶᠡᠨᠡᠢ ᠬᠦᠩᠬᠡᠷ᠎ᠡ᠂ ᠤᠮᠠᠢ ᠶᠢᠨ ᠬᠦᠵᠦᠭᠦᠨ ᠦ ᠤᠯᠠᠢᠯᠲᠠ ᠶᠢ ᠰᠢᠨᠵᠢᠯᠡᠨ᠎ᠡ᠃ ᠣᠬᠢᠳ ᠤᠨ ᠭᠣᠨᠣᠷᠡᠶᠠᠨ ᠨᠢᠭᠡ ᠭᠣᠣᠯ ᠰᠢᠨᠵᠢ ᠲᠡᠮᠳᠡᠭ ᠨᠢ ᠰᠢᠭᠡᠰᠦᠨ ᠦ ᠰᠦᠪᠡ ᠰᠢᠯᠤᠭᠤᠨ ᠭᠡᠳᠡᠰᠦ᠂ ᠨᠢᠳᠦ᠂ ᠬᠠᠮᠠᠷ ᠤᠨ ᠰᠠᠯᠢᠰᠤᠲᠤ ᠪᠦᠷᠬᠦᠪᠬᠢᠨᠳᠢ ᠭᠣᠨᠣᠷᠡ᠎ᠠ ᠨᠥᠯᠦᠭᠡᠯᠡᠨ᠎ᠡ᠃ ᠬᠡᠦᠬᠡᠳ ᠲᠦ ᠭᠣᠨᠣᠷᠡᠶᠠᠨ ᠠᠷᠲᠷᠢᠲ ᠪᠣᠯᠤᠨ ᠮᠢᠦᠽᠢᠲ ᠲᠣᠬᠢᠶᠠᠯᠳᠤᠬᠤ ᠦᠭᠡᠢ᠃ ᠬᠤᠷᠴᠠ ᠭᠣᠨᠣᠷᠡᠶᠠᠨ ᠣᠦᠯᠢᠣᠣᠣᠠᠭᠢᠨᠤᠲᠤ ᠶᠢᠨ ᠦᠶ᠎ᠡ ᠳᠦ ᠣᠬᠢᠳᠠᠳ ᠰᠢᠭᠡᠰᠦᠨ ᠦ ᠰᠦᠪᠡ ᠶᠢ ᠦᠷᠪᠢᠰᠦᠯ ᠦᠨ ᠫᠷᠣᠼᠧᠰᠰ ᠶᠡᠬᠡ ᠪᠡᠷ ᠬᠠᠮᠤᠷᠳᠠᠭ.ᠰᠢᠭᠡᠰᠦᠨ ᠦ ᠰᠦᠪᠡ ᠶᠢᠨ ᠤᠷᠳᠤ ᠪᠠ ᠳᠤᠮᠳᠠ ᠬᠡᠰᠡᠭ ᠶᠡᠬᠡ ᠪᠡᠷ ᠥᠷᠲᠦᠳᠡᠭ᠃ ᠡᠨᠡ ᠦᠶ᠎ᠡ ᠳᠦ ᠰᠢᠭᠡᠰᠦᠨ ᠦ ᠰᠦᠪᠡ ᠶᠢᠨ ᠨᠦᠬᠡ ᠲᠣᠮᠣᠷᠴᠢ ᠤᠷᠤᠭᠤᠯ ᠨᠢ ᠬᠠᠪᠤᠳᠴᠤ ᠲᠣᠮᠣᠷᠠᠭᠰᠠᠨ ᠪᠠᠶᠢᠳᠠᠭ᠃ ᠰᠢᠭᠡᠰᠦᠨ ᠦ ᠰᠦᠪᠡ ᠶᠢᠨ ᠳᠣᠭᠣᠳᠤ ᠬᠠᠨᠠᠨ ᠳᠤ ᠢᠳᠡᠭᠡ ᠬᠤᠷᠠᠯᠳᠤᠭᠰᠠᠨ ᠪᠠᠶᠢᠬᠤ ᠪᠥᠭᠡᠳ ᠳᠠᠷᠤᠬᠤ ᠳᠤ ᠢᠳᠡᠭᠡ ᠨᠢ ᠭᠠᠳᠠᠭᠰᠢᠯᠠᠨ᠎ᠠ.ᠰᠢᠭᠡᠰᠦ ᠭᠠᠷᠬᠤ ᠦᠭᠡᠢ ᠪᠣᠯᠤᠨ᠎ᠠ᠃ ᠦᠲᠦᠷᠢᠶᠡᠨᠡᠭᠡᠰᠦ ᠭᠠᠷᠴᠤ ᠪᠤᠢ ᠢᠳᠡᠭᠡᠲᠦ ᠰᠠᠯᠢᠰᠤᠷᠬᠠᠭ ᠵᠦᠢᠯ ᠨᠢ ᠭᠤᠶ᠎ᠠ ᠬᠢᠷᠵᠠᠩ ᠤᠨ ᠠᠷᠠᠰᠤ ᠶᠢ ᠴᠣᠴᠢᠷᠠᠭᠠᠰᠤᠨᠤᠭᠠᠰᠤ ᠠᠷᠠᠰᠤ ᠨᠢ ᠵᠤᠯᠭᠠᠷᠴᠢ ᠰᠢᠯᠤᠭᠤᠨ ᠭᠡᠳᠡᠰᠦ ᠶᠢ ᠬᠠᠯᠳᠠᠪᠤᠷᠢᠯᠠᠭᠤᠯᠤᠨ᠎ᠠ᠃ ᠭᠣᠨᠣᠷᠡᠢᠨ ᠫᠷᠣᠻᠲ᠋ᠢᠤ ᠨᠢ ᠰᠢᠯᠤᠭᠤᠨ ᠭᠡᠳᠡᠰᠦᠨ ᠦ ᠪᠠᠭ᠎ᠠ ᠬᠡᠮᠵᠢᠶᠡᠨᠡᠢ ᠲᠠᠯᠠᠪᠠᠢ ᠳᠤ /3-4 ᠰᠠᠨᠲ᠋ᠢᠮᠧᠲ᠋ᠷ ᠫᠷᠣᠻᠰᠢᠮᠠᠯᠢᠨ ᠤᠢ ᠰᠹᠢᠨᠻᠲ᠋ᠡᠷᠢ/ ᠲᠠᠷᠬᠠᠳᠠᠭ᠃ ᠬᠣᠰᠬᠢᠨᠠᠭᠠᠨ ᠤ ᠨᠤᠭᠤᠯᠤᠭᠠᠰᠤ ᠨᠢ ᠬᠠᠪᠤᠩᠨᠠᠵᠤ ᠤᠯᠠᠶᠢᠰᠤᠨ᠂ᠭᠦᠨ ᠴᠤᠭᠤᠷᠠᠯ ᠳᠤ ᠡᠭᠦᠰᠢ ᠢᠳᠡᠭᠡᠲᠦ ᠢᠯᠭᠠᠳᠠᠰᠤ ᠭᠠᠷᠴᠤ ᠪᠠᠶᠢᠳᠠᠭ.ᠼᠡᠷᠪᠢᠻᠠᠯᠢᠨ ᠤᠢ ᠻᠠᠨᠠᠯᠠᠭᠠᠰᠤ ᠢᠳᠡᠭᠡ ᠭᠠᠷᠴᠤ ᠪᠠᠶᠢᠳᠠᠭ᠃ ᠡᠨᠳᠣᠼᠡᠷᠪᠢᠼᠢᠲᠤ ᠶᠢᠨ ᠳᠠᠪᠲᠠᠮᠵᠢ ᠨᠢ ᠬᠡᠦᠬᠡᠳ ᠦᠨ ᠥᠰᠦᠯᠲᠡ ᠪᠠ ᠪᠡᠶ᠎ᠡ ᠶᠢᠨ ᠶᠡᠷᠦᠩᠬᠡᠢ ᠪᠠᠶᠢᠳᠠᠯ ᠠᠴᠠ ᠶᠡᠬᠡᠬᠡᠨ ᠬᠠᠮᠢᠶᠠᠷᠤᠨ᠎ᠠ.ᠶᠡᠬᠡᠪᠴᠢᠯᠡᠨ 3-7 ᠨᠠᠰᠤᠲᠠᠢ ᠣᠬᠢᠳᠠᠳ ᠲᠣᠬᠢᠶᠠᠯᠳᠤᠨ᠎ᠠ.ᠡᠭᠦᠨ ᠡᠴᠡ ᠭᠠᠳᠠᠨ᠎ᠠ ᠭᠣᠯᠣᠮᠲᠠᠲᠤ ᠠᠷᠬᠠᠭ ᠬᠠᠯᠳᠠᠪᠤᠷᠢᠲᠠᠢ ᠪᠣᠯᠤᠨ ᠲᠦᠪᠡᠷᠻᠦᠯᠡᠽᠨᠠᠢᠢ ᠢᠨᠲᠣᠻᠰᠢᠻᠠᠼᠢᠲᠠᠢ ᠣᠬᠢᠳᠠᠳ ᠲᠣᠬᠢᠶᠠᠯᠳᠤᠨ᠎ᠠ᠃ ᠠᠷᠬᠠᠭ ᠭᠣᠨᠣᠷᠡ᠎ᠠ᠄ ᠥᠰᠪᠦᠷᠢ ᠨᠠᠰᠤᠨ ᠤ ᠣᠬᠢᠳᠠᠳ ᠠᠷᠬᠠᠭ ᠭᠣᠨᠣᠷᠡ᠎ᠠ ᠨᠢ ᠪᠠᠷᠲ᠋ᠣᠯᠢᠨᠢᠲ᠂ᠰᠻᠡᠨᠨᠢᠲ᠂ᠡᠨᠳᠣᠼᠡᠷᠼᠲᠤ ᠪᠠᠶᠢᠳᠠᠯ ᠢᠶᠠᠷ ᠲᠣᠬᠢᠶᠠᠯᠳᠤᠨ᠎ᠠ᠃ ᠠᠷᠬᠠᠭ ᠭᠣᠨᠣᠷᠡᠢᠨ ᠦᠶ᠎ᠡ ᠳᠦ ᠪᠡᠯᠡᠭ ᠦᠨ ᠶᠡᠬᠡ ᠪᠠᠭ᠎ᠠ ᠤᠷᠤᠭᠤᠯ ᠤᠳ ᠲᠤ ᠣᠨᠴᠠ ᠶᠢᠨ ᠥᠭᠡᠷᠡᠴᠢᠯᠡᠯᠲᠡ ᠪᠠᠶᠢᠳᠠᠭ ᠦᠭᠡᠢ ᠴᠤ ᠵᠠᠷᠢᠮᠳᠠᠭᠠᠨ ᠪᠠᠭ᠎ᠠ ᠤᠷᠤᠭᠤᠯ ᠤᠨ ᠳᠣᠲᠣᠷ᠎ᠠ ᠭᠠᠳᠠᠷᠭᠤ ᠳᠤ ᠭᠣᠯᠣᠮᠲᠠᠲᠤ ᠤᠯᠠᠶᠢᠷᠠᠯ ᠳᠤ ᠶᠠᠪᠤᠭᠳᠠᠵᠤ ᠫᠠᠰᠲ᠋ᠣᠼᠨᠠᠢᠢ ᠪᠣᠯᠤᠭᠰᠠᠨ ᠪᠠᠶᠢᠳᠠᠭ᠃ ᠪᠠᠷᠲ᠋ᠣᠯᠢᠨ ᠤ ᠪᠣᠯᠤᠨ ᠯᠷᠦ᠋ᠷᠡᠲ᠋ᠷᠠᠯᠨᠠᠢᠢ ᠪᠤᠯᠴᠢᠷᠬᠠᠢ᠂ ᠰᠻᠡᠨᠨᠣᠪᠢ ᠬᠠᠯᠳᠠᠪᠤᠷᠢ ᠶᠢᠨ ᠰᠢᠨᠵᠢ ᠲᠡᠮᠳᠡᠭ ᠪᠠᠷᠤᠭ ᠢᠯᠡᠷᠡᠳᠡᠭ ᠦᠭᠡᠢ᠃ ᠠᠷᠬᠠᠭ ᠭᠣᠨᠣᠷᠡ᠎ᠠ ᠨᠢ ᠭᠣᠣᠯᠳᠠᠭᠤ ᠰᠢᠭᠡᠰᠦᠨ ᠦ ᠰᠦᠪᠡ ᠶᠢ ᠬᠠᠮᠤᠷᠴᠢ ᠪᠠᠶᠢᠳᠠᠭ᠃ ᠳ᠋ᠢᠽᠤᠢᠷᠢᠶᠠ ᠣᠭᠲᠣ ᠢᠯᠡᠷᠡᠬᠦ ᠦᠭᠡᠢ ᠪᠠᠶᠢᠵᠤ ᠪᠣᠯᠤᠨ᠎ᠠ ᠡᠰᠡᠪᠡᠯ ᠪᠠᠭ᠎ᠠ ᠵᠡᠷᠭᠡ ᠢᠯᠡᠷᠡᠨ᠎ᠡ᠃ ᠠᠷᠤ ᠶᠢᠨ ᠨᠠᠭᠠᠯᠳᠤᠴᠠ ᠪᠠ ᠭᠢᠮᠡᠨ ᠤ ᠬᠤᠨᠢᠶᠠᠰᠤᠨ ᠤ ᠰᠠᠰᠲᠤ ᠪᠦᠷᠬᠦᠪᠴᠢ ᠬᠠᠪᠤᠩᠨᠠᠵᠤ ᠤᠯᠠᠶᠢᠰᠤᠨ ᠪᠠᠶᠢᠳᠠᠭ ᠪᠠ ᠡᠨᠡ ᠨᠢ ᠶᠡᠬᠡ ᠬᠡᠮᠵᠢᠶᠡᠨᠡᠢ ᠢᠳᠡᠭᠡᠲᠦ ᠱᠦᠭᠦᠷᠡᠯ ᠬᠤᠷᠠᠮᠲᠤᠯᠠᠭᠳᠠᠭᠰᠠᠨ ᠪᠠᠶᠢᠳᠠᠭ ᠲᠠᠢ ᠬᠣᠯᠪᠣᠭ᠎ᠠ ᠲᠠᠢ᠃ ᠣᠠᠭᠢᠨᠣᠰᠻᠣᠫᠢ ᠬᠢᠬᠦ ᠳᠦ ᠦᠲᠦᠷᠢᠶᠡᠨᠡᠢ ᠬᠦᠨᠬᠡᠷᠡᠨᠳᠡ ᠲᠣᠳᠣᠷᠬᠠᠢ ᠬᠡᠮᠵᠢᠶᠡᠨᠡᠢ ᠢᠳᠡᠭᠡ ᠪᠠᠶᠢᠭ᠎ᠠ ᠨᠢ ᠠᠵᠢᠭᠯᠠᠭᠳᠠᠨ᠎ᠠ᠃ ᠦᠲᠦᠷᠢᠶᠡᠨᠳᠡ ᠭᠠᠷᠨᠦᠯᠡᠽᠨᠠᠢᠢ ᠣᠠᠭᠢᠨᠢᠲ ᠬᠡᠯᠪᠡᠷᠢ ᠪᠡᠷ ᠬᠥᠬᠢᠯᠭᠡ ᠶᠢᠨ ᠫᠷᠣᠯᠢᠰᠦᠷᠡᠷᠠᠼᠢ ᠠᠵᠢᠭᠯᠠᠭᠳᠠᠳᠠᠭ᠃ ᠡᠭᠦᠨ ᠢ ᠰᠯᠢᠽᠢᠰᠲ᠋ᠠᠠ ᠮᠠᠯᠢᠨᠠ ᠭᠡᠨ᠎ᠡ᠃ ᠤᠮᠠᠢ ᠶᠢᠨ ᠬᠦᠵᠦᠭᠦᠨ ᠦ ᠦᠲᠦᠷᠢᠶᠡᠨᠡᠢ ᠬᠡᠰᠡᠭ ᠨᠢ ᠴᠠᠶᠢᠰᠠᠨ ᠬᠥᠬᠡᠷᠡᠭᠰᠡᠨ᠂ ᠵᠠᠷᠢᠮᠳᠠᠭᠠᠨ ᠳᠣᠭᠣᠳᠤ ᠬᠡᠰᠡᠭ ᠢᠶᠡᠷ ᠢᠶᠡᠨ ᠬᠥᠭᠡᠩᠭᠢ ᠰᠢᠷᠬᠠᠯᠠᠭ᠎ᠠ ᠡᠭᠦᠰᠦᠭᠰᠡᠨ ᠪᠠᠶᠢᠳᠠᠭ᠃ ᠠᠷᠬᠠᠭ ᠭᠣᠨᠣᠷᠡᠶᠠᠨ ᠤᠢ ᠡᠨᠳᠣᠼᠡᠷᠪᠢᠼᠲᠤ ᠄ᠡᠨᠡ ᠡᠪᠡᠳᠴᠢᠨ ᠢᠶᠡᠷ ᠡᠪᠡᠳᠦᠭᠰᠡᠨ ᠰᠤᠯᠠ ᠪᠡᠶ᠎ᠡ ᠲᠡᠢ ᠣᠬᠢᠳᠠᠳ ᠳᠣᠲᠣᠭᠠᠳᠤ ᠬᠥᠭᠡᠮᠡᠢ ᠪᠣᠯᠤᠨ ᠤᠮᠠᠢ ᠶᠢᠨ ᠬᠥᠨᠳᠡᠢ ᠳᠦ ᠼᠡᠷᠪᠢᠻᠠᠯᠢᠨ ᠤᠢ ᠻᠠᠨᠠᠯ ᠤᠨ ᠨᠤᠭᠤᠯᠤᠭᠠᠰᠤ ᠨᠢ ᠪᠠᠶᠢᠬᠤ ᠦᠭᠡᠢ ᠪᠣᠯᠤᠨ᠎ᠠ᠃ ᠰᠠᠷ᠎ᠠ ᠶᠢᠨ ᠲᠡᠮᠳᠡᠭ ᠨᠢ ᠢᠷᠡᠵᠦ ᠪᠤᠢ ᠣᠬᠢᠳᠠᠳ ᠥᠭᠰᠥᠬᠦ ᠵᠠᠮ ᠢᠶᠠᠷ ᠭᠣᠨᠣᠷᠡ᠎ᠠ ᠬᠠᠯᠠᠳᠠᠵᠤ ᠠᠭᠠᠷᠴᠠᠭ ᠪᠣᠯᠤᠨ ᠬᠡᠪᠡᠯᠢ ᠶᠢᠨ ᠳᠠᠶᠢᠪᠤᠷᠢ ᠨᠤᠭᠤᠳ ᠢ ᠭᠡᠮᠲᠦᠭᠡᠳᠡᠭ᠃ ᠡᠨᠡ ᠦᠶ᠎ᠡ ᠳᠦ ᠪᠡᠶ᠎ᠡ ᠶᠢᠨ ᠪᠠᠶᠢᠳᠠᠯ ᠮᠠᠭᠤᠳᠠᠵᠤ᠂ᠬᠠᠯᠠᠭᠤᠨ ᠶᠡᠬᠡᠰᠦᠨ ᠬᠣᠳᠣᠭᠣᠳᠣ ᠤᠨᠵᠢᠷᠴᠢ ᠡᠪᠡᠳᠦᠨ᠎ᠡ᠃
ᠣᠨᠣᠰᠢᠯᠠᠭ᠎ᠠ
1᠃ ᠠᠨᠠᠮᠨᠡᠽ
2᠃ ᠰᠦᠪᠢᠶᠡᠻᠲ᠋ᠢᠪ ᠣᠪᠢᠶᠡᠻᠲ᠋ᠢᠪ ᠰᠢᠨᠵᠢ
3᠃ ᠯᠠᠪᠤᠷᠠᠲ᠋ᠣᠷᠢ ᠰᠢᠨᠵᠢᠯᠡᠭᠡ
- ᠪᠠᠻᠲ᠋ᠡᠷᠢᠣᠰᠻᠣᠫ ᠄ (ᠨᠠᠭᠠᠯᠳᠤᠴᠠ ᠠᠪᠴᠤ ᠭᠷᠠᠮ ᠢᠶᠠᠷ ᠪᠤᠳᠤᠬᠤ)
- ᠪᠠᠻᠲ᠋ᠧᠷᠢᠣᠯᠣᠭᠢ᠄ (ᠲᠠᠢᠡᠷ᠂ ᠮᠠᠷᠲ᠋ᠢᠨᠢ ᠤᠷᠴᠢᠨ ᠳᠤ ᠥᠰᠬᠡᠪᠥᠷᠯᠦᠭᠡᠳ ᠲᠡᠭᠦᠨ ᠡᠴᠡ ᠨᠠᠭᠠᠯᠳᠤᠴᠠ ᠪᠡᠯᠡᠳᠬᠡᠵᠦ ᠬᠠᠷᠠᠬᠤ)
- ᠲᠣᠮᠫᠰᠤᠨ ᠤ ᠰᠣᠷᠢᠯ᠄
-2 ᠰᠲ᠋ᠠᠻᠠᠨ ᠤ ᠰᠣᠷᠢᠯ ᠡᠬᠢᠨ ᠦ ᠰᠢᠯᠢᠨ ᠳᠦ ᠪᠤᠯᠠᠩᠭᠢᠷ ᠲᠠᠢ ᠪᠠᠶᠢᠪᠠᠯ ᠡᠮᠦᠨᠡᠲᠦ ᠣᠷᠡᠲᠷᠢᠲ᠂ 2 ᠠᠭᠤᠯᠠᠨ ᠳᠤ ᠨᠢ ᠪᠤᠯᠠᠩᠭᠢᠷ ᠲᠠᠢ ᠪᠣᠯ ᠪᠦᠬᠦ ᠬᠡᠰᠡᠭ ᠢ ᠬᠠᠮᠤᠷᠤᠭᠰᠠᠨ ᠣᠷᠡᠲᠷᠢᠲ ᠪᠠᠶᠢᠭ᠎ᠠ ᠶᠢᠨ ᠰᠢᠨᠵᠢ᠃
- ᠰᠡᠷᠣᠯᠣᠭ ᠤᠨ ᠠᠷᠭ᠎ᠠ᠄
-ᠡᠭᠦᠨ ᠳᠦ ᠪᠣᠷᠳᠧ ᠿᠠᠩᠭᠦ᠋ ᠍ ᠤᠨ ᠬᠠᠷᠢᠭᠤ ᠤᠷᠪᠠᠯ ᠢ ᠠᠰᠢᠭᠯᠠᠳᠠᠭ.ᠡᠨᠡ ᠨᠢ ᠭᠣᠨᠣᠻᠣᠻᠻᠢ ᠶᠢᠨ ᠬᠠᠯᠳᠠᠪᠤᠷᠢ ᠶᠢ ᠢᠯᠡᠷᠡᠭᠦᠯᠬᠦ ᠵᠣᠷᠢᠯᠭ᠎ᠠ ᠲᠠᠢ ᠪᠠ ᠵᠠᠭ ᠬᠦᠢᠲᠡᠨ ᠭᠡᠵᠦ ᠣᠨᠣᠰᠢᠯᠠᠬᠤ ᠳᠤ ᠭᠣᠣᠯ ᠠᠴᠢ ᠬᠣᠯᠪᠣᠭᠳᠠᠯ ᠲᠠᠢ᠃
- ᠢᠮᠮᠦᠢᠨᠣᠹᠯᠶᠣᠣᠷᠡᠰᠼᠡᠨᠲᠡ ᠶᠢᠨ ᠠᠷᠭ᠎ᠠ
- ᠡᠨᠡ ᠨᠢ ᠭᠣᠨᠣᠻᠣᠻᠻ ᠶᠢ ᠲᠠᠨᠢᠬᠤ ᠬᠠᠮᠤᠭ ᠤᠨ ᠥᠨᠳᠥᠷ ᠦᠷ᠎ᠡ ᠳ᠋ᠦᠩ ᠲᠡᠢ ᠠᠷᠭ᠎ᠠ ᠶᠠᠭᠤᠮ᠎ᠠ. ᠡᠭᠦᠨ ᠳᠦ 1 % ᠍ ᠦᠨ ᠰᠫᠢᠷᠲ ᠦᠨ ᠠᠭᠤᠰᠤᠮᠠᠯ ᠪᠣᠯᠤᠨ ᠡᠦᠽᠢᠨᠠ ᠠᠰᠢᠭᠯᠠᠵᠤ ᠢᠯᠡᠷᠡᠭᠦᠯᠦᠨ᠎ᠡ᠃ ᠭᠣᠣᠯ ᠥᠪᠡᠷᠮᠢᠴᠡ ᠣᠨᠴᠠᠯᠢᠭ ᠨᠢ ᠭᠣᠨᠣᠻᠣᠻᠻ ᠶᠢ ᠪᠢᠴᠢᠯ ᠨᠢᠶᠠᠨ ᠠᠴᠠ ᠢᠯᠭᠠᠬᠤ ᠪᠠ ᠭᠣᠣᠯᠳᠠᠭᠤ ᠡᠮᠡᠭᠲᠡᠢ ᠬᠦᠨᠳᠦ ᠬᠡᠷᠡᠭᠯᠡᠨ᠎ᠡ᠃
- ᠢᠮᠮᠦᠢᠨᠣᠹᠡᠷᠮᠡᠨᠲᠡ ᠶᠢᠨ ᠠᠨᠠᠯᠢᠽ ᠄ ᠡᠨᠡ ᠨᠢ ᠰᠢᠭᠡᠭᠰᠡᠨ ᠳᠦ ᠬᠢᠳᠡᠭ ᠠᠷᠭ᠎ᠠ ᠪᠠ ᠡᠪᠡᠳᠴᠢᠲᠡᠨ ᠦ ᠮᠠᠲ᠋ᠡᠷᠠᠯᠳᠠ gonozyme ᠪᠣᠯᠤᠨ ELISA ᠪᠦᠬᠦᠢ ᠪᠦᠷᠢᠳᠦᠯ ᠲᠡᠰᠲᠢ ᠶᠢ ᠳᠦᠷᠦᠵᠦ ᠲᠣᠳᠣᠷᠬᠠᠶᠢᠯᠠᠨ᠎ᠠ᠃ ᠡᠨᠡ ᠨᠢ 95-100% ᠲᠣᠳᠣᠷᠬᠠᠶᠢᠯᠠᠭᠳᠠᠬᠤ ᠪᠠ ᠭᠣᠣᠯᠳᠠᠭᠤ ᠡᠷᠡᠭᠲᠡᠢ ᠬᠦᠨᠳᠦ ᠬᠡᠷᠡᠭᠯᠡᠨ᠎ᠡ᠃
- ᠮᠣᠯᠧᠬᠦᠯ ᠪᠢᠣᠯᠣᠭ ᠤᠨ ᠠᠷᠭ᠎ᠠ᠄ ᠡᠭᠦᠨ ᠳᠦ PSR ᠍ ᠢ ᠠᠰᠢᠭᠯᠠᠳᠠᠭ ᠪᠠ ᠡᠮᠡᠭᠲᠡᠢ ᠳᠦ ᠰᠢᠭᠡᠰᠦᠨ ᠦ ᠪᠣᠯᠤᠨ ᠡᠨᠳᠣᠼᠡᠷᠪᠢᠻᠠᠯᠢᠨ ᠤᠢ ᠵᠠᠮ ᠳᠤ ᠭᠣᠨᠣᠻᠣᠻᠻ ᠬᠯᠮᠢᠳ ᠪᠠᠶᠢᠭ᠎ᠠ ᠶᠢ ᠲᠣᠳᠣᠷᠬᠠᠶᠢᠯᠠᠨ᠎ᠠ᠃ ᠡᠨᠡ ᠨᠢ 98.6-94᠂2%᠂ ᠬᠠᠷᠢᠨ ᠡᠷᠡᠭᠲᠡᠢ ᠳᠦ ᠣᠷᠡᠲ᠋ᠷᠠᠯᠨᠠᠢᠢ ᠵᠠᠮ ᠳᠤ ᠭᠣᠨᠣᠻᠣᠻᠻᠢ ᠶᠢ ᠢᠯᠡᠷᠡᠭᠦᠯᠳᠡᠭ᠃ ᠡᠨᠡ ᠨᠢ 88.5-92.5%ᠲᠣᠳᠣᠷᠬᠠᠶᠢᠯᠠᠬᠤ ᠮᠠᠭᠠᠳᠯᠠᠯ ᠲᠠᠢ᠃
- ᠮᠥᠨ ᠳᠠᠷᠬᠠᠯᠠᠭᠠᠨ ᠤ ᠹᠡᠷᠮᠡᠨᠲᠡᠦᠳᠡᠢᠭ ᠰᠢᠨᠵᠢᠯᠡᠬᠦ
4᠃ ᠪᠠᠭᠠᠵᠢ ᠶᠢᠨ ᠰᠢᠨᠵᠢᠯᠡᠭᠡ – ᠣᠷᠡᠲ᠋ᠷᠣᠰᠻᠣᠫᠢ
- ᠣᠷᠡᠲ᠋ᠷᠣᠭᠷᠠᠹᠢᠬᠦᠨᠳᠦᠷᠡᠯ
1᠃ ᠪᠠᠯᠠᠨᠢᠲ 6᠃ ᠫᠠᠷᠠᠦ᠋ᠷᠡᠲᠷᠢᠲ 11.ᠢ ᠮᠣᠷᠭᠠᠨᠢᠲ
2᠃ ᠪᠠᠯᠠᠨᠣᠫᠣᠰᠲᠢᠲ 7᠃ ᠫᠷᠣᠰᠲ᠋ᠠᠲ᠋ᠢᠤ
3᠃ ᠹᠢᠮᠣᠽ 8᠃ ᠡᠫᠢᠳᠢᠳᠢᠮᠢᠲ
4᠃ ᠲᠢᠽᠣᠨᠢᠲ 9.ᠦᠷᠡᠭᠦᠶᠢᠳᠡᠯ
5᠃ ᠻᠦᠫᠡᠷᠢᠲ 10᠃ ᠯᠢᠲᠲᠣᠷᠠᠢᠲ
ᠡᠮᠴᠢᠯᠡᠭᠡ
1᠃ ᠡᠮ ᠦᠨ ᠪᠣᠰᠤ ᠡᠮᠴᠢᠯᠡᠭᠡ
- ᠣᠷᠴᠢᠨ᠄
- ᠦᠢᠯᠡᠴᠢᠯᠡᠭᠦᠯᠦᠭᠴᠢ ᠶᠢᠨ ᠪᠠᠶᠢᠬᠤ ᠥᠷᠥᠭᠡ ᠲᠠᠰᠤᠯᠭ᠎ᠠ ᠴᠡᠪᠡᠷ ᠂ ᠡᠮᠬᠢ ᠴᠡᠭᠴᠡᠲᠡᠢ᠂ ᠳᠠᠭᠤ ᠴᠢᠮᠡᠭᠡ ᠪᠠᠭᠠᠲᠠᠢ ᠪᠠᠶᠢᠬᠤ
- ᠥᠷᠥᠭᠡᠨ ᠦ ᠳᠤᠯᠠᠭᠠᠨ +18-+21 ᠬᠡᠮ᠂ ᠴᠢᠭᠢᠭᠯᠢᠭ ᠨᠢ 60% ᠪᠠᠶᠢᠨ᠎ᠠ᠃
- ᠥᠷᠥᠭᠡᠨ ᠳᠦ ᠠᠭᠠᠷᠵᠢᠭᠤᠯᠤᠯᠲᠠ ᠥᠷᠯᠥᠭᠡ ᠣᠷᠣᠢ ᠳᠤ ᠬᠢᠬᠦ᠂ ᠻᠣᠠᠷᠴ ᠶᠢ ᠡᠳᠦᠷ ᠲᠦ 2 ᠤᠳᠠᠭ᠎ᠠ 30 ᠮᠢᠨᠦᠲᠠᠷ ᠠᠰᠠᠭᠠᠵᠤ ᠪᠠᠶᠢᠬᠤ
- ᠥᠷᠥᠭᠡᠨ ᠳᠦ ᠡᠳᠦᠷ ᠪᠦᠷᠢ 2-3 ᠤᠳᠠᠭ᠎ᠠ ᠴᠢᠭᠢᠭ ᠲᠡᠢ ᠴᠡᠪᠡᠷᠯᠡᠭᠡ ᠬᠢᠬᠦ ᠪᠠ ᠠᠷᠢᠭᠤᠳᠬᠠᠯ ᠤᠨ ᠪᠣᠳᠠᠰ ᠲᠣᠭᠲᠠᠮᠠᠯ ᠬᠡᠷᠡᠭᠯᠡᠬᠦ
- ᠬᠣᠭᠣᠯᠠ᠄
- ᠵᠠᠭ ᠬᠦᠢᠲᠡᠨ ᠡᠪᠡᠳᠴᠢᠨ ᠦ ᠡᠮᠴᠢᠯᠡᠭᠡ ᠨᠢ ᠨᠢᠩ ᠦᠨ ᠡᠰᠡᠷᠭᠦ ᠠᠩᠲ᠋ᠢᠪᠢᠣᠲ᠋ᠢᠻ ᠤᠳ ᠢ ᠬᠠᠪᠰᠤᠷᠤᠨ ᠬᠡᠷᠡᠭᠯᠡᠳᠡᠭ ᠲᠤᠯᠠ ᠬᠣᠳᠣᠭᠣᠳᠣ ᠭᠡᠳᠡᠰᠦᠨ ᠦ ᠦᠢᠯᠡ ᠠᠵᠢᠯᠯᠠᠭ᠎ᠠ ᠶᠢ ᠴᠣᠴᠢᠷᠠᠭᠠᠬᠤ᠂ ᠦᠷᠪᠢᠰᠦᠯ ᠡᠭᠦᠰᠭᠡᠬᠦ ᠭᠠᠵᠢ ᠨᠥᠯᠥᠭᠡ ᠨᠦᠭᠦᠳ ᠪᠤᠢ ᠪᠣᠯᠬᠤ ᠲᠠᠯ᠎ᠠ ᠲᠠᠢ᠃ ᠡᠶᠢᠮᠦ ᠳᠦ ᠡᠮᠴᠢᠯᠡᠭᠡ ᠶᠢ ᠬᠣᠭᠣᠯᠠᠨ ᠤ ᠵᠥᠪ ᠳᠢᠭᠯᠢᠮ ᠲᠡᠢ ᠬᠣᠣᠰᠯᠠᠭᠤᠯᠤᠨ ᠬᠡᠷᠡᠭᠯᠡᠬᠦ ᠨᠢ ᠴᠢᠬᠤᠯᠠ ᠪᠠᠶᠢᠳᠠᠭ᠃
- ᠵᠠᠭ ᠬᠦᠢᠲᠡᠨ ᠡᠪᠡᠳᠴᠢᠲᠡᠢ ᠬᠦᠮᠦᠨ ᠠᠮᠢᠨ ᠳᠡᠮ ᠢᠶᠡᠷ ᠪᠠᠶᠠᠯᠢᠭ᠂ ᠰᠢᠮ᠎ᠡ ᠲᠡᠵᠢᠭᠡᠯ ᠲᠡᠢ ᠬᠣᠭᠣᠯᠠ ᠢᠳᠡᠵᠦ ᠪᠠᠶᠢᠬᠤ ᠬᠡᠷᠡᠭᠲᠡᠢ᠃
- ᠡᠳᠦᠷ ᠲᠦ 2-2.5 ᠯᠢᠲ᠋ᠷ ᠰᠢᠩᠭᠡᠨ ᠤᠰᠤ ᠤᠤᠭᠤᠬᠤ
ᠬᠤᠷᠢᠭᠯᠠᠬᠤ ᠵᠦᠢᠯ᠄
- ᠬᠠᠯᠠᠭᠤᠨ ᠨᠣᠭᠣᠭ᠎ᠠ ᠲᠠᠢ ᠬᠣᠭᠣᠯᠠ
- ᠬᠡᠶᠢᠵᠢᠭᠦᠯᠦᠭᠰᠡᠨ ᠤᠮᠳᠠᠭ᠎ᠠ
- ᠠᠷᠢᠬᠢ ᠪᠣᠯᠤᠨ ᠰᠤᠭᠳᠤᠭᠤᠷᠠᠭᠤᠯᠬᠤ ᠤᠮᠳᠠᠭ᠎ᠠ (ᠰᠢᠷ᠎ᠠ ᠠᠶᠢᠷᠠᠭ᠂ ᠠᠶᠢᠷᠠᠭ᠂ ᠳᠠᠷᠠᠰᠤ)
- ᠨᠢᠩ ᠦᠨ ᠡᠰᠡᠷᠭᠦ ᠡᠮᠴᠢᠯᠡᠭᠡ ᠬᠢᠵᠦ ᠳᠠᠭᠤᠰᠲᠠᠯ᠎ᠠ ᠡᠪᠡᠳᠴᠢᠲᠡᠨ ᠪᠡᠯᠡᠭ ᠦᠨ ᠬᠠᠪᠢᠲᠠᠯ ᠳᠤ ᠣᠷᠣᠬᠤ ᠶᠢ ᠲᠡᠪᠴᠢᠬᠦ
2᠃ ᠡᠮ ᠦᠨ ᠡᠮᠴᠢᠯᠡᠭᠡ
1᠃ ᠰᠢᠯᠲᠠᠭᠠᠨ ᠤ ᠡᠰᠡᠷᠭᠦ ᠠᠩᠲ᠋ᠢᠪᠢᠣᠲ᠋ᠢᠻ᠃
- ᠼᠡᠹᠲᠷᠶᠠᠻᠰᠣᠨ 250 ᠮᠢᠯᠯᠢᠭᠷᠠᠮ ᠪᠤᠯᠴᠢᠨ ᠊ᠳᠤᠷ᠃ 1 ᠤᠳᠠᠭ᠎ᠠ
- ᠣᠹᠯᠣᠻᠰᠠᠼᠢᠨ 400 ᠮᠢᠯᠯᠢᠭᠷᠠᠮ ᠤᠤᠭᠤᠬᠤ ᠪᠠᠷ -1 ᠤᠳᠠᠭ᠎ᠠ
- ᠼᠢᠫᠷᠣᠹᠯᠣᠻᠰᠠᠼᠢᠨ 500 ᠮᠢᠯᠯᠢᠭᠷᠠᠮ ᠰᠤᠳᠠᠰᠤ ᠪᠠᠷ ᠬᠣᠨᠣᠭ ᠲᠤ 2 ᠤᠳᠠᠭ᠎ᠠ 7 ᠬᠣᠨᠣᠭ
- ᠰᠫᠡᠻᠲ᠋ᠢᠨᠣᠮᠢᠼᠢᠨ 2.0 g ᠡᠷᠵᠡᠭᠲᠡᠢᠳ᠂ 4 g ᠡᠮᠡᠭᠲᠡᠢ ᠳᠦ᠂ ᠬᠣᠨᠣᠭ ᠲᠤ 2 ᠤᠳᠠᠭ᠎ᠠ 7 ᠬᠣᠨᠣᠭ
- ᠼᠡᠹᠦ᠋ᠷᠣᠻᠰᠢᠮ 1.5 g ᠪᠤᠯᠴᠢᠨ ᠊ᠳᠤᠷ 1 ᠤᠳᠠᠭ᠎ᠠ
- ᠯᠣᠮᠡᠹᠯᠣᠻᠰᠠᠼᠢᠨ 400 ᠮᠢᠯᠯᠢᠭᠷᠠᠮ 1 ᠤᠳᠠᠭ᠎ᠠ ᠤᠤᠭᠤᠬᠤ
- ᠫᠡᠹᠯᠣᠻᠰᠠᠼᠢᠨ 600 ᠮᠢᠯᠯᠢᠭᠷᠠᠮ ᠨᠢᠭᠡ ᠤᠳᠠᠭ᠎ᠠ ᠤᠤᠭᠤᠬᠤ
- ᠨᠣᠷᠹᠯᠣᠻᠰᠠᠼᠢᠨ 800 ᠮᠢᠯᠯᠢᠭᠷᠠᠮ 1 ᠤᠳᠠᠭ᠎ᠠ ᠤᠤᠭᠤᠬᠤ
2. ᠬᠯᠮᠢᠳ ᠶᠢᠨ ᠡᠰᠡᠷᠭᠦ ᠡᠮᠴᠢᠯᠡᠭᠡ ᠶᠢ ᠮᠥᠨ ᠬᠠᠪᠰᠤᠷᠴᠢ ᠬᠢᠨ᠎ᠡ᠃
-ᠳ᠋ᠣᠻᠰᠢᠼᠢᠻᠯᠢᠨ 100 ᠮᠢᠯᠯᠢᠭᠷᠠᠮ ᠡᠰᠡᠪᠡᠯ
-ᠡᠷᠢᠲᠷᠣᠮᠢᠼᠢᠨ 800 ᠮᠢᠯᠯᠢᠭᠷᠠᠮ ᠡᠰᠡᠪᠡᠯ
-ᠷᠣᠻᠰᠢᠲᠷᠣᠮᠢᠼᠢᠨ 150 ᠮᠢᠯᠯᠢᠭᠷᠠᠮ ᠡᠰᠡᠪᠡᠯ
-ᠠᠽᠢᠲᠷᠣᠮᠢᠼᠢᠨ 1 g
-ᠮᠥᠨ ᠭᠡᠨᠲᠤᠮᠢᠼᠢᠨ 80 ᠮᠢᠯᠯᠢᠭᠷᠠᠮᠮᠠᠷ 12 ᠴᠠᠭ ᠤᠨ ᠵᠠᠶᠢᠲᠠᠢ ᠲᠠᠷᠢᠬᠤ
3.ᠫᠡᠨᠢᠼᠢᠯᠯᠢᠨᠳᠢ ᠮᠡᠳᠡᠷᠡᠭ ᠭᠣᠨᠣᠻᠣᠻᠻᠣᠣᠷ ᠡᠭᠦᠰᠦᠭᠰᠡᠨ ᠨᠢ ᠭᠠᠷᠴᠠᠭ᠎ᠠ ᠦᠭᠡᠢ ᠨᠣᠲᠠᠯᠠᠭᠳᠠᠭᠰᠠᠨ ᠦᠶ᠎ᠡ ᠳᠦ
-ᠠᠮᠣᠻᠰᠢᠼᠢᠯᠯᠢᠨ 3 g
-ᠮᠥᠨ ᠫᠷᠣᠻᠠᠢᠨ ᠫᠡᠨᠢᠼᠢᠯᠯᠢᠨ 3 g
-ᠫᠷᠣᠪᠡᠨᠢᠼᠢᠳ 1 g ᠤᠤᠭᠤᠬᠤ
-ᠬᠠᠪᠰᠤᠷᠴᠢ ᠳ᠋ᠣᠻᠰᠢᠼᠢᠻᠯᠢᠨ 100 ᠮᠢᠯᠯᠢᠭᠷᠠᠮ ᠬᠣᠨᠣᠭ ᠲᠤ 2 ᠤᠳᠠᠭ᠎ᠠ ᠤᠤᠭᠤᠬᠤ
4. .ᠬᠦᠨᠳᠦᠷᠡᠯ ᠢ ᠡᠮᠴᠢᠯᠡᠬᠦ᠄ ᠠᠷᠬᠠᠭ᠂ ᠲᠦᠷᠦᠭᠦᠦ ᠪᠤᠯᠴᠢᠷᠬᠠᠢ᠂ ᠦᠷ᠎ᠡ ᠶᠢᠨ ᠴᠤᠯᠴᠠᠩ᠂ ᠲᠥᠮᠦᠰᠬᠨ ᠦ ᠳᠠᠶᠢᠪᠤᠷᠢ ᠦᠶ᠎ᠡ ᠶᠢᠨ ᠵᠠᠭ ᠬᠦᠢᠲᠡᠨ ᠦ ᠦᠶ᠎ᠡ ᠳᠦ᠄
-ᠼᠡᠹᠲᠷᠶᠠᠻᠰᠣᠨ 250 ᠮᠢᠯᠯᠢᠭᠷᠠᠮᠠᠷ ᠬᠣᠨᠣᠭ ᠲᠤ 1 ᠤᠳᠠᠭ᠎ᠠ ᠡᠰᠡᠪᠡᠯ
-ᠼᠢᠫᠷᠣᠹᠯᠣᠻᠰᠠᠼᠢᠨ 500 ᠮᠢᠯᠯᠢᠭᠷᠠᠮᠠᠷ ᠬᠣᠨᠣᠭ ᠲᠤ 1 ᠤᠳᠠᠭ᠎ᠠ
ᠬᠠᠪᠰᠤᠷᠴᠢ᠄
-ᠳ᠋ᠣᠻᠰᠢᠼᠢᠻᠯᠢᠨ 100 ᠮᠢᠯᠯᠢᠭᠷᠠᠮ ᠬᠣᠨᠣᠭ ᠲᠤ 2 ᠤᠳᠠᠭ᠎ᠠ ᠬᠢᠬᠦ
-ᠬᠠᠪᠰᠤᠷᠤᠭᠰᠠᠨ ᠡᠮᠴᠢᠯᠡᠭᠡ ᠶᠢ 35 ᠬᠣᠨᠣᠭ ᠦᠷᠭᠦᠯᠵᠢᠯᠡᠭᠦᠯᠬᠦ ᠪᠤᠶᠤ ᠰᠠᠶᠢᠵᠢᠷᠠᠯ ᠥᠭᠭᠦᠮᠡᠭᠴᠡ ᠵᠥᠪᠬᠡᠨ ᠳ᠋ᠣᠻᠰᠢᠼᠢᠻᠯᠢᠨᠢ ᠶᠢ 21 ᠬᠣᠨᠣᠭ ᠤᠤᠭᠤᠬᠤ
5. .ᠵᠠᠭ ᠬᠦᠢᠲᠡᠨ ᠦ ᠲᠦᠭᠡᠮᠡᠯ ᠬᠠᠯᠳᠠᠪᠤᠷᠢ ᠶᠢᠨ ᠦᠶ᠎ᠡ ᠳᠦ᠄
-ᠼᠡᠹᠲᠷᠶᠠᠻᠰᠣᠨ 1 g ᠰᠤᠳᠠᠰᠤ ᠪᠠᠷ 24 ᠴᠠᠭ ᠲᠤᠲᠤᠮ ᠳᠤ ᠲᠠᠷᠢᠬᠤ᠃ ᠡᠮᠴᠢᠯᠡᠭᠡ ᠶᠢ ᠠᠩᠲ᠋ᠢᠪᠢᠣᠲ᠋ᠢᠻ ᠮᠡᠳᠡᠷᠡᠭ ᠴᠢᠨᠠᠷ ᠢ ᠲᠣᠳᠣᠷᠬᠠᠶᠢᠯᠠᠭᠰᠠᠨ ᠤ ᠦᠨᠳᠦᠰᠦᠨ ᠳᠡᠭᠡᠷ᠎ᠡ ᠨᠠᠷᠢᠨ ᠮᠡᠷᠭᠡᠰᠢᠭᠰᠡᠨ ᠡᠮᠴᠢ ᠶᠢᠨ ᠵᠥᠪᠡᠯᠡᠭᠡᠨ ᠦ ᠳᠠᠭᠠᠤ ᠦᠷᠭᠦᠯᠵᠢᠯᠡᠭᠦᠯᠬᠦ
-ᠠᠷᠬᠠᠭ ᠵᠠᠭ ᠬᠦᠢᠲᠡᠨ ᠦ ᠦᠶ᠎ᠡ ᠳᠦ ᠡᠬᠢᠯᠡᠭᠡᠳ ᠰᠠᠭᠤᠷᠢ ᠡᠮᠴᠢᠯᠡᠭᠡ ᠪᠣᠯᠬᠤ ᠥᠪᠡᠷᠮᠢᠴᠡ ᠪᠠ ᠥᠪᠡᠷᠮᠢᠴᠡ ᠪᠤᠰᠤ ᠳᠠᠷᠬᠠᠯᠠᠭ᠎ᠠ ᠶᠢ ᠰᠠᠶᠢᠵᠢᠷᠠᠭᠤᠯᠬᠤ ᠡᠮᠴᠢᠯᠡᠭᠡ ᠶᠢ ᠬᠢᠭᠰᠡᠨ ᠦ ᠳᠠᠷᠠᠭ᠎ᠠ ᠲᠡᠭᠦᠨ ᠦ ᠰᠠᠭᠤᠷᠢᠨ ᠳᠡᠭᠡᠷ᠎ᠡ ᠠᠩᠲ᠋ᠢᠪᠢᠣᠲ᠋ᠢᠻ ᠡᠮᠴᠢᠯᠡᠭᠡ ᠶᠢ ᠬᠢᠪᠡᠯ ᠦᠷ᠎ᠡ ᠳ᠋ᠦᠩ ᠰᠠᠶᠢᠨ᠃
6. ᠡᠮᠴᠢᠯᠡᠭᠡᠨᠡᠢ ᠬᠢᠨᠠᠯᠲᠠ (ᠬᠤᠭᠤᠴᠠᠭ᠎ᠠ 3 cap)
- ᠶᠡᠷᠦᠳᠡ ᠶᠢᠨ ᠰᠢᠨᠵᠢᠯᠡᠭᠡ᠃
- ᠰᠡᠳᠡᠭᠡᠯᠲᠡ ᠲᠡᠢ ᠰᠢᠨᠵᠢᠯᠡᠭᠡ ᠬᠢᠮᠢ ᠶᠢᠨ ᠰᠡᠳᠡᠭᠡᠯᠲᠡ (ᠮᠥᠩᠭᠥᠨ ᠦ ᠨᠢᠲᠷᠠᠲᠤ ᠶᠢᠨ 1-2% ᠍ ᠦᠨ ᠠᠭᠤᠰᠤᠮᠠᠯ)
- ᠪᠢᠣᠯᠣᠭ ᠤᠨ ᠰᠡᠳᠡᠭᠡᠯᠲᠡ (ᠭᠣᠨᠣᠣᠠᠻᠼᠢᠨ)
- ᠳᠤᠯᠠᠭᠠᠨ ᠤ ᠰᠡᠳᠡᠭᠡᠯᠲᠡ (ᠰᠢᠷᠠᠯᠭ᠎ᠠ)
- ᠹᠢᠽᠢᠣᠯᠣᠭ ᠤᠨ ᠰᠡᠳᠡᠭᠡᠯᠲᠡ (ᠰᠠᠷ᠎ᠠ ᠶᠢᠨ ᠲᠡᠮᠳᠡᠭ ᠢᠶᠡᠷ)
a. ᠮᠧᠬᠠᠨᠢᠭ ᠰᠡᠳᠡᠭᠡᠯᠲᠡ ᠲᠠᠯᠪᠢᠭᠳᠠᠭᠰᠠᠨ ᠪᠠᠶᠢᠬᠤ
ᠡᠳᠡᠭᠡᠷᠡᠭᠰᠡᠨ ᠢ ᠰᠢᠯᠭᠠᠬᠤ ᠰᠢᠯᠭᠠᠬᠤ ᠰᠢᠯᠭᠠᠭᠤᠷ
1᠃ ᠣᠨᠣᠰᠢ ᠵᠥᠪ
2᠃ ᠡᠮᠴᠢᠯᠡᠭᠡ ᠵᠥᠪ ᠬᠢᠭᠳᠡᠭᠰᠡᠨ ᠪᠠᠶᠢᠬᠤ
-ᠵᠠᠭ ᠬᠦᠢᠲᠡᠨ ᠲᠡᠢ ᠬᠦᠮᠦᠨ ᠦ ᠡᠮᠴᠢᠯᠡᠭᠡ ᠳᠠᠭᠤᠰᠰᠠᠨᠠᠭᠠᠰᠤ 7-10 ᠬᠣᠨᠣᠭ ᠤᠨ ᠳᠠᠷᠠᠭ᠎ᠠ ᠡᠳᠡᠭᠡᠷᠡᠯᠲᠡ ᠶᠢ ᠲᠣᠭᠲᠠᠭᠠᠨ᠎ᠠ᠃ ᠵᠠᠭ ᠬᠦᠢᠲᠡᠨ ᠦ ᠡᠳᠡᠭᠡᠷᠡᠯᠲᠡ ᠶᠢ ᠡᠮᠨᠡᠯᠡᠵᠦᠢ᠂ ᠨᠢᠩ ᠢᠯᠡᠷᠡᠭᠦᠯᠬᠦ᠂ ᠨᠢᠩ ᠤᠷᠭᠤᠭᠤᠯᠬᠤ ᠰᠢᠨᠵᠢᠯᠡᠭᠡᠨ ᠦ ᠲᠤᠰᠠᠯᠠᠮᠵᠢ ᠲᠠᠢ ᠪᠠᠷ ᠲᠣᠳᠣᠷᠬᠠᠶᠢᠯᠠᠨ᠎ᠠ᠃ ᠢᠯᠭᠠᠳᠠᠰᠤ ᠭᠠᠷᠬᠤ ᠪᠠᠨ ᠪᠣᠯᠢᠰᠤᠨ᠂ ᠡᠭᠦᠰᠬᠡᠭᠴᠢ ᠣᠯᠠᠳᠤᠭᠠ ᠦᠭᠡᠢ ᠪᠡᠷ ᠡᠷᠡᠭᠦᠯ ᠪᠣᠯᠤᠭᠰᠠᠨ ᠭᠡᠵᠦ ᠦᠵᠡᠬᠦ ᠦᠨᠳᠦᠰᠦ ᠦᠭᠡᠢ᠃ ᠰᠡᠳᠡᠭᠡᠯᠲᠡ ᠶᠢᠨ ᠠᠷᠭ᠎ᠠ ᠨᠤᠭᠤᠳ ᠢ ᠨᠢᠭᠤᠴᠠ ᠭᠣᠯᠣᠮᠲᠠ ᠠᠴᠠ ᠬᠠᠯᠳᠠᠪᠤᠷᠢ ᠶᠢ ᠢᠯᠡᠷᠡᠭᠦᠯᠬᠦ ᠪᠠ ᠡᠳᠡᠭᠡᠷᠡᠯᠲᠡ ᠶᠢ ᠲᠣᠭᠲᠠᠭᠠᠬᠤ ᠵᠣᠷᠢᠯᠭ᠎ᠠ ᠪᠠᠷ ᠠᠰᠢᠭᠯᠠᠳᠠᠭ᠃ ᠡᠮᠡᠭᠲᠡᠶᠢᠴᠦᠳ ᠲᠦ ᠰᠡᠳᠡᠭᠡᠯᠲᠡ ᠶᠢ ᠰᠠᠷ᠎ᠠ ᠶᠢᠨ ᠲᠡᠮᠳᠡᠭ ᠳᠠᠭᠤᠰᠰᠠᠨ ᠤ ᠳᠠᠷᠠᠭᠠᠬᠠᠨ ᠬᠢᠨ᠎ᠡ᠃ ᠰᠡᠳᠡᠭᠡᠯᠲᠡ ᠬᠢᠭᠰᠡᠨ ᠡᠴᠡ ᠬᠣᠶᠢᠰᠢ 24᠂48᠂72᠂ ᠴᠠᠭ ᠤᠨ ᠳᠠᠷᠠᠭ᠎ᠠ ᠭᠠᠷᠴᠤ ᠪᠠᠶᠢᠭ᠎ᠠ ᠵᠦᠢᠯᠡᠰ ᠡᠴᠡ᠂ ᠢᠯᠭᠠᠳᠠᠰᠤ ᠪᠠᠶᠢᠬᠤ ᠦᠭᠡᠢ ᠦᠶ᠎ᠡ ᠳᠦ ᠰᠦᠪᠡᠨᠡᠭᠡᠰᠦ ᠬᠤᠰᠴᠤ ᠠᠪᠴᠤ ᠰᠢᠨᠵᠢᠯᠡᠨ᠎ᠡ᠃
-ᠡᠷᠡᠭᠲᠡᠶᠢᠴᠦᠳ ᠲᠦ ᠰᠡᠳᠡᠭᠡᠯᠲᠡ ᠶᠢᠨ ᠳᠠᠷᠠᠭ᠎ᠠ ᠠᠪᠤᠭᠰᠠᠨ ᠰᠢᠨᠵᠢᠯᠡᠭᠡ ᠪᠡᠷ ᠡᠭᠦᠰᠬᠡᠭᠴᠢ ᠢᠯᠡᠷᠡᠬᠦ ᠦᠭᠡᠢ ᠪᠠᠶᠢᠪᠠᠯ 1 ᠰᠠᠷ᠎ᠠ ᠶᠢᠨ ᠳᠠᠷᠠᠭ᠎ᠠ ᠳᠠᠬᠢᠨ ᠰᠢᠨᠵᠢᠯᠠᠵᠤ ᠢᠯᠡᠷᠡᠬᠦ ᠦᠭᠡᠢ ᠲᠣᠬᠢᠶᠠᠯᠳᠤᠯ ᠳᠤ ᠡᠳᠡᠭᠡᠷᠡᠭᠰᠡᠨ ᠭᠡᠵᠦ ᠲᠣᠭᠠᠴᠠᠨ᠎ᠠ᠃
b᠃ ᠡᠮᠡᠭᠲᠡᠶᠢᠴᠦᠳ ᠲᠦ ᠬᠠᠪᠰᠤᠷᠤᠭᠰᠠᠨ ᠰᠡᠳᠡᠭᠡᠯᠲᠡ ᠶᠢᠨ ᠳᠠᠷᠠᠭ᠎ᠠ ᠭᠣᠨᠣᠻᠣᠻᠻ ᠣᠯᠠᠳᠬᠤ ᠦᠭᠡᠢ ᠪᠣᠯ ᠳᠠᠷᠤᠭ᠎ᠠ ᠶᠢᠨ ᠰᠠᠷ᠎ᠠ ᠶᠢᠨ ᠲᠡᠮᠳᠡᠭ ᠢᠷᠡᠬᠦ ᠦᠶ᠎ᠡ ᠳᠦ ᠳᠠᠬᠢᠨ ᠰᠡᠳᠡᠭᠡᠯᠲᠡ ᠬᠢᠵᠦ 24᠂48᠂72 ᠴᠠᠭ ᠤᠨ ᠳᠠᠷᠠᠭ᠎ᠠ ᠰᠢᠨᠵᠢᠯᠡᠨ᠎ᠡ᠃ ᠡᠢᠨᠬᠦᠦ 2 ᠤᠳᠠᠭ᠎ᠠ ᠶᠢᠨ ᠰᠠᠷ᠎ᠠ ᠶᠢᠨ ᠲᠡᠮᠳᠡᠭ ᠦᠨ ᠦᠶ᠎ᠡ ᠳᠦ ᠰᠢᠨᠵᠢᠯᠡᠬᠡᠳ ᠡᠮᠨᠡᠯ ᠵᠦᠢ ᠂ᠯᠠᠪᠣᠷᠠᠲ᠋ᠣᠷ ᠦᠨ ᠰᠢᠨᠵᠢᠯᠡᠭᠡ ᠪᠡᠷ ᠭᠣᠨᠣᠻᠣᠻᠻ ᠢᠯᠡᠷᠡᠬᠦ ᠦᠭᠡᠢ ᠪᠠᠶᠢᠪᠠᠯ ᠡᠳᠡᠭᠡᠷᠡᠭᠰᠡᠨ ᠭᠡᠵᠦ ᠲᠣᠭᠠᠴᠠᠨ᠎ᠠ᠃
ᠰᠤᠷᠭᠠᠭᠤᠯᠢ ᠶᠢᠨ ᠡᠮᠦᠨᠡᠬᠢ ᠨᠠᠰᠤᠨ ᠤ ᠣᠬᠢᠳ ᠢ ᠡᠮᠴᠢᠯᠡᠭᠡ ᠳᠠᠭᠤᠰᠰᠠᠨ ᠤ ᠳᠠᠷᠠᠭ᠎ᠠ 10 ᠬᠣᠨᠣᠭ ᠤᠨ ᠵᠠᠶᠢᠲᠠᠢ 3 ᠤᠳᠠᠭ᠎ᠠ ᠰᠡᠳᠡᠭᠡᠯᠲᠡ ᠶᠢᠨ ᠰᠢᠨᠵᠢᠯᠡᠭᠡ ᠬᠢᠵᠦ ᠳᠠᠷᠠᠭ᠎ᠠ ᠨᠢ ᠡᠷᠡᠭᠦᠯ ᠪᠠᠶᠢᠪᠠᠯ ᠡᠳᠡᠭᠡᠷᠡᠭᠰᠡᠨ
c. ᠭᠡᠵᠦ ᠦᠵᠡᠵᠦ ᠴᠡᠴᠡᠷᠯᠢᠭ ᠶᠠᠰᠠᠯᠢ ᠳᠤ ᠨᠢ ᠶᠠᠪᠤᠭᠤᠯᠤᠨ᠎ᠠ᠃
ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ᠄
- ᠪᠡᠯᠡᠭ ᠦᠨ ᠵᠠᠮ ᠤᠨ ᠬᠠᠯᠳᠠᠪᠤᠷᠢᠲᠤ ᠡᠪᠡᠳᠴᠢᠨ ᠬᠦᠮᠦᠨ ᠢ ᠡᠷᠲᠡ ᠢᠯᠡᠷᠡᠭᠦᠯᠵᠦ ᠂ᠣᠨᠣᠰᠢᠯᠠᠵᠤ ᠂ᠪᠦᠷᠢᠨ ᠡᠮᠴᠢᠯᠡᠬᠦ
- ᠪᠡᠯᠡᠭ ᠦᠨ ᠬᠠᠪᠢᠲᠠᠭᠴᠢ ᠶᠢ ᠡᠷᠲᠡ ᠢᠯᠡᠷᠡᠭᠦᠯᠵᠦ᠂ ᠡᠮᠴᠢᠯᠡᠬᠦ ᠨᠢ ᠬᠠᠯᠳᠠᠪᠤᠷᠢ ᠲᠠᠷᠬᠠᠬᠤ ᠠᠴᠠ ᠰᠡᠷᠭᠡᠶᠢᠯᠡᠨ᠎ᠡ
- ᠬᠦᠮᠦᠨ ᠠᠮᠠ ᠳᠤ ᠢᠯᠠᠩᠭᠤᠶ᠎ᠠ ᠨᠥᠬᠥᠨ ᠦᠷᠡᠵᠢᠬᠦᠢ ᠶᠢᠨ ᠨᠠᠰᠤᠨ ᠤ ᠵᠠᠯᠠᠭᠤ ᠬᠦᠮᠦᠰ ᠲᠦ ᠪᠡᠯᠭᠡ ᠊ᠢᠢᠨ ᠵᠠᠮ ᠊ᠤᠨ ᠬᠠᠯᠳᠠᠪᠤᠷᠢᠲᠤ ᠡᠪᠡᠳᠴᠢᠨ ᠊ᠦ ᠲᠠᠯ᠎ᠠ ᠪᠠᠷ ᠡᠷᠡᠭᠦᠯ ᠮᠡᠨᠳᠦ ᠶᠢᠨ ᠪᠣᠯᠪᠠᠰᠤᠷᠠᠯ ᠣᠯᠭᠣᠬᠤ ᠨᠢ
- ᠡᠪᠡᠳᠴᠢᠲᠡᠨ ᠦ ᠬᠡᠷᠡᠭᠯᠡᠭᠰᠡᠨ ᠪᠦᠬᠦ ᠵᠦᠢᠯ ᠢ ᠵᠢᠭᠠᠪᠤᠷᠢ ᠶᠢᠨ ᠳᠠᠭᠠᠤ ᠬᠠᠯᠳᠠᠪᠤᠷᠢᠭᠦᠶᠢᠵᠢᠭᠦᠯᠦᠨᠡ᠃
- ᠪᠠᠶᠢᠩᠭᠤ ᠪᠡᠯᠭᠡᠪᠴᠢ ᠬᠡᠷᠡᠭᠯᠡᠵᠦ ᠰᠤᠷᠬᠤ
ᠲᠦᠯᠬᠢᠭᠦᠷ ᠦᠭᠡᠰ
Gonorrhoea
Гоноррея
ᠡᠬᠢ ᠰᠤᠷᠪᠤᠯᠵᠢ:
ᠡᠷᠡᠭᠦᠯ ᠮᠡᠨᠳᠦ ᠶᠢᠨ ᠦᠨᠳᠦᠰᠦᠨ ᠦ ᠫᠣᠷᠲ᠋ᠠᠯ