ᠻᠸᠠᠨ᠍ᠲ ᠲᠣᠭᠠᠴᠠᠯᠠᠯ

Wikibilig-с
19:38, 8 Нэгдүгээр сар 2021-ий байдлаарх Theirontnt (яриа | оруулсан хувь нэмэр) хэрэглэгчийн хийсэн залруулга

ᠻᠸᠠᠨ᠍ᠲ᠋ᠤᠮ ᠲᠣᠭᠠᠴᠠᠭᠠᠯᠠᠯ ᠨᠢ ᠻᠸᠠᠨ᠍ᠲ  ᠤᠨ ᠹᠢᠽᠢᠻ  ᠤᠨ ᠳᠠᠪᠬᠤᠴᠠᠯ᠂ ᠬᠣᠯᠪᠤᠭ᠎ᠠ ᠭᠡᠬᠦ ᠴᠢᠨᠠᠷ  ᠤᠳ  ᠢ ᠠᠰᠢᠭᠯᠠᠨ ᠲᠣᠭᠠᠴᠠᠯᠠᠯ ᠬᠢᠬᠦ ᠠᠷᠭ᠎ᠠ ᠶᠤᠮ᠃ ᠡᠨᠡᠬᠦ ᠰᠠᠨᠠᠭ᠎ᠠ ᠨᠢ 1980 ᠣᠨ  ᠤ ᠡᠬᠢ ᠪᠡᠷ ᠫᠠᠸᠯ ᠪᠧᠨᠢᠣᠹᠹ  ᠤᠨ ᠲᠠᠯᠪᠢᠭᠰᠠᠨ Turing Machine  ᠤ ᠻᠸᠠᠨ᠍ᠲ᠋ᠤᠮ ᠵᠠᠭᠪᠤᠷᠢ ᠡᠴᠡ ᠡᠭᠦᠳᠡᠯᠲᠡᠢ᠃ ᠻᠸᠠᠨ᠍ᠲ᠋ᠤᠮ ᠲᠣᠭᠠᠴᠠᠯᠠᠯ ᠬᠢᠳᠡᠭ ᠪᠠᠭᠠᠴᠢ  ᠢᠢ ᠻᠸᠠᠨ᠍ᠲ᠋ᠤᠮ ᠻᠣᠮᠫᠶᠦ᠋ᠲ᠋ᠧᠷ ᠭᠡᠳᠡᠭ᠃

ᠻᠶᠦ᠋ᠪᠢᠲ

ᠪᠢᠳᠡᠨ  ᠤ ᠻᠣᠮᠫᠶᠦ᠋ᠲ᠋ᠧᠷ ᠲᠣᠭᠠᠴᠠᠯᠠᠯ ᠬᠢᠬᠦ  ᠳᠡᠭᠡᠨ ᠪᠢᠲ ᠪᠤᠶᠤ ᠴᠡᠨᠡᠭ ᠲᠡᠢ ᠡᠰᠡᠪᠡᠯ ᠴᠡᠨᠡᠭ ᠦᠭᠡᠢ ᠲᠷᠠᠨ᠍ᠽᠢᠰᠲ᠋ᠣᠷ ᠠᠰᠢᠭᠯᠠᠳᠠᠭ ᠪᠣᠯ ᠻᠸᠠᠨ᠍ᠲ᠋ᠤᠮ ᠻᠣᠮᠫᠶᠦ᠋ᠲ᠋ᠧᠷ ᠻᠶᠦ᠋ᠪᠢᠲ ᠠᠰᠢᠭᠯᠠᠳᠠᠭ᠃ ᠻᠶᠦ᠋ᠪᠢᠲ ᠭᠡᠳᠡᠭ ᠨᠢ ᠡᠯᠧᠻᠲ᠋ᠷᠣᠨ ᠡᠰᠡᠪᠡᠯ ᠫᠾᠣᠲ᠋ᠣᠨ ᠭᠡᠬᠦ ᠮᠡᠲᠦ ᠵᠦᠢᠯᠡᠰ ᠪᠠᠢᠢᠵᠤ ᠪᠣᠯᠤᠨ᠎ᠠ᠃ ᠵᠢᠱᠢᠢ᠎ᠡ ᠨᠢ ᠡᠯᠧᠻᠲ᠋ᠷᠣᠨ  ᠤ ᠡᠷᠭᠡᠯᠳᠦᠬᠦ ᠬᠥᠳᠡᠯᠭᠡᠭᠡᠨ ᠵᠦᠭ (ᠳᠡᠭᠡᠭᠰᠢ ᠡᠰᠡᠪᠡᠯ ᠳᠣᠭᠤᠭᠰᠢ)  ᠶᠢᠠᠷ ᠻᠶᠦ᠋ᠪᠢᠲ  ᠤᠨ ᠤᠳᠬ᠎ᠠ  ᠢ ᠢᠯᠡᠷᠬᠡᠶᠢᠯᠡᠵᠦ ᠪᠣᠯᠤᠨ᠎ᠠ᠃ ᠻᠶᠦ᠋ᠪᠢᠲ ᠬᠣᠶᠠᠷ ᠲᠦᠯᠦᠪ ᠲᠤᠷ ᠵᠡᠷᠭᠡ ᠪᠠᠢᠢᠬᠤ ᠪᠣᠯᠣᠮᠵᠢᠲᠠᠢ᠃ ᠤᠴᠢᠷ ᠨᠢ ᠻᠸᠠᠨ᠍ᠲ᠋ᠤᠮ ᠳᠠᠪᠬᠤᠴᠠᠯ ᠭᠡᠳᠡᠭ ᠴᠢᠨᠠᠷ ᠲᠤᠷ ᠠᠯᠢᠪᠠ ᠪᠢᠢ᠎ᠡ ᠠᠵᠢᠭᠯᠠᠭ᠎ᠠ ᠦᠭᠡᠢ ᠦᠢ᠎ᠡ ᠳ᠋ᠤᠷ ᠲᠦᠯᠦᠪ ᠨᠢ ᠲᠣᠳᠤᠷᠬᠠᠶ ᠪᠢᠰᠢ ᠪᠠᠢᠢᠳᠠᠭ᠃ ᠦᠭᠡᠷ᠎ᠡ ᠪᠡᠷ ᠪᠣᠯ ᠴᠡᠨᠡᠭᠲᠡᠢ ᠪᠦᠭᠡᠳ ᠴᠡᠨᠡᠭ ᠦᠭᠡᠢ ᠬᠣᠶᠤᠯ᠃ ᠬᠠᠷᠢᠨ ᠬᠡᠷᠡᠭᠯᠡᠭᠴᠢ  ᠶᠢᠨ ᠥᠭᠭᠦᠭᠳᠡᠯ ᠡᠴᠡ ᠬᠠᠮᠢᠶᠠᠷᠠᠨ ᠬᠡᠷᠡᠭᠴᠡᠭᠡᠲᠡ ᠤᠳᠬ᠎ᠠ ᠰᠢᠭᠤᠳ ᠭᠠᠷᠤᠨ᠎ᠠ᠃ ᠻᠸᠠᠨ᠍ᠲ᠋ᠤᠮ ᠬᠣᠯᠪᠤᠭ᠎ᠠ ᠡᠴᠡ ᠡᠭᠦᠳᠡᠨ ᠬᠣᠯᠪᠤᠭ᠎ᠠ ᠲᠠᠢ ᠻᠶᠦ᠋ᠪᠢᠲ  ᠦᠳ  ᠤᠨ ᠤᠳᠬ᠎ᠠ ᠨᠢᠭᠡᠨ  ᠢᠢ ᠪᠠᠨ ᠳᠠᠭᠠᠨ ᠦᠭᠡᠷᠡᠴᠢᠯᠡᠭᠳᠡᠨ᠎ᠡ᠃

ᠻᠢᠪᠧᠷ ᠠᠶᠤᠯ ᠦᠭᠡᠢ ᠪᠠᠢᠢᠳᠠᠯ ᠪᠠ ᠻᠸᠠᠨ᠍ᠲ᠋ᠤᠮ ᠻᠣᠮᠫᠶᠦ᠋ᠲ᠋ᠧᠷ

ᠻᠸᠠᠨ᠍ᠲ᠋ᠤᠮ ᠻᠣᠮᠫᠶᠦ᠋ᠲ᠋ᠧᠷ ᠭᠠᠷᠴᠤ ᠢᠷᠡᠭᠰᠡᠨ  ᠶᠢᠠᠷ ᠪᠢᠳᠡᠨ  ᠤ ᠮᠡᠳᠡᠭᠡᠯᠡᠯ  ᠤᠨ ᠠᠶᠤᠯ ᠦᠭᠡᠢ ᠪᠠᠢᠢᠳᠠᠯ ᠦᠭᠡᠢ ᠪᠣᠯᠤᠨ᠎ᠠ᠃ ᠪᠢᠳᠡᠨ  ᠤ ᠮᠡᠳᠡᠭᠡᠯᠡᠯ  ᠶᠢᠠᠨ ᠨᠢᠭᠤᠴᠠᠯᠠᠬᠤ ᠳᠤᠷ ᠠᠰᠢᠭᠯᠠᠳᠠᠭ ᠲᠦᠯᠬᠢᠭᠦᠷ ᠨᠢ ᠬᠣᠶᠠᠷ ᠠᠩᠬᠠᠨ  ᠤ ᠲᠣᠭ᠎ᠠ  ᠶᠢᠨ ᠦᠷᠡᠵᠢᠪᠦᠷᠢ ᠪᠠᠢᠢᠳᠠᠭ᠃ ᠤᠴᠢᠷ ᠨᠢ ᠲᠣᠭ᠎ᠠ  ᠢᠢ ᠵᠦᠪᠬᠡᠨ ᠲᠤᠬᠠᠢ  ᠶᠢᠨ ᠬᠣᠶᠠᠷ ᠠᠩᠬᠠᠨ  ᠤ ᠲᠣᠭ᠎ᠠ  ᠶᠢ ᠠᠰᠢᠭᠯᠠᠨ ᠭᠠᠷᠭᠠᠵᠤ ᠠᠪᠤᠬᠤ ᠪᠣᠯᠣᠮᠵᠢᠲᠠᠢ ᠶᠤᠮ᠃ ᠡᠨᠡ ᠨᠢ ᠬᠢᠬᠦ  ᠳᠤ ᠠᠮᠤᠷᠬᠠᠨ ᠪᠣᠯᠤᠪᠴᠢ ᠪᠤᠴᠠᠭᠠᠬᠤ  ᠳᠤᠷ ᠮᠠᠰᠢ ᠬᠡᠴᠡᠭᠦᠦ᠂ ᠶᠡᠬᠡ ᠬᠤᠭᠠᠴᠠᠭ᠎ᠠ᠂ ᠲᠣᠭᠠᠴᠠᠯᠠᠬᠤ ᠬᠦᠴᠦ ᠱᠠᠭᠠᠷᠳᠠᠨ᠎ᠠ᠃ ᠲᠣᠭ᠎ᠠ  ᠶᠢ ᠣᠯᠬᠤ  ᠳᠤᠷ ᠣᠳᠤ  ᠶᠢᠨ ᠻᠣᠮᠫᠶᠦ᠋ᠲ᠋ᠧᠷ ᠮᠠᠰᠢ ᠶᠡᠬᠡ ᠬᠤᠭᠣᠴᠠᠭ᠎ᠠ  ᠶᠢ ᠵᠠᠷᠤᠴᠠᠭᠤᠯᠬᠤ ᠪᠣᠯ ᠻᠸᠠᠨ᠍ᠲ᠋ᠤᠮ ᠻᠣᠮᠫᠶᠦ᠋ᠲ᠋ᠧᠷ  ᠬᠡᠳᠦᠬᠡᠨ ᠬᠣᠷᠤᠮ  ᠤᠨ ᠲᠣᠲᠤᠷ᠎ᠠ ᠣᠯᠤᠨ᠎ᠠ᠃ ᠵᠢᠱᠢᠢ᠎ᠡ ᠨᠢ ᠻᠸᠠᠨ᠍ᠲ᠋ᠤᠮ ᠻᠣᠮᠫᠶᠦ᠋ᠲ᠋ᠧᠷ n ᠵᠦᠢᠯ ᠬᠠᠢᠢᠬᠤ ᠦᠢᠯᠳᠡᠯ  ᠢ ᠣᠳᠤ  ᠶᠢᠨ ᠻᠣᠮᠫᠶᠦ᠋ᠲ᠋ᠧᠷ √n ᠦᠢᠯᠡᠳᠤᠯ ᠬᠢᠬᠦ ᠬᠤᠷᠳᠤ ᠪᠠᠷ ᠬᠢᠳᠡᠭ ᠪᠠᠢᠢᠨ᠎ᠠ᠃ ᠪᠢᠳᠡᠨ  ᠤ ᠻᠣᠮᠫᠶᠦ᠋ᠲ᠋ᠧᠷ  ᠤᠨ 100 ᠵᠢᠯ ᠲᠠᠢᠢᠯᠠᠬᠤ ᠻᠣᠳ᠋  ᠢ ᠬᠡᠳᠦᠬᠡᠨ ᠡᠳᠦᠷ ᠲᠤᠷ ᠲᠠᠢᠢᠯᠵᠤ ᠴᠢᠳᠠᠨ᠎ᠠ᠃ ᠭᠡᠪᠴᠢ ᠣᠳᠤ ᠪᠠᠷ ᠪᠢᠳᠡ ᠻᠸᠠᠨ᠍ᠲ᠋ᠤᠮ ᠻᠣᠮᠫᠶᠦ᠋ᠲ᠋ᠧᠷ  ᠢ ᠬᠡᠷᠡᠭᠯᠡᠭᠡᠨ  ᠳᠤᠷ ᠠᠰᠢᠭᠯᠠᠬᠤ ᠡᠴᠡ ᠬᠣᠯ ᠪᠠᠢᠢᠨ᠎ᠠ᠃

ᠣᠳᠤ ᠪᠢᠳᠡᠨ  ᠳᠤᠷ ᠪᠤᠢ ᠻᠸᠠᠨ᠍ᠲ᠋ᠤᠮ ᠻᠣᠮᠫᠦᠢ᠋ᠲ᠋ᠧᠷ

ᠰᠢᠻᠠᠮᠣᠷ ᠻᠣᠮᠫᠶᠦ᠋ᠲ᠋ᠧᠷ  ᠤᠨ ᠫᠷᠥᠴᠧᠰᠰᠣᠷ᠂ © ᠡᠷᠢᠻ ᠯᠦ᠋ᠻᠧᠷᠣ᠋
ᠳᠡᠯᠡᠬᠡᠢ   ᠶᠢᠨ ᠬᠠᠮᠤᠭ  ᠤᠨ ᠬᠦᠴᠦᠷᠬᠡᠭ ᠻᠸᠠᠨ᠍ᠲ᠋ᠤᠮ ᠻᠣᠮᠫᠶᠦ᠋ᠲ᠋ᠧᠷ ᠪᠣᠯ ᠭᠦ᠋ᠦ᠋ᠭ᠌ᠯ  ᠤᠨ ᠵᠣᠬᠢᠶᠠᠭᠰᠠᠨ ᠰᠢᠻᠠᠮᠣᠷ ᠶᠤᠮ᠃ ᠲᠡᠳᠡ ᠡᠨᠡᠬᠦ 53 ᠻᠶᠦ᠋ᠪᠢᠲ ᠲᠡᠢ ᠻᠸᠠᠨ᠍ᠲ᠋ᠤᠮ ᠻᠣᠮᠫᠶᠦ᠋ᠲ᠋ᠧᠷ  ᠶᠢᠠᠷ  ᠶᠢᠠᠨ ᠡᠩ  ᠤᠨ ᠻᠣᠮᠫᠶᠦ᠋ᠲ᠋ᠧᠷ 10000 ᠵᠢᠯ ᠬᠢᠬᠦ ᠲᠣᠭᠠᠴᠠᠯᠠᠯ  ᠢ 200 ᠣᠷᠴᠢᠮ ᠰᠧᠻᠦ᠋ᠨ᠍ᠳ᠋ ᠲᠤᠷ ᠬᠢᠭᠰᠡᠨ ᠪᠠᠢᠢᠨ᠎ᠠ᠃ ᠡᠨᠡ ᠨᠢ 1.5 ᠲᠷᠢᠯᠯᠢᠣᠨ ᠳᠠᠬᠢᠨ ᠶᠡᠬᠡ ᠬᠤᠷᠳᠤ ᠶᠤᠮ᠃

ᠡᠬᠡ ᠰᠤᠷᠪᠠᠯᠵᠢ ᠨᠤᠭᠤᠳ

Live Science - Google's Quantum Computer Just Aced an 'Impossible' Test

Wikipedia - Quantum Computing