ᠴᠥᠮ ᠊ᠡ᠋ ᠊ᠢᠢᠨ ᠬᠥᠳᠡᠯᠭᠡᠭᠦᠷᠲᠦ ᠫᠤᠤᠵᠢᠩ
ᠴᠥᠮ ᠡ᠋ ᠢᠢᠨ ᠬᠥᠳᠡᠯᠭᠡᠭᠦᠷᠲᠦ ᠫᠤᠤᠵᠢᠩ
ᠲᠡᠢᠢᠷᠦᠯᠲᠡᠲᠦ ᠬᠥᠳᠡᠯᠭᠡᠭᠦᠷ ᠦᠨ ᠲᠡᠢᠢᠷᠦᠯᠲᠡ ᠢᠢᠨ ᠬᠦᠴᠦ ᠴᠣᠷᠭᠤ ᠪᠠᠷ ᠰᠢᠬᠠᠭᠳᠠᠨ ᠭᠠᠷᠬᠤ [[ᠠᠵᠢᠯ ᠤᠨ ᠪᠡᠶ ᠡ᠋]] ᠢᠢᠨ ᠬᠤᠷᠳᠤ ᠬᠠᠮᠢᠶᠠᠷᠳᠠᠭ᠃
ᠲᠧᠮᠫᠧᠷᠠᠲ᠋ᠦ᠋ᠷ ᠢ ᠨᠡᠮᠡᠭᠳᠡᠭᠦᠯᠦᠭᠰᠡᠨ ᠢᠢᠡᠷ ᠮᠣᠯᠧᠻᠦ᠋ᠯ ᠤᠳ ᠤᠨ ᠧᠨᠧᠷᠭᠢ ᠢᠢ᠂ ᠥᠭᠡᠷ ᠡ᠋ ᠪᠡᠷ ᠬᠡᠯᠡᠪᠡᠯ ᠬᠤᠷᠳᠤ ᠢᠢ ᠨᠡᠮᠡᠭᠳᠡᠭᠦᠯᠵᠦ ᠪᠣᠯᠤᠨ ᠠ᠋᠃
ᠮᠣᠯᠧᠻᠦ᠋ᠯ ᠨᠢ ᠬᠥᠩᠭᠡᠨ ᠲᠤᠰᠠᠮ ᠠᠳᠠᠯᠢ ᠧᠨᠡᠷᠭᠢ ᠢᠢᠨ ᠲᠦᠪᠰᠢᠨ ᠳᠤ ᠲᠡᠳᠡᠭᠡᠷ ᠦᠨ ᠬᠤᠷᠳᠤ ᠢᠯᠡᠭᠦᠦ ᠥᠨᠳᠡᠷ ᠪᠠᠢᠢᠨ ᠠ᠋᠃
ᠬᠥᠩᠭᠡᠨ ᠤᠰᠤ ᠲᠥᠷᠦᠭᠴᠢ ᠢᠢ ᠥᠨᠳᠦᠷ ᠬᠠᠯᠠᠭᠠᠵᠤ ᠴᠢᠳᠠᠬᠤ ᠴᠥᠮ ᠡ᠋ ᠢᠢᠨ ᠫᠤᠤᠵᠢᠩ ᠤᠨ ᠬᠥᠳᠡᠯᠭᠡᠭᠦᠷ ᠰᠢᠲᠠᠯᠲᠠ ᠢᠢᠨ ᠪᠦᠲᠦᠭᠡᠭᠳᠡᠬᠦᠨ ᠦ ᠮᠠᠰᠰ ᠥᠨᠳᠦᠷ ᠲᠡᠢ ᠬᠢᠮᠢ ᠢᠢ ᠬᠥᠳᠡᠯᠭᠡᠭᠦᠷ ᠡᠴᠡ ᠡᠨᠡ ᠲᠠᠯ ᠠ᠋ ᠪᠠᠷ ᠶᠡᠬᠡᠬᠡᠨ ᠳᠠᠪᠠᠭᠤ ᠲᠠᠢ᠃[1]
ᠠᠲ᠋ᠣᠮ ᠤᠨ ᠬᠥᠳᠡᠯᠭᠡᠭᠦᠷ
ᠲᠠᠨ ᠤ ᠪᠢᠴᠢᠪᠦᠷᠢ
ᠬᠠᠯᠠᠭᠤᠨ ᠴᠥᠮ ᠡ᠋ ᠢᠢᠨ ᠬᠥᠳᠡᠯᠭᠡᠭᠦᠷ
|
ᠴᠥᠮ ᠡ᠋ ᠢᠢᠨ ᠨᠢᠭᠡᠳᠬᠦ ᠤᠷᠪᠠᠯ ᠤᠨ ᠲᠡᠢᠢᠷᠦᠯᠲᠡᠲᠡᠦ ᠬᠥᠳᠡᠯᠭᠡᠭᠦᠷ ᠢᠨᠦ ᠰᠣᠷᠤᠨᠴᠢᠨ ᠬᠠᠰᠢᠶᠠᠰᠤ᠂ ᠷᠠᠳᠢᠣ᠋ ᠳᠣᠯᠭᠶᠠᠨ ᠬᠠᠯᠠᠭᠠᠯᠲᠠ ᠢᠢᠨ ᠰᠢᠰᠲ᠋ᠧᠮ᠂ ᠾᠧᠯᠢ-3 (He-3) ᠪᠠ ᠳ᠋ᠧᠦ᠋ᠲ᠋ᠧᠷᠢdeuterium (D) ᠲᠦᠯᠡᠰᠢ ᠠᠰᠢᠭᠯᠠᠨ ᠠ᠋᠃ ᠢᠢᠮᠦ ᠬᠥᠳᠡᠯᠭᠡᠭᠦᠷ ᠥᠨᠳᠦᠷ ᠬᠤᠪᠢ ᠢᠢᠨ ᠢᠮᠫᠦ᠋ᠯᠰ ᠪᠣᠯᠤᠨ ᠬᠤᠪᠢᠰᠠᠭᠴᠢ ᠲᠡᠢᠢᠷᠦᠯᠲᠡ ᠡᠭᠦᠰᠬᠡᠨ ᠡ᠋᠃[2]
ᠴᠠᠬᠢᠯᠭᠠᠨ ᠴᠡᠨᠡᠭᠲᠦ ᠪᠥᠭᠡᠮᠰ ᠪᠣᠯᠬᠤ ᠧᠯᠧᠻᠲ᠋ᠷᠣᠨelectron᠂ ᠢᠣᠨ᠍ ᠨᠤᠭᠤᠳ ᠡᠴᠡ ᠪᠦᠷᠢᠳᠳᠡᠭ ᠬᠠᠯᠠᠭᠤᠨ ᠫ᠊ᠯᠠᠰᠮᠠplasma ᠳ᠋ᠠᠬᠢ ᠠᠲᠣᠮ ᠤᠨ ᠴᠥᠮ ᠡ᠋ ᠨᠤᠭᠦᠳ ᠨᠢᠭᠡᠳᠬᠦ ᠤᠷᠪᠠᠯ ᠶᠠᠪᠤᠭᠳᠠᠵᠤ᠂ ᠴᠠᠭᠯᠠᠰᠢ ᠦᠭᠡᠢ ᠶᠡᠬᠡ ᠧᠨᠧᠷᠭᠢ ᠢᠯᠭᠠᠷᠠᠭᠤᠯᠳᠠᠭ᠃
ᠬᠠᠯᠠᠭᠤᠨ ᠴᠥᠮ ᠡ᠋ ᠶ᠋ᠢᠨ ᠤᠷᠪᠠᠯ ᠤᠨ ᠬᠥᠳᠡᠯᠭᠡᠭᠦᠷ ᠲᠦ ᠫ᠊ᠯᠠᠰᠮᠠ ᠢᠢ ᠴᠠᠬᠢᠯᠭᠠᠨ ᠰᠣᠷᠢᠨᠵᠢᠨ ᠣᠷᠢᠶᠠᠮᠠᠭ ᠳᠣᠲᠤᠷᠠᠬᠢ ᠴᠠᠭᠠᠷᠢᠭ ᠬᠡᠯᠪᠡᠷᠢ ᠢᠢᠨ ᠰᠣᠷᠢᠨᠵᠢᠨ ᠣᠷᠤᠨ ᠢᠢᠠᠷ ᠬᠠᠰᠢᠵᠤ᠂ ᠡᠷᠭᠢᠯᠳᠡᠬᠦ ᠰᠣᠷᠢᠨᠵᠢᠨ ᠣᠷᠤᠨ ᠳ᠋ᠤ ᠴᠥᠮ ᠡ᠋ ᠢᠢᠨ ᠨᠢᠭᠡᠳᠬᠦ ᠤᠷᠪᠠᠯ ᠡᠳᠦᠭᠡᠬᠦ ᠬᠡᠮᠵᠢᠶᠡᠨ ᠦ ᠲᠧᠮᠫᠧᠷᠠᠲ᠋ᠦ᠋ᠷ ᠲᠤ ᠬᠦᠷᠲᠡᠯ ᠡ᠋ ᠬᠠᠯᠠᠭᠠᠳᠠᠭ᠃[2]
ᠫ᠊ᠯᠠᠰᠮᠠ ᠡᠴᠡ ᠰᠠᠴᠤᠷᠠᠬᠤ ᠰᠢᠨᠻᠷᠣᠲ᠋ᠷᠣᠨsynchrotron ᠰᠠᠴᠤᠷᠠᠭ ᠢ ᠬᠥᠯᠭᠡ ᠢᠢᠨ ᠬᠣᠯᠪᠤᠭ ᠠ᠋᠂ ᠳᠣᠲᠤᠭᠠᠳᠤ ᠬᠡᠷᠡᠭᠴᠡᠭᠡ᠂ ᠫ᠊ᠯᠠᠰᠮᠠ ᠢᠢᠨ ᠬᠠᠯᠠᠭᠤᠨ ᠢ ᠬᠠᠳᠠᠭᠠᠯᠠᠬᠤ ᠵᠡᠷᠭᠡ ᠳ᠋ᠦ ᠠᠰᠢᠭᠯᠠᠨ ᠠ᠋᠃[3]
ᠢᠢᠮᠦ ᠬᠢᠴᠡ ᠳᠦ ᠷᠠᠳᠢᠥ᠋ ᠳᠣᠯᠭᠢᠶᠠᠨ ᠨᠤᠭᠤᠳ (RF) ᠠᠰᠢᠭᠯᠠᠨ ᠫ᠊ᠯᠠᠰᠮᠠ ᠢᠢ ᠬᠠᠯᠠᠭᠠᠳᠠᠭ᠃[4]
ᠬᠠᠯᠠᠭᠤᠨ ᠴᠥᠮ ᠡ᠋ ᠢᠢᠨ ᠤᠷᠪᠠᠯ ᠤᠨ ᠪᠦᠲᠦᠭᠡᠭᠳᠡᠬᠦᠨ ᠢᠨᠦ ᠬᠥᠳᠡᠯᠭᠡᠭᠦᠷ ᠦᠨ ᠴᠣᠷᠭᠤ ᠪᠠᠷ ᠭᠠᠷᠴᠤ᠂ ᠲᠡᠢᠢᠷᠦᠯᠲᠡ ᠡᠭᠦᠰᠬᠡᠨ ᠡ᠋᠃
ᠫᠤᠤᠵᠢᠩ ᠲᠡᠢᠢᠷᠦᠯᠲᠡ ᠢᠢᠨ ᠰᠢᠰᠲ᠋ᠧᠮ ᠦᠨ ᠣᠯᠠᠨ ᠬᠤᠪᠢᠯᠪᠤᠷᠢ ᠨᠤᠭᠤᠳ᠂ ᠲᠤᠬᠠᠢᠢᠯᠠᠪᠠᠯ ᠢᠤᠨ ion ᠲᠡᠢᠢᠷᠦᠯᠲᠡᠲᠦ ᠬᠥᠳᠡᠯᠭᠡᠭᠦᠷ ᠴᠠᠬᠢᠯᠭᠠᠨ ᠤ ᠡᠬᠢ ᠠᠭᠦᠰᠪᠦᠷᠢ ᠱᠠᠭᠠᠷᠳᠠᠭᠳᠠᠳᠠᠭ᠃ ᠢᠢᠮᠦ ᠬᠥᠳᠡᠯᠭᠡᠭᠦᠷ ᠦᠨ ᠲᠡᠢᠢᠷᠦᠯᠲᠡ ᠢᠢᠨ ᠬᠦᠴᠦ ᠨᠢ ᠴᠠᠬᠢᠯᠭᠠᠨ ᠡᠭᠦᠭᠡᠭᠦᠷ ᠦᠨ ᠴᠢᠳᠠᠯ ᠢᠢᠠᠷ ᠬᠢᠵᠠᠭᠠᠷᠯᠠᠭᠳᠠᠳᠠᠭ᠃ ᠲᠡᠢᠢᠮᠦ ᠡᠴᠡ ᠴᠠᠬᠢᠯᠭᠠᠨ ᠤ ᠡᠭᠦᠰᠪᠦᠷᠢ ᠬᠠᠯᠠᠭᠤᠨ ᠴᠥᠮ ᠡ᠋ ᠌ᠶ᠋ᠢᠨ ᠤᠷᠪᠠᠯ ᠪᠠᠠᠢᠵᠤ ᠪᠣᠯᠬᠤ ᠠᠵᠡᠢ᠃ ᠤᠷᠪᠠᠯ ᠢᠢᠠᠷ ᠡᠭᠦᠰᠬᠦ ᠠᠰᠠᠷ ᠠ᠋ ᠥᠨᠳᠦᠷ ᠳᠤᠯᠠᠭᠤᠨ ᠢ ᠰᠢᠩᠭᠡᠭᠡᠭᠴᠢ ᠬᠡᠷᠡᠭᠲᠡᠢ ᠲᠤᠯᠠ ᠵᠢᠩ ᠡᠷᠰᠦ ᠨᠡᠮᠡᠭᠳᠡᠬᠦ ᠰᠤᠯᠠ ᠲᠠᠯ ᠠ᠋ ᠲᠠᠢ᠃
ᠴᠥᠮ ᠡ᠋ ᠡᠷᠴᠢᠮ ᠬᠦᠴᠦ ᠢᠢ ᠰᠢᠭᠤᠳ ᠲᠡᠢᠢᠷᠦᠯᠲᠡ ᠢᠢᠨ ᠬᠦᠴᠦ ᠪᠣᠯᠭᠠᠨ ᠠᠰᠢᠭᠯᠠᠬᠤ ᠬᠡᠳᠦ ᠬᠡᠳᠦᠨ ᠠᠷᠭ ᠠ᠋ ᠪᠣᠯᠪᠠᠰᠤᠷᠠᠭᠤᠯᠤᠭᠳᠠᠵᠤ ᠪᠠᠢᠢᠨ ᠠ᠋᠃
ᠡᠬᠢ ᠰᠤᠷᠪᠤᠯᠵᠢ
- ↑ https://www.popmech.ru/technologies/13946-zvezdnye-korabli Популярная механика. Игорь Егоров. Термоядерные ракетные двигатели: будущее космонавтики? ᠬᠠᠨᠳᠤᠭᠰᠠᠨ 2021/01/05
- ↑ 2.0 2.1 https://arc.aiaa.org/doi/abs/10.2514/6.2018-4769 Stephanie J. Thomas, Michael Paluszek, Samuel A. Cohen, Alexander Glasser. Nuclear and Future Flight Propulsion - Modeling the Thrust of the Direct Fusion Drive. 2018. ᠬᠠᠨᠳᠤᠭᠰᠠᠨ 2021/01/10
- ↑ https://www.sciencedirect.com/science/article/abs/pii/S0094576514003154 Yosef S.Razin, Gary Pajer, Mary Breton, Eric Ham, Joseph Mueller, Michael Paluszek, Alan H.Glasser, Samuel A. Cohen. Acta Astronautica. A direct fusion drive for rocket propulsion. 2014. ᠬᠠᠨᠳᠤᠭᠰᠠᠨ 2021/12/10
- ↑ https://www.psatellite.com/direct-fusion-drive-quad-chart/ Direct Fusion Drive for Solar System Exploration. 2015. ᠬᠠᠨᠳᠤᠭᠰᠠᠨ 2021/01/10