ᠬᠢᠮᠢ ᠊ᠢᠢᠨ ᠬᠥᠳᠡᠯᠭᠡᠭᠦᠷᠲᠦ ᠫᠤᠤᠵᠢᠩ

Wikibilig-с
17:18, 20 Арванхоёрдугаар сар 2020-ий байдлаарх Wikibilig (яриа | оруулсан хувь нэмэр) хэрэглэгчийн хийсэн залруулга

ᠫᠤᠤᠵᠢᠩ ‍ᠤᠨ ᠬᠢᠮᠢ ᠶ᠋ᠢᠨ ᠬᠥᠳᠡᠯᠭᠡᠭᠦᠷ

ᠹᠠᠯᠻᠣᠨ ᠾᠧᠸᠢFalcon Heavy ᠫᠤᠤᠵᠢᠩ ‍ᠤᠨ
ᠬᠣᠣᠰ ᠬᠤᠷᠳᠤᠰᠬᠠᠭᠴᠢ
ᠨᠢᠭᠡᠨ ᠵᠡᠷᠭᠡ ᠭᠠᠵᠷᠳᠠᠵᠤ ᠪᠠᠢᠢᠭ᠎ ‍ᠠ᠋ ᠠᠨᠤ

ᠲᠡᠶ᠋ᠢᠷᠦᠯᠲᠡ ᠪᠣᠯ ᠬᠥᠯᠭᠡ ᠶ᠋ᠢ ᠤᠷᠤᠭᠰᠢᠯᠠᠭᠤᠯᠤᠨ ᠬᠥᠳᠡᠯᠭᠡᠬᠦ ᠬᠦᠴᠦ ᠶᠤᠮ᠃[1]

ᠲᠡᠢᠢᠷᠦᠯᠲᠡ ᠶ᠋ᠢ ᠫᠤᠦᠵᠢᠩ ‍ᠤᠨ ᠬᠥᠳᠡᠯᠭᠡᠭᠦᠷ ᠡᠭᠦᠰᠬᠡᠨ᠎ ‍ᠡ᠋᠃

ᠫᠤᠤᠵᠢᠩ ‍ᠤᠨ ᠬᠢᠮᠢ ᠶ᠋ᠢᠨ ᠬᠥᠳᠡᠯᠭᠡᠭᠦᠷ ᠲᠦ ᠬᠢᠮᠢ ᠶ᠋ᠢᠨ ᠰᠢᠲᠠᠬᠤ ᠤᠷᠪᠠᠯ ‍ᠢᠢᠠᠷ ᠬᠠᠯᠠᠭᠤᠨ ᠢᠯᠠᠭᠠᠷᠠᠵᠤ᠂ ᠲᠡᠭᠦᠨ ‍ᠢ ᠮᠧᠻᠠᠨᠢᠻ ᠬᠥᠳᠡᠯᠭᠡᠭᠡᠨ ‍ᠦ ᠧᠨᠧᠷᠭᠢ ᠳ᠋ᠦ ᠬᠤᠪᠢᠷᠭᠠᠨ᠎ ‍ᠠ᠋᠃

ᠬᠢᠮᠢ ‍ᠢᠢᠨ ᠬᠥᠳᠡᠯᠭᠡᠭᠦᠷ ᠬᠠᠲᠠᠭᠤ ᠲᠦᠯᠡᠰᠢ ᠲᠡᠢ ᠬᠢᠭᠡᠳ ᠰᠢᠩᠭᠡᠨ ᠲᠦᠯᠡᠰᠢ ᠲᠡᠢ ᠬᠡᠮᠡᠬᠦ ᠬᠣᠶᠠᠷ ᠲᠥᠷᠦᠯ ᠪᠠᠢᠢᠨ᠎ ‍ᠠ᠋᠃



ᠰᠢᠩᠭᠡᠨ ᠲᠦᠯᠡᠰᠢᠲᠦ ᠬᠥᠳᠡᠯᠭᠡᠭᠦᠷ

ᠰᠢᠩᠭᠡᠨ ᠲᠦᠯᠡᠰᠢᠲᠦ ᠫᠤᠤᠵᠢᠩ ‍ᠤᠨ ᠬᠥᠳᠡᠯᠭᠡᠭᠦᠷ ᠲᠦ ᠰᠢᠩᠭᠡᠨ ᠲᠥᠯᠦᠪ ᠲᠡᠢ ᠰᠢᠲᠠᠬᠤᠨ ᠪᠠ ᠢᠰᠦᠯᠳᠦᠭᠦᠯᠦᠭᠴᠢ ᠲᠤᠰ ᠲᠤᠰ ᠲᠤ ᠪᠠᠨ ᠬᠠᠳᠠᠭᠠᠯᠠᠭᠳᠠᠬᠤ ᠪᠠ ᠲᠡᠳᠡᠭᠡᠷ ‍ᠢ ᠰᠢᠲᠠᠬᠤ ᠻᠠᠮᠧᠷ ᠲᠤ ᠰᠢᠬᠠᠨ ᠣᠷᠤᠭᠤᠯᠵᠤ ᠰᠢᠲᠠᠯᠲᠠ ᠶᠠᠪᠤᠭᠤᠯᠳᠠᠭ᠃[1]

ᠰᠢᠩᠭᠡᠨ ᠲᠦᠯᠡᠰᠢᠲᠦ ᠫᠤᠤᠵᠢᠩ ‍ᠤᠨ ᠰᠢᠲᠠᠬᠤᠨ ᠨᠢ ᠰᠢᠩᠭᠡᠷᠡᠭᠦᠯᠦᠭᠰᠡᠨ ᠤᠰᠤ ᠲᠥᠷᠦᠭᠴᠢ᠂ ᠡᠰᠡᠪᠡᠯ ᠻᠧᠷᠣᠰᠢᠨkerosn ᠪᠠᠢᠢᠵᠤ ᠪᠣᠯᠤᠨ᠎ ‍ᠠ᠋᠃

ᠢᠰᠦᠯᠳᠦᠭᠦᠯᠦᠭᠴᠢ ᠨᠢ ᠰᠢᠩᠭᠡᠷᠡᠭᠦᠯᠦᠭᠰᠡᠨ ᠬᠦᠴᠢᠯ ᠲᠥᠷᠦᠭᠴᠢ᠂ ᠡᠰᠡᠪᠡᠯ ᠤᠰᠤ ᠲᠥᠷᠦᠭᠴᠢ ᠶ᠋ᠢᠨ ᠬᠡᠲᠦ ᠢᠰᠦᠯ ᠪᠠᠢᠢᠵᠤ ᠪᠣᠯᠤᠨ᠎ ‍ᠠ᠋᠃

ᠬᠠᠲᠠᠭᠤ ᠬᠥᠳᠡᠯᠭᠡᠭᠦᠷᠲᠦ ᠬᠥᠳᠡᠯᠭᠡᠦᠷ

ᠡᠷᠲᠡᠨ ‍ᠦ ᠮᠣᠩᠭᠣᠯ ᠴᠡᠷᠢᠭ
ᠫᠤᠤᠵᠢᠩ ᠬᠠᠷᠪᠤᠵᠤ ᠪᠠᠢᠢᠭ᠎ ‍ᠠ᠋ ᠠᠨᠤ



ᠬᠠᠷᠢᠨ ᠬᠠᠲᠠᠭᠤ ᠲᠦᠯᠡᠰᠢᠲᠦ ᠫᠤᠤᠵᠢᠩᠭ ‍ᠤᠨ ᠬᠥᠳᠡᠯᠭᠡᠭᠦᠷ ᠲᠦ ᠠᠵᠢᠯ ‍ᠤᠨ ᠪᠣᠳᠠᠰ ‍ᠤᠳ ‍ᠢ ᠬᠠᠮᠲᠤ ᠳ᠋ᠤ ᠨᠢ ᠬᠣᠯᠢᠭᠰᠠᠨ ᠪᠠᠢᠢᠬᠤ ᠠᠭᠠᠳ ᠬᠠᠲᠠᠭᠤ ᠪᠣᠷᠲᠤᠭᠤ ᠬᠡᠯᠪᠡᠷᠢ ᠶ᠋ᠢᠡᠷ ᠨᠢᠭᠲᠠᠷᠠᠭᠤᠯᠤᠭᠰᠠᠨ ᠪᠠᠢᠢᠳᠠᠭ[1]

ᠡᠬᠢ ᠰᠤᠷᠪᠤᠯᠵᠢ

  1. 1.0 1.1 1.2 https://www.grc.nasa.gov/www/k-12/airplane/rocket.html National Aeronautics and Space Administration. Rocket propulsion. ᠬᠠᠨᠳᠤᠭᠰᠠᠨ 2020/12/10