ᠤᠭᠤᠷᠠᠭ
ᠤᠭᠤᠷᠠᠭ
ᠤᠭᠤᠷᠠᠭ ᠨᠤᠭᠤᠳ ᠠᠨᠤ᠂ ᠨᠢᠭᠡ ᠪᠠ ᠲᠡᠭᠦᠨᠡᠴᠡ ᠣᠯᠠᠨ ᠠᠮᠢᠨ ᠬᠦᠴᠢᠯ ᠦᠨ︱ᠬᠦᠴᠢᠯ ᠭᠢᠨᠵᠢ ᠦᠯᠡᠳᠡᠭᠳᠡᠯ ᠠᠭᠤᠯᠳᠠᠭ ᠲᠣᠮᠤ ᠪᠢᠣᠮᠣᠯᠧᠻᠦ᠋ᠯ ᠪᠤᠶᠤ ᠮᠠᠻᠷᠣᠮᠣᠯᠧᠻᠦ᠋ᠯ ᠠᠮᠤᠢ᠃
ᠤᠭᠤᠷᠠᠭ ᠪᠡᠶ᠎ᠡ ᠮᠠᠬᠠᠪᠤᠳ ᠳᠣ ᠴᠢᠬᠤᠯ ᠡᠭᠦᠷᠭᠡᠲᠡᠢ ᠶᠢ ᠵᠢᠰᠢᠶᠡᠯᠡᠪᠡᠰᠦ᠂ ᠪᠣᠳᠠᠰ ᠤᠨ ᠰᠣᠯᠢᠯᠴᠠᠭᠠᠨ ᠤ ᠤᠷᠪᠠᠯ ᠶᠢ ᠬᠤᠷᠳᠤᠰᠬᠠᠬᠤ ᠪᠤᠶᠤ ᠤᠳᠠᠭᠠᠰᠢᠷᠠᠭᠤᠯᠬᠤ᠂ DNA ᠦ᠋ᠨ ᠨᠡᠶ᠋ᠢᠯᠡᠭᠵᠢᠯᠲᠡ᠂ ᠴᠣᠴᠢᠷᠠᠭᠠᠭᠴᠢ ᠳᠤ ᠬᠠᠷᠢᠭᠤ ᠦᠢᠯᠡᠳᠦᠯ ᠤᠵᠡᠭᠦᠯᠬᠦ᠂ ᠡᠰ ᠦᠨ ᠳᠣᠲᠤᠭᠠᠳᠤ ᠭᠠᠳᠠᠭᠠᠳᠤ ᠪᠠᠶ᠋ᠢᠳᠠᠯ ᠢ ᠬᠠᠳᠠᠭᠠᠯᠠᠬᠤ᠂ ᠪᠣᠳᠠᠰ ᠢ ᠵᠥᠭᠡᠭᠡᠬᠦ ᠵᠡᠷᠭᠡ ᠣᠯᠠᠨ ᠡᠭᠦᠷᠭᠡ ᠶᠢ ᠳᠤᠷᠠᠳᠤᠯᠲᠠᠢ᠂᠂
ᠭᠧᠨ᠌ ᠦ ᠨᠦ᠋ᠻᠯᠢᠶᠣᠲ᠋ᠢᠳ᠋ ᠦᠨ ᠳᠠᠷᠠᠭᠠᠯᠠᠯ ᠢᠢᠠᠷ ᠰᠢᠢᠳᠳᠡᠭ ᠠᠮᠢᠨ ᠬᠦᠴᠢᠯ ᠦᠨ ᠭᠢᠨᠵᠢᠡᠴᠡ ᠶᠡᠬᠡ ᠢᠯᠭᠠᠭᠠᠲᠠᠢ ᠶᠢ ᠲᠠᠶ᠋ᠢᠯᠠᠪᠤᠷᠢᠯᠠᠬᠤᠯᠠ᠂ ᠤᠭᠤᠷᠠᠭ ᠠᠨᠤ ᠭᠤᠷᠪᠠᠨ ᠬᠡᠮᠵᠢᠶᠡᠰᠦᠲᠦ ᠣᠷᠣᠨ ᠵᠠᠢ ᠳᠤ ᠥᠪᠡᠷ ᠦᠨ ᠬᠡᠯᠪᠡᠷᠢᠲᠡᠢ ᠤᠴᠢᠷ᠃
ᠤᠭᠤᠷᠠᠭ ᠤᠨ ᠬᠡᠯᠪᠡᠷᠢ ᠢᠨᠤ ᠲᠤᠬᠠᠢ ᠶᠢᠨ ᢉᠦᠢᠴᠡᠳᢈᠡᢈᠦ ᠡᠭᠦᠷᠭᠡ ᠯᠦᠭᠡ ᠶᠡᠬᠡᠳᠡ ᠯᠡ ᠵᠣᠬᠢᠴᠠᠭᠰᠠᠨ ᠪᠠᠶ᠋ᠢᠮᠤᠢ᠃
ᠱᠤᠭᠤᠮ ᠰᠢᠯᠤᠭᠤᠨ ᠠᠮᠢᠨ ᠬᠦᠴᠢᠯ ᠦᠨ ᠭᠢᠨᠵᠢ ᠶᠢ ᠫᠣᠯᠢᠫᠧᠫᠲ᠋ᠢᠳ᠋ ᠭᠡᠮᠦᠢ᠃
ᠨᠢᠭᠡ ᠤᠭᠤᠷᠠᠭ ᠳᠣᠣᠷ ᠠ᠋ ᠬᠠᠶᠠᠵᠤ ᠨᠢᠭᠡ ᠤᠷᠲᠤ ᠭᠢᠨᠵᠢ ᠠᠭᠤᠯᠤᠭᠰᠠᠨ ᠪᠠᠶ᠋ᠢᠳᠠᠭ᠃
ᠪᠣᠭᠤᠨᠢ ᠫᠣᠯᠢᠫᠧᠫᠲ᠋ᠢᠳ᠋ ᠢᠨᠤ 20-30 ᠦᠯᠡᠳᠡᠭᠳᠡᠯ ᠢ ᠠᠭᠤᠯᠬᠤ ᠠᠪᠴᠤ᠂ ᠡᠭᠦᠨ ᠢ ᠶᠡᠬᠡ ᠲᠥᠯᠦᠪ ᠤᠭᠤᠷᠠᠭ ᠭᠡᠵᠦ ᠦᠯᠡ ᠦᠵᠡᠳᠡᠭ ᠤᠴᠢᠷ᠂ ᠵᠦᠭᠡᠷ ᠯᠡ ᠫᠧᠫᠲ᠋ᠢᠳ᠋ ᠪᠤᠶᠤ ᠣᠯᠢᠭᠣᠫᠧᠫᠲ᠋ᠢᠳ᠋ ᠭᠡᠨ᠎ᠡ᠃
ᠠᠮᠢᠨ ᠬᠦᠴᠢᠯ ᠦᠳ ᠥᠪᠡᠷ ᠬᠣᠭᠤᠷᠤᠨᠳᠤ ᠪᠠᠨ ᠫᠧᠫᠲ᠋ᠢᠳ᠋ ᠦᠨ ᠬᠣᠯᠪᠤᠭ᠎ᠠ ᠪᠠᠷ ᠬᠣᠯᠪᠤᠭᠳᠠᠨ᠎ᠠ᠃
ᠤᠭᠤᠷᠠᠭ ᠲᠤ ᠪᠠᠶ᠋ᠢᠬᠤ ᠠᠮᠢᠨ ᠬᠦᠴᠢᠯ ᠢ ᠭᠧᠨ᠌ ᠦ ᠳᠠᠷᠠᠭᠠᠯᠠᠯ ᠢᠯᠭᠠᠮᠳᠠᠭ ᠪᠤᠶᠤ ᠭᠧᠨ᠌ ᠦ ᠻᠣᠳ᠋ ᠢᠢᠠᠷ ᠵᠣᠬᠢᠴᠠᠭᠤᠯᠤᠮᠤᠢ᠃
ᠶᠡᠬᠡ ᠲᠥᠯᠦᠪ᠂ ᠮᠠᠬᠠᠪᠤᠳ ᠳᠤ 20 ᠠᠮᠢᠨ ᠬᠦᠴᠢᠯ ᠢ ᠻᠣᠳ᠌ᠯᠠᠳᠠᠭ ᠭᠤᠷᠪᠠᠲᠤ ᠻᠣᠳ᠋ ᠪᠤᠢ᠃
ᠭᠡᠪᠡᠴᠦ ᠵᠠᠷᠢᠮ ᠻᠣᠳ᠋ ᠰᠧᠯᠸᠨᠣ᠋-ᠼᠢᠰᠲ᠋ᠧᠨ᠌ ᠢ ᠻᠣᠳ᠌ᠯᠠᠳᠠᠭ ᠪᠣᠯ᠂ ᠵᠠᠷᠢᠮ ᠤᠵᠤᠤᠷ ᠨᠢᠩ(ᠠᠷᠾᠧ) ᠳᠤ ᠫᠢᠷᠷᠣ᠋-ᠯᠢᠽᠢᠨ ᠪᠠᠶ᠋ᠢᠨᠠᠮ᠃