ᠺᠣᠮᠫ᠊ᠯᠧᠺᠰ ᠲᠣᠭ ᠠ

Wikibilig-с
20:07, 10 Есдүгээр сар 2021-ий байдлаарх Angka (яриа | оруулсан хувь нэмэр) хэрэглэгчийн хийсэн залруулга

ᠺᠣᠮᠫ᠊ᠯᠧᠺᠰcomplex ᠲᠣᠭ᠎ ‍ᠠ᠋ ᠨᠢ ᠪᠣᠳᠠᠲᠤ ᠲᠣᠭ᠎ ‍᠋ᠠ᠋ ‍ᠢᠢᠨ ᠣᠯᠠᠨᠯᠢᠭ ‍ᠢ ᠥᠷᠭᠡᠵᠢᠯᠦᠯᠵᠦ᠂ ᠲᠡᠭᠰᠢᠳᠬᠡᠯ ‍ᠢ ᠰᠢᠢᠳᠦᠯ ᠲᠡᠢ ᠪᠣᠯᠭᠠᠭᠰᠠᠨ ᠣᠯᠠᠨᠯᠢᠭ ᠶᠤᠮ᠃

ᠺᠣᠮᠫ᠊ᠯᠧᠺᠰ ᠲᠣᠭ᠎ ‍ᠠ᠋ ‍ᠢᠢ a + bi ᠬᠡᠯᠪᠡᠷᠢ ᠪᠡᠷ ᠢᠯᠡᠷᠡᠬᠡᠢᠢᠯᠡᠵᠦ ᠪᠣᠯᠬᠤ ᠪᠡ ᠡᠭᠦᠨ ᠳᠦ ᠨᠢ a ᠪᠣᠯᠤᠨ b ᠨᠢ ᠪᠣᠳᠠᠲᠤ ᠲᠣᠭ᠎ ‍ᠠ᠋᠂ i ᠨᠢ ᠬᠠᠭᠤᠷᠮᠠᠭ ᠨᠢᠭᠡᠴᠡ ᠪᠢᠭᠡᠳ i2 = −1 ᠲᠡᠭᠰᠢᠳᠬᠡᠯ ‍ᠦᠨ ᠰᠢᠢᠳᠦᠯ ‍ᠢ ᠬᠠᠩᠭᠤᠭᠰᠠᠨ ᠤᠳᠬ ‍ᠠ᠋ ᠲᠠᠢ ᠪᠠᠢᠢᠨ᠎ ‍ᠠ᠋᠃


ᠳᠦᠷᠰᠦᠯᠡᠯ

ᠺᠣᠮᠫ᠊ᠯᠧᠺᠰ ᠲᠣᠭ᠎ᠠ ‍ᠢᠢᠨ ᠬᠠᠪᠲᠠᠭᠠᠢ ᠨᠢ ᠬᠡᠪᠲᠡᠭᠡ ᠲᠡᠩᠬᠡᠯᠢᠭ ᠪᠠ ᠪᠣᠰᠤᠭ᠎ ‍ᠠ᠋ ᠲᠡᠩᠬᠡᠯᠢᠭ ᠡᠴᠡ ᠪᠦᠷᠢᠳᠦᠳᠡᠭ᠃

ᠬᠠᠭᠤᠷᠮᠠᠬ ᠲᠣᠭ᠎ ‍ᠠ᠋ ‍ ‍ᠢᠢᠨ ᠣᠯᠠᠨᠯᠢᠭ ᠪᠣᠰᠤᠭ᠎ ‍ᠠ᠋ ᠲᠡᠩᠬᠡᠯᠢᠭ ᠲᠦ ᠪᠠᠢᠢᠷᠢᠰᠢᠳᠠᠭ᠃

ᠬᠡᠪᠲᠡᠭᠡ ᠲᠡᠩᠬᠡᠯᠢᠭ ᠲᠦ ᠪᠣᠳᠠᠲᠤ ᠲᠣᠭ᠎ ‍ᠠ᠋ ‍ᠢᠢ ᠪᠠᠢᠢᠷᠢᠰᠢᠭᠤᠯᠳᠠᠭ᠃


ᠺᠣᠮᠫᠯᠧᠺᠰ ᠬᠠᠪᠲᠠᠭᠠᠶ ‍ᠢᠢ ᠲᠥᠯᠦᠭᠡᠯᠡᠵᠦ ᠪᠤᠶ ᠠᠷᠭᠠᠨ᠋ᠳ᠋ ‍ᠤᠨArgand ᠳᠢᠶᠠᠭ᠋ᠷᠠᠮ ᠳᠡᠭᠡᠷ ‍ᠡ᠋ ᠺᠣᠮᠫᠯᠧᠺᠰ ᠲᠣᠭ᠎ ‍ᠠ᠋ ‍ᠢᠢ ᠸᠧᠺᠲ᠋ᠣᠷvector ᠡᠭᠦᠰᠬᠡᠵᠦ ᠪᠤᠶ ᠬᠣᠣᠰ ᠲᠣᠭ᠎ ‍ᠠ᠋ ᠪᠠᠷ (a, b) ᠳᠦᠷᠰᠦᠯᠡᠨ ᠦᠵᠡᠭᠦᠯᠵᠦ ᠪᠣᠯᠤᠨ᠎ ‍ᠠ᠋᠃

ᠡᠭᠦᠨ ᠳ᠋ᠦ:
Re ᠢᠨᠦ ᠪᠣᠳᠠᠲᠤ ᠲᠣᠭᠠᠨ ‍ᠤ ᠲᠡᠩᠬᠡᠯᠢᠭ᠂
Im ᠢᠨᠦ ᠬᠠᠭᠤᠷᠮᠠᠭ ᠲᠣᠭ᠎ ‍ᠠ᠋ ‍ᠢᠢᠨ ᠲᠡᠩᠬᠡᠯᠢᠭ ᠪᠣᠯᠬᠤ ᠠᠭᠠᠳ
i ᠢᠨᠦ i2 = −1 ᠲᠡᠭᠰᠢᠳᠬᠡᠯ ᠳ᠋ᠦ ᠬᠠᠷᠠᠭᠠᠯᠵᠠᠬᠤ ᠬᠠᠭᠤᠷᠮᠠᠭ ᠨᠢᠭᠡᠴᠡ ᠮᠥᠨ᠃



ᠦᠢᠯᠡᠳᠦᠯ

ᠨᠡᠮᠡᠬᠦ

ᠬᠣᠶᠠᠷ ᠺᠣᠮᠫᠯᠧᠺᠰ ᠲᠣᠭ᠎‍ᠠ᠋ ‍ᠢᠢ ᠨᠡᠮᠡᠬᠦ ᠳ᠋ᠦ ᠪᠡᠨ ᠪᠣᠳᠠᠲᠤ ᠬᠡᠰᠡᠭ ‍ᠦᠳ ‍ᠢ ᠬᠣᠭᠤᠷᠤᠨᠳᠤ ᠨᠢ ᠨᠡᠮᠡᠵᠦ᠂ ᠬᠠᠭᠤᠷᠮᠠᠭ ᠬᠡᠰᠡᠭ ‍ᠦᠳ ‍ᠢ ᠬᠣᠭᠤᠷᠤᠨᠳᠤ ᠨᠢ ᠨᠡᠮᠡᠨ᠎ ‍ᠡ᠋᠃[1]




ᠬᠠᠰᠤᠬᠤ

ᠨᠢᠭᠡ ᠺᠣᠮᠫᠯᠧᠺᠰ ᠲᠣᠭ᠎‍ᠠ᠋ ᠡᠴᠡ ᠨᠥᠭᠦᠳᠡ ᠺᠣᠮᠫᠯᠧᠺᠰ ᠲᠣᠭ᠎ᠠ ‍ᠢᠢ ᠬᠠᠰᠠᠬᠤ ᠳ᠋ᠦ ᠪᠡᠨ ᠪᠣᠳᠠᠲᠤ ᠬᠡᠰᠡᠭ ᠪᠠ ᠬᠠᠭᠤᠷᠮᠠᠭ ᠬᠡᠰᠡᠭ ‍ᠦᠳ ‍ᠢ ᠲᠤᠰ ᠪᠦᠷᠢ ᠬᠠᠰᠤᠶᠤ᠃[1]



ᠦᠷᠡᠵᠢᠬᠦ

ᠺᠣᠮᠫᠯᠧᠺᠰ ᠲᠣᠭ᠎‍ᠠ᠋ ‍ᠢᠢ ᠦᠷᠡᠵᠢᠭᠦᠯᠬᠦ ᠳ᠋ᠦ ᠦᠷᠡᠵᠢᠭᠦᠯᠬᠦ ᠦᠢᠯᠡᠳᠦᠯ ‍ᠦᠨ ᠰᠡᠯᠭᠦᠬᠦ (commutative)᠂ ᠪᠦᠯᠦᠭᠯᠡᠬᠦ (associatove)᠂ ᠵᠠᠳᠠᠯᠬᠤ (distributive) ᠴᠢᠨᠠᠷ ‍ᠤᠳ ᠦᠢᠯᠡᠴᠢᠯᠡᠳᠡᠭ ᠃[2]



ᠬᠤᠪᠢᠶᠠᠬᠤ

ᠺᠣᠮᠫᠯᠧᠺᠰ ᠲᠣᠭᠠᠨ ‍ᠳᠤ ᠦᠢᠯᠡᠳᠦᠯ ᠭᠦᠢᠴᠡᠳᠬᠡᠬᠦ ᠳ᠋ᠦ ᠪᠡᠨ ᠬᠤᠪᠢᠶᠠᠭᠴᠢ ‍ᠢᠢᠨ ᠬᠣᠣᠰᠮᠠᠭ ᠲᠣᠭ᠎‍ᠠ᠋ ‍ᠢᠢ ᠠᠰᠢᠭᠯᠠᠳᠠᠭ᠃ ᠬᠤᠪᠢᠶᠠᠷᠢ ‍ᠢᠢᠨ ᠬᠣᠣᠰᠮᠠᠭ ‍ᠢᠢᠠᠷ ᠬᠦᠷᠲᠡᠪᠦᠷᠢ ᠪᠠ ᠬᠤᠪᠢᠶᠠᠷᠢ ‍ᠢᠢ ᠦᠷᠡᠵᠢᠭᠦᠯᠳᠡᠭ᠃



ᠻᠸᠠᠲᠷᠠᠲ ᠵᠡᠷᠭᠡ

ᠺᠣᠮᠫᠯᠧᠺᠰ ᠲᠣᠭ᠎‍ᠠ᠋ ‍ᠢᠢ ᠻᠸᠠᠲᠷᠠᠲquadrate ᠵᠡᠷᠭᠡ ᠳ᠋ᠦ ᠳᠡᠪᠰᠢᠭᠦᠯᠬᠦ ᠳ᠋ᠦ ᠪᠡᠨ ᠥᠪᠡᠷ ‍ᠢ ᠢᠨᠦ ᠥᠪᠡᠷ ᠲᠦ ᠢᠨᠦ ᠦᠷᠡᠵᠢᠭᠦᠯᠦᠨ᠎‍ᠡ᠋᠃[3]



ᠻᠸᠠᠲᠷᠠᠲ ᠢᠵᠠᠭᠤᠷ

ᠺᠣᠮᠫᠯᠧᠺᠰ ᠲᠣᠭ᠎ᠠ a + bi (b ≠ 0) ‍ᠢᠢᠨ ᠻᠸᠠᠲᠷᠠᠲ ᠢᠵᠠᠭᠤᠷ ᠠᠨᠤ ᠪᠠᠢᠢᠬᠤ ᠠᠭᠠᠳ ᠡᠭᠦᠨ ᠳ᠋ᠦ᠄ ᠪᠠ ᠪᠣᠯᠤᠮᠤᠢ᠃ sgn b ᠭᠡᠭᠴᠢ ᠢᠨᠦ ᠭᠡᠵᠦ ᠲᠠᠢᠢᠯᠠᠭᠳᠠᠨ᠎ᠠ᠃

ᠡᠭᠦᠨ ‍ᠢ ᠪᠠᠲᠤᠯᠠᠬᠤ ‍ᠢᠢ ᠲᠤᠬᠠᠢᠢᠲᠠ ᠳ᠋ᠤ ᠲᠣᠭ᠎ᠠ ‍ᠢᠢ ᠻᠸᠠᠲᠷᠠᠲ ᠵᠡᠷᠭᠡ ᠳ᠋ᠦ ᠳᠡᠪᠰᠢᠭᠦᠯᠵᠦ a + bi ᠲᠣᠭ᠎ᠠ ‍ᠢᠢ ᠭᠠᠷᠭᠠᠵᠤ ᠢᠷᠡᠬᠦ ᠶᠣᠰᠤᠲᠠᠢ᠃


ᠬᠡᠷᠡᠭᠯᠡᠭᠡ

ᠨᠡᠷ ‍ᠡ᠋ ᠲᠣᠮᠢᠶᠠᠯᠠᠯ

ᠡᠬᠢ ᠰᠤᠷᠪᠤᠯᠵᠢ

  1. 1.0 1.1 ᠰᠡᠷᠳᠠᠮᠪᠠ ᠪᠥᠬᠡᠪᠠᠲᠤ᠃ ᠺᠣᠮᠫᠯᠧᠺᠰ ᠲᠣᠭ᠎ᠠ᠃ Geogebra. https://www.geogebra.org/m/CwryWtd9?fbclid=IwAR0i1VN-HH5hegFJoWMjgCM9si7zH7x9hHDuEbU6iROuW3gbqIAeMGngvAs#material/nLiRDrsU ᠬᠠᠨᠳᠤᠭᠰᠠᠨ 2021/08/17
  2. Виленкин Н. Я., Ивашов-Мусатов О. С., Шварцбурд С. И. Алгебра и математический анализ для 11 класса. Учебное пособие. — Изд. 6-е. — М.: Просвещение, 1998. — 288 с. — ISBN 5-09-008036-4.
  3. Math is Fun. https://www.mathsisfun.com/algebra/complex-number-multiply.html ᠬᠠᠨᠳᠤᠭᠰᠠᠨ 2021/09 01