ᠡᠭᠦᠯᠡ
ᠡᠭᠦᠯᠡ ᠭᠡᠳᠡᠭ ᠢᠨᠦ ᠢᠨ᠍ᠲ᠋ᠧᠷᠨᠧᠲ ᠬᠠᠨᠳᠤᠯᠲᠠ ᠲᠠᠢ ᠰᠧᠷᠸᠧᠷ ᠦᠳserver ᠪᠣᠯᠤᠨ ᠲᠡᠳᠡᠭᠡᠷ ᠰᠧᠷᠸᠧᠷ ᠳᠡᠭᠡᠷᠡᠬᠢ ᠫᠷᠣᠭ᠌ᠷᠠᠮprogram ᠬᠠᠩᠭᠠᠮᠵᠢ᠂ ᠮᠡᠳᠡᠭᠡᠯᠡᠯ ᠦᠨ ᠰᠠᠩ ᠤᠳ ᠶᠤᠮ᠃ ᠡᠭᠦᠯᠡᠨ ᠰᠧᠷᠸᠧᠷ ᠦᠳ ᠢᠨᠦ ᠳᠡᠯᠡᠬᠡᠢ ᠶᠢᠨ ᠥᠨᠴᠥᠭ ᠪᠤᠯᠤᠨ ᠪᠦᠷᠢ ᠳ᠋ᠡᠬᠢ ᠥᠭᠭᠥᠭᠳᠡᠯ ᠦᠨ ᠲᠥᠪ ᠦᠳ ᠲᠦ ᠪᠠᠶ᠋ᠢᠷᠢᠯᠠᠳᠠᠭ᠃ ᠡᠭᠦᠯᠡᠨ ᠦᠢᠯᠡᠴᠢᠯᠡᠭᠡ ᠬᠡᠷᠡᠭᠯᠡᠭᠴᠢᠳ ᠪᠣᠯᠤᠨ ᠻᠣᠮᠫᠠᠨᠢ ᠨᠤᠭᠤᠳ ᠥᠪᠡᠷᠰᠡᠳ ᠢᠢᠡᠨ ᠹᠢᠽᠢᠻ ᠰᠧᠷᠸᠧᠷ ᠡᠵᠡᠮᠰᠢᠬᠦ᠂ ᠥᠪᠡᠷᠰᠡᠳ ᠦᠨ ᠻᠣᠮᠫᠢᠶᠦ᠋ᠲ᠋ᠧᠷ ᠳᠡᠭᠡᠷ᠎ᠡ ᠫᠷᠣᠭ᠌ᠷᠠᠮ ᠬᠠᠩᠭᠠᠮᠵᠢ ᠰᠠᠭᠤᠯᠭᠠᠨ ᠠᠵᠢᠯᠯᠠᠭᠤᠯᠬᠤ ᠱᠠᠭᠠᠷᠳᠠᠯᠭ᠎ᠠ ᠦᠭᠡᠢ ᠪᠣᠯᠤᠨ᠎ᠠ᠃[1]
ᠡᠭᠦᠯᠡ ᠭᠡᠳᠡᠭ ᠨᠢ ᠰᠧᠷᠸᠧᠷ ᠦᠳ ᠦᠨ ᠳᠠᠶᠠᠩ ᠳᠡᠯᠡᠬᠡᠢ ᠶᠢᠨ ᠰᠦᠯᠵᠢᠶ᠎ᠡ ᠶᠢ ᠲᠣᠳᠣᠷᠬᠠᠶ᠋ᠢᠯᠠᠬᠤ ᠳᠤ ᠬᠡᠷᠡᠭᠯᠡᠳᠡᠭ ᠨᠡᠷ᠎ᠡ ᠲᠣᠮᠢᠶ᠎ᠠ ᠪᠥᠭᠡᠳ ᠲᠡᠳᠡᠭᠡᠷ ᠰᠧᠷᠸᠧᠷ ᠲᠤᠰ ᠪᠦᠷᠢ ᠢᠨᠦ ᠳᠠᠪᠲᠠᠭᠳᠠᠰᠢ ᠦᠭᠡᠢ ᠥᠪᠡᠷᠮᠢᠴᠡ ᠴᠢᠭ᠌ ᠡᠭᠦᠷᠭᠡ ᠲᠡᠢ ᠪᠠᠶ᠋ᠢᠨ᠎ᠠ᠃ ᠡᠭᠦᠯᠡ ᠨᠢ ᠪᠡᠶᠡᠲᠦ ᠵᠦᠢᠯ ᠪᠢᠰᠢ᠂ ᠬᠠᠷᠢᠨ ᠨᠢᠭᠡᠨ ᠴᠣᠭᠴᠠ ᠪᠣᠯᠵᠤ ᠠᠵᠢᠯᠯᠠᠬᠤ ᠵᠣᠷᠢᠯᠭ᠎ᠠ ᠲᠠᠢ ᠳᠡᠯᠡᠬᠡᠢ ᠳᠠᠶᠠᠭᠠᠷᠬᠢ ᠬᠣᠭᠣᠷᠣᠨᠳᠣ ᠪᠠᠨ ᠠᠯᠤᠰ ᠤᠷᠤᠰᠢᠬᠤ ᠰᠧᠷᠸᠧᠷ ᠦᠳ ᠦᠨ ᠠᠰᠠᠷ ᠥᠷᠭᠡᠨ ᠰᠦᠯᠵᠢᠶ᠎ᠡ ᠶᠤᠮ᠃ ᠡᠳᠡᠭᠡᠷ ᠰᠧᠷᠸᠧᠷ ᠦᠳ ᠨᠢ ᠥᠭᠭᠥᠭᠳᠡᠯ ᠬᠠᠳᠠᠭᠠᠯᠠᠬᠤ᠂ ᠤᠳᠤᠷᠢᠳᠬᠤ᠂ ᠫᠷᠣᠭ᠌ᠷᠠᠮ ᠬᠠᠩᠭᠠᠮᠵᠢ ᠠᠵᠢᠯᠯᠠᠭᠤᠯᠬᠤ᠂ ᠻᠣᠨᠲ᠋ᠧᠨ᠍ᠲcontent ᠬᠦᠷᠭᠡᠬᠦ᠂ ᠡᠰᠡᠪᠡᠯ ᠳᠦᠷᠰᠦ ᠪᠢᠴᠢᠯᠭᠡ ᠳᠠᠮᠵᠢᠭᠤᠯᠬᠤ᠂ ᠴᠠᠬᠢᠮ ᠰᠢᠤᠳᠠᠨ᠂ ᠣᠹᠹᠢᠰ ᠤᠨoffice ᠪᠦᠲᠦᠭᠡᠮᠵᠢᠲᠦ ᠫᠷᠣᠭ᠌ᠷᠠᠮ᠂ ᠣᠯᠠᠨ ᠨᠡᠶ᠋ᠢᠲᠡ ᠶᠢᠨ ᠮᠡᠳᠡᠭᠡᠯᠡᠯ ᠦᠨ ᠰᠦᠯᠵᠢᠶ᠎ᠡ ᠭᠡᠬᠦ ᠵᠡᠷᠭᠡ ᠦᠢᠯᠡᠴᠢᠯᠡᠭᠡ ᠪᠡᠷ ᠬᠠᠩᠭᠠᠬᠤ ᠵᠣᠷᠢᠭᠤᠯᠤᠯᠲᠠ ᠲᠠᠢ ᠪᠠᠶ᠋ᠢᠳᠠᠭ᠃ ᠬᠡᠷᠡᠭᠯᠡᠭᠴᠢ ᠨᠢ ᠳᠣᠲᠣᠭᠠᠳᠤ᠂ ᠡᠰᠡᠪᠡᠯ ᠬᠤᠪᠢ ᠢᠢᠨ ᠻᠣᠮᠫᠢᠶᠦ᠋ᠲ᠋ᠧᠷ ᠡᠴᠡ ᠹᠠᠶ᠋ᠢᠯfile᠂ ᠥᠭᠭᠥᠭᠳᠡᠯ ᠳᠦ ᠬᠠᠨᠳᠤᠬᠤ ᠶᠢᠨ ᠣᠷᠣᠨ ᠳᠤ ᠢᠨ᠍ᠲ᠋ᠧᠷᠨᠧᠲ ᠲᠦ ᠬᠣᠯᠪᠣᠭᠳᠠᠬᠤ ᠠᠯᠢᠮᠠᠳ ᠲᠥᠬᠥᠭᠡᠷᠦᠮᠵᠢ ᠡᠴᠡ ᠣᠨ᠍ᠯᠠᠶ᠋ᠢᠨ ᠢᠢᠠᠷonline ᠬᠠᠨᠳᠤᠬᠤ ᠠᠭᠠᠳ ᠱᠠᠭᠠᠷᠳᠠᠯᠭ᠎ᠠ ᠲᠠᠢ ᠮᠡᠳᠡᠭᠡᠯᠡᠯ ᠢᠢᠡᠨ ᠬᠠᠮᠢᠭ᠎ᠠ ᠴᠤ᠂ ᠬᠡᠵᠢᠶ᠎ᠡ ᠴᠤ ᠭᠠᠷᠭᠠᠵᠤ ᠠᠪᠬᠤ ᠪᠣᠯᠤᠮᠵᠢ ᠲᠠᠢ ᠪᠠᠶ᠋ᠢᠬᠤ ᠶᠤᠮ᠃[2]
ᠲᠡᠢᠢᠨ ᠪᠦᠲᠦᠴᠡ (architecture)
ᠡᠭᠦᠯᠡᠨ ᠦ ᠠᠷᠻᠢᠲ᠋ᠧᠻᠲ᠋ᠦ᠋ᠷ ᠭᠡᠳᠡᠭ ᠨᠢ ᠡᠭᠦᠯᠡᠨ ᠲᠧᠻᠨᠣᠯᠣᠭᠢ ᠶᠢᠨtechnology ᠠᠵᠢᠯᠯᠠᠭ᠎ᠠ ᠶᠢ ᠳᠡᠮᠵᠢᠬᠦ ᠦᠨᠳᠦᠰᠦᠨ ᠳᠡᠳ᠋ ᠪᠦᠲᠦᠴᠡ᠂ ᠪᠦᠷᠢᠯᠳᠦᠬᠦᠨ ᠬᠡᠰᠡᠭ ᠦᠳ ᠪᠣᠯᠬᠤ ᠥᠭᠭᠥᠭᠳᠡᠯ ᠦᠨ ᠲᠥᠪ ᠦᠨ ᠲᠧᠻᠨᠢᠭ ᠬᠠᠩᠭᠠᠮᠵᠢ᠂ ᠸᠢᠷᠲᠤᠠᠯᠴᠢᠯᠠᠯvirtualisation᠂ ᠬᠡᠷᠡᠭᠯᠡᠭᠦᠷ ᠦᠳ᠂ ᠦᠢᠯᠡᠴᠢᠯᠡᠭᠡᠨ ᠨᠤᠭᠦᠳ ᠢ ᠬᠡᠯᠡᠳᠡᠭ᠃[3]
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠨᠢ ᠦᠢᠯᠡᠴᠢᠯᠡᠭᠡᠨ ᠳᠦ ᠴᠢᠭᠯᠡᠭᠰᠡᠨ ᠠᠷᠻᠢᠲ᠋ᠧᠻᠲ᠋ᠦ᠋ᠷ ᠪᠠ ᠦᠢᠯᠡ ᠶᠠᠪᠤᠳᠠᠯ ᠳᠤ ᠬᠥᠲᠦᠯᠦᠭᠳᠡᠭᠰᠡᠨ ᠠᠷᠻᠢᠲ᠋ᠧᠻᠲ᠋ᠣᠷ ᠤᠨ ᠬᠣᠣᠰᠯᠠᠯ ᠶᠤᠮ᠃
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠢ ᠳᠠᠷᠠᠭᠠᠬᠢ ᠬᠣᠶᠠᠷ ᠬᠡᠰᠡᠭ ᠲᠦ ᠬᠤᠪᠢᠶᠠᠳᠠᠭ᠄
* ᠨᠢᠭᠤᠷᠠᠨ ᠲᠠᠯ᠎ᠠ
* ᠠᠷᠤ ᠲᠠᠯ᠎ᠠ
ᠨᠢᠭᠤᠷᠠᠨ ᠲᠠᠯ᠎ᠠ ᠶᠢᠨ ᠬᠡᠰᠡᠭ ᠢ ᠦᠢᠯᠡᠴᠢᠯᠡᠭᠦᠯᠦᠭᠴᠢ ᠠᠰᠢᠭᠯᠠᠳᠠᠭ᠃ ᠡᠭᠦᠨ ᠳᠦ ᠡᠭᠦᠯᠡᠨ ᠲᠣᠭᠠᠴᠠᠭᠠᠯᠠᠯ ᠤᠨ ᠫ᠊ᠯᠠᠲ᠋ᠹᠣᠷᠮ ᠳᠤplarform ᠬᠠᠨᠳᠤᠬᠤ ᠳᠤ ᠱᠠᠭᠠᠷᠳᠠᠯᠭ᠎ᠠ ᠲᠠᠢ ᠦᠢᠯᠡᠴᠢᠯᠡᠭᠦᠯᠦᠭᠴᠢ ᠲᠠᠯ᠎ᠠ ᠶᠢᠨ ᠢᠨ᠍ᠲ᠋ᠧᠷᠹᠧᠢᠢᠰinterface ᠪᠣᠯᠤᠨ ᠫᠷᠣ᠌ᠭ᠌ᠷᠠᠮ ᠤᠳ ᠪᠠᠭᠲᠠᠳᠠᠭ᠃ ᠨᠢᠭᠤᠷᠠᠨ ᠲᠠᠯ᠎ᠠ ᠳᠤ ᠸᠧᠪweb ᠰᠧᠷᠸᠧᠷ ᠦᠳserver (Chrome᠂ Firefox᠂ internet explorer ᠭᠡᠬᠦ ᠮᠡᠲᠦ)᠂ thin/fat clients᠂ ᠲᠠᠪᠯᠧᠲtablet᠂ ᠬᠥᠳᠡᠯᠭᠡᠭᠡᠨ ᠳᠦ ᠲᠥᠬᠥᠭᠡᠷᠦᠮᠵᠢ ᠨᠦᠭᠦᠳ ᠪᠠᠶ᠋ᠢᠨ᠎ᠠ᠃
ᠠᠷᠤ ᠲᠠᠯ᠎ᠠ ᠶᠢ ᠦᠢᠯᠡᠴᠢᠯᠡᠭᠡ ᠦᠵᠡᠭᠦᠯᠦᠭᠴᠢ ᠠᠰᠢᠭᠯᠠᠳᠠᠭ᠃ ᠡ᠊ᠨᠳᠡ ᠡᠭᠦᠯᠡᠨ ᠲᠣᠭᠠᠴᠠᠭᠠᠯᠠᠯ ᠤᠨ ᠦᠢᠯᠡᠴᠢᠯᠡᠭᠡᠨ ᠳᠦ ᠱᠠᠭᠠᠷᠳᠠᠯᠭ᠎ᠠ ᠲᠠᠢ ᠪᠦᠬᠦ ᠨᠥᠭᠡᠴᠡ ᠶᠢᠨ ᠤᠳᠤᠷᠢᠳᠤᠯᠭ᠎ᠠ ᠪᠠᠭᠳᠠᠨ᠎ᠠ᠃ ᠡᠭᠦᠨ ᠳᠦ ᠨᠡᠩ ᠶᠡᠬᠡ ᠬᠡᠮᠵᠢᠶᠡᠨ ᠦ ᠥᠭᠭᠥᠭᠳᠡᠯ ᠬᠠᠳᠠᠭᠠᠯᠠᠮᠵᠢ᠂ ᠠᠶᠤᠯ ᠦᠭᠡᠢ ᠶᠢᠨ ᠮᠧᠻᠠᠨᠢᠰᠮmechanism᠂ ᠸᠢᠷᠲᠤᠠᠯ ᠮᠠᠱᠢᠨ᠂ ᠲᠦᠭᠡᠭᠡᠯ ᠦᠨ ᠵᠠᠭᠪᠤᠷ᠂ ᠰᠧᠷᠸᠧᠷ᠂ ᠲᠷᠠᠹᠢᠻtraffic ᠬᠢᠨᠠᠯᠲᠠ ᠶᠢᠨ ᠮᠧᠻᠠᠨᠢᠰᠮ ᠣᠷᠣᠨ᠎ᠠ᠃
ᠨᠢᠭᠤᠷ ᠪᠠ ᠠᠷᠤ ᠶᠢᠨ ᠬᠡᠰᠡᠭ ᠬᠣᠶᠠᠭᠤᠯᠠ ᠶᠡᠷᠦᠩᠬᠡᠢ ᠳᠦ ᠪᠡᠨ ᠢᠨ᠍ᠲ᠋ᠧᠷᠨᠧᠲ ᠬᠣᠯᠪᠣᠯᠲᠠ᠂ ᠰᠦᠯᠵᠢᠶ᠎ᠡ ᠪᠡᠷ ᠪᠤᠰᠤᠳ ᠲᠠᠢ ᠬᠣᠯᠪᠣᠭᠳᠠᠨ᠎ᠠ᠃[4]
ᠡᠭᠦᠯᠡᠨ ᠠᠷᠻᠢᠲ᠋ᠧᠻᠲ᠋ᠦ᠋ᠷ ᠤᠨ ᠪᠦᠷᠢᠯᠳᠦᠬᠦᠨ ᠬᠡᠰᠡᠭ ᠦᠳ
ᠡᠭᠦᠯᠡᠨ ᠲᠣᠭᠠᠴᠠᠭᠠᠯᠠᠯ ᠤᠨ ᠠᠷᠻᠢᠲ᠋ᠧᠻᠲ᠋ᠦ᠋ᠷ ᠤᠨ ᠳᠠᠷᠠᠭᠠᠬᠢ ᠪᠦᠷᠢᠯᠳᠦᠬᠦᠨ ᠬᠡᠰᠡᠭ ᠦᠳ ᠪᠠᠶ᠋ᠢᠳᠠᠭ᠄
1᠃ ᠦᠢᠯᠡᠴᠢᠯᠡᠭᠦᠯᠦᠭᠴᠢ ᠶᠢᠨ ᠳᠡᠳ᠋ ᠪᠦᠲᠦᠴᠡ᠄
ᠦᠢᠯᠡᠴᠢᠯᠡᠭᠦᠯᠦᠭᠴᠢ ᠶᠢᠨ ᠳᠡᠳ᠋ ᠪᠦᠲᠦᠴᠡ ᠨᠢ ᠨᠢᠭᠤᠷᠠᠨ ᠲᠠᠯ᠎ᠠ ᠶᠢᠨ ᠪᠦᠷᠢᠯᠳᠦᠬᠦᠨ ᠬᠡᠰᠡᠭ ᠶᠤᠮ᠃ ᠡᠨᠡ ᠨᠢ ᠡᠭᠦᠯᠡ ᠲᠡᠢ ᠬᠠᠷᠢᠯᠴᠠᠬᠤ ᠬᠡᠷᠡᠭᠯᠡᠭᠴᠢ ᠶᠢᠨ ᠭᠷᠠᠹᠢᠻ ᠢᠨ᠍ᠲ᠋ᠧᠷᠹᠡᠢᠢᠰ (GUI) ᠍ ᠪᠡᠷ ᠬᠠᠩᠭᠠᠳᠠᠭ᠃
2᠃ ᠬᠡᠷᠡᠭᠯᠡᠭᠦᠷ᠄
ᠬᠡᠷᠡᠭᠯᠡᠭᠦᠷ ᠨᠢ ᠦᠢᠯᠡᠴᠢᠯᠡᠭᠦᠯᠦᠭᠴᠢ ᠶᠢᠨ ᠬᠠᠨᠳᠤᠬᠤ ᠶᠢ ᠬᠦᠰᠡᠭᠰᠡᠨ ᠶᠠᠮᠪᠠᠷᠪᠠ ᠫᠷᠣ᠌ᠭ᠌ᠷᠠᠮ ᠬᠠᠩᠭᠠᠮᠵᠢ ᠡᠰᠡᠪᠡᠯ ᠫ᠊ᠯᠠᠲ᠋ᠹᠣᠷᠮ ᠪᠠᠶ᠋ᠢᠵᠤ ᠪᠣᠯᠤᠨ᠎ᠠ᠃
3᠃ ᠦᠢᠯᠡᠴᠢᠯᠡᠭᠡ᠄
ᠡᠭᠦᠯᠡᠨ ᠲᠣᠭᠠᠴᠠᠭᠠᠯᠠᠯ ᠨᠢ ᠳᠠᠷᠠᠭᠠᠬᠢ ᠭᠤᠷᠪᠠᠨ ᠬᠡᠪ ᠵᠠᠭᠪᠤᠷ ᠤᠨ ᠦᠢᠯᠡᠴᠢᠯᠡᠭᠡ ᠶᠢ ᠰᠠᠨᠠᠯ ᠪᠣᠯᠭᠠᠳᠠᠭ᠃
i᠃ ᠫᠷᠣ᠌ᠭ᠌ᠷᠠᠮ ᠬᠠᠩᠭᠠᠮᠵᠢ ᠦᠢᠯᠡᠴᠢᠯᠡᠭᠡ (SaaS) – SaaS ᠤᠨ ᠫᠷᠣ᠌ᠭ᠌ᠷᠠᠮ ᠤᠳ ᠶᠡᠬᠡᠪᠴᠢᠯᠡᠨ ᠰᠢᠭᠤᠳ ᠸᠧᠪ ᠬᠥᠲᠥᠴᠢ ᠪᠡᠷ ᠳᠠᠮᠵᠢᠨ ᠠᠵᠢᠯᠯᠠᠳᠠᠭ ᠲᠤᠯᠠ ᠲᠡᠳᠡᠭᠡᠷ ᠫᠷᠣ᠌ᠭ᠌ᠷᠠᠮ ᠢ ᠲᠠᠲᠠᠵᠤ ᠠᠪᠬᠤ᠂ ᠰᠠᠭᠤᠯᠭᠠᠬᠤ ᠱᠠᠭᠠᠷᠳᠠᠯᠭ᠎ᠠ ᠦᠭᠡᠢ᠃
ii. ᠫ᠊ᠯᠠᠲ᠋ᠹᠣᠷᠮ ᠦᠢᠯᠡᠴᠢᠯᠡᠭᠡ (PaaS) –
SaaS ᠲᠠᠢ ᠲᠥᠰᠲᠡᠢ ᠪᠣᠯᠪᠠᠴᠤ PaaS ᠨᠢ ᠫᠷᠣ᠌ᠭ᠌ᠷᠠᠮ ᠬᠠᠩᠭᠠᠮᠵᠢ ᠡᠭᠦᠰᠭᠡᠬᠦ ᠫ᠊ᠯᠠᠲ᠋ᠹᠣᠷᠮ ᠢᠢᠠᠷ ᠬᠠᠩᠭᠠᠳᠠᠭ᠂ ᠬᠠᠷᠢᠨ SaaS ᠍ ᠢ ᠠᠰᠢᠭᠯᠠᠭᠰᠠᠨ ᠢᠢᠠᠷ ᠫ᠊ᠯᠠᠲ᠋ᠹᠣᠷᠮ ᠱᠠᠭᠠᠷᠳᠠᠯᠭ᠎ᠠ ᠦᠭᠡᠢ ᠪᠡᠷ ᠢᠨ᠍ᠲ᠋ᠧᠷᠨᠧᠲ ᠢᠢᠡᠷ ᠫᠷᠣ᠌ᠭ᠌ᠷᠠᠮ ᠬᠠᠩᠭᠠᠮᠵᠢ ᠳᠤ ᠬᠠᠨᠳᠤᠬᠤ ᠪᠣᠯᠤᠮᠵᠢ ᠲᠠᠢ ᠪᠠᠶ᠋ᠢᠳᠠᠭ᠃
iii. ᠳᠡᠳ᠋ ᠪᠦᠲᠦᠴᠡ ᠦᠢᠯᠡᠴᠢᠯᠡᠭᠡ (IaaS) - ᠡᠨᠡ ᠨᠢ ᠫᠷᠣ᠌ᠭ᠌ᠷᠠᠮ ᠤᠨ ᠥᠭᠭᠥᠭᠳᠡᠯ᠂ ᠳᠤᠮᠳᠠ ᠶᠢᠨ ᠫᠷᠣ᠌ᠭ᠌ᠷᠠᠮ᠂ ᠢᠳᠡᠪᠬᠢᠵᠢᠯᠲᠦ ᠴᠠᠭ ᠤᠨ ᠣᠷᠴᠢᠨ ᠢ ᠵᠣᠬᠢᠴᠠᠭᠤᠯᠬᠤ ᠡᠭᠦᠷᠭᠡ ᠲᠡᠢ᠃
4᠃ ᠢᠳᠡᠪᠬᠢᠵᠢᠯᠲᠦ ᠴᠠᠭ ᠤᠨ ᠡᠭᠦᠯᠡ᠄
ᠢᠳᠡᠪᠬᠢᠵᠢᠯᠲᠦ ᠴᠠᠭ ᠤᠨ ᠡᠭᠦᠯᠡ ᠨᠢ ᠸᠢᠷᠲᠤᠠᠯ ᠮᠠᠱᠢᠨ ᠨᠤᠭᠤᠳ ᠢ ᠭᠦᠢᠴᠡᠳᠬᠡᠯ ᠪᠣᠯᠤᠨ ᠢᠳᠡᠪᠬᠢᠵᠢᠯᠲᠦ ᠴᠠᠭ ᠤᠨ ᠣᠷᠴᠢᠨ ᠢᠢᠠᠷ ᠬᠠᠩᠭᠠᠳᠠᠭ᠃
5᠃ ᠬᠠᠳᠠᠭᠠᠯᠠᠮᠵᠢ᠄
ᠬᠠᠳᠠᠭᠠᠯᠠᠮᠵᠢ ᠨᠢ ᠡᠭᠦᠯᠡᠨ ᠲᠣᠭᠠᠴᠠᠭᠠᠯᠠᠯ ᠤᠨ ᠬᠠᠮᠤᠭ ᠤᠨ ᠴᠢᠬᠤᠯᠠ ᠪᠦᠷᠢᠯᠳᠦᠬᠦᠨ ᠬᠡᠰᠡᠭ ᠦᠳ ᠦᠨ ᠨᠢᠭᠡ ᠶᠤᠮ᠃ ᠡᠨᠡ ᠨᠢ ᠡᠭᠦᠯᠡᠨ ᠳᠦ ᠥᠭᠭᠥᠭᠳᠡᠯ ᠬᠠᠳᠠᠭᠠᠯᠠᠬᠤ᠂ ᠤᠳᠤᠷᠢᠳᠬᠤ ᠨᠡᠩ ᠶᠡᠬᠡ ᠬᠡᠮᠵᠢᠶᠡᠨ ᠦ ᠬᠠᠳᠠᠭᠠᠯᠠᠬᠤ ᠪᠠᠭᠲᠠᠭᠠᠮᠵᠢ ᠪᠠᠷ ᠬᠠᠩᠭᠠᠳᠠᠭ᠃
6᠃ ᠳᠡᠳ᠋ ᠪᠦᠲᠦᠴᠡ᠄
ᠾᠣᠰᠲ ᠤᠨhost ᠲᠦᠪᠰᠢᠨ᠂ ᠫᠷᠣ᠌ᠭ᠌ᠷᠠᠮ ᠤᠨ ᠲᠦᠪᠰᠢᠨ᠂ ᠰᠦᠯᠵᠢᠶᠡᠨ ᠦ ᠲᠦᠪᠰᠢᠨ ᠳᠦ ᠦᠢᠯᠡᠴᠢᠯᠡᠭᠡ ᠦᠵᠡᠭᠦᠯᠳᠡᠭ᠃ ᠡᠭᠦᠯᠡᠨ ᠦ ᠳᠡᠳ᠋ ᠪᠦᠲᠦᠴᠡ ᠳᠦ ᠡᠭᠦᠯᠡᠨ ᠲᠣᠭᠠᠴᠠᠭᠠᠯᠠᠯ ᠤᠨ ᠵᠠᠭᠪᠤᠷ ᠢ ᠳᠡᠮᠵᠢᠬᠦ ᠳᠦ ᠱᠠᠭᠠᠷᠳᠠᠯᠭ᠎ᠠ ᠲᠠᠢ ᠰᠧᠷᠸᠧᠷ᠂ ᠬᠠᠳᠠᠭᠠᠯᠠᠬᠤ ᠰᠠᠩ᠂ ᠰᠦᠯᠵᠢᠶᠡᠨ ᠦ ᠲᠥᠬᠥᠭᠡᠷᠦᠮᠵᠢ᠂ ᠸᠢᠷᠲᠤᠠᠯᠴᠢᠯᠠᠯ ᠤᠨ ᠫᠷᠣ᠌ᠭ᠌ᠷᠠᠮ ᠬᠠᠩᠭᠠᠮᠵᠢ ᠪᠣᠯᠤᠨ ᠪᠤᠰᠤᠳ ᠬᠠᠳᠠᠭᠠᠯᠠᠬᠤ ᠨᠥᠭᠡᠴᠡ ᠵᠡᠷᠭᠡ ᠲᠧᠻᠨᠢᠭ ᠬᠠᠩᠭᠠᠮᠵᠢ᠂ ᠫᠷᠣ᠌ᠭ᠌ᠷᠠᠮ ᠬᠠᠩᠭᠠᠮᠵᠢ ᠶᠢᠨ ᠵᠦᠢᠯᠡᠰ ᠬᠠᠮᠤᠷᠤᠭᠳᠠᠨ᠎ᠠ᠃
7᠃ ᠤᠳᠤᠷᠢᠳᠤᠯᠭ᠎ᠠ᠄
ᠤᠳᠤᠷᠢᠳᠤᠯᠭ᠎ᠠ ᠵᠣᠬᠢᠴᠠᠭᠤᠯᠤᠯᠲᠠ ᠨᠢ ᠫᠷᠣ᠌ᠭ᠌ᠷᠠᠮ᠂ ᠦᠢᠯᠡᠴᠢᠯᠡᠭᠡ᠂ ᠢᠳᠡᠪᠬᠢᠵᠢᠯᠲᠦ ᠴᠠᠭ ᠤᠨ ᠡᠭᠦᠯᠡ᠂ ᠬᠠᠳᠠᠭᠠᠯᠠᠬᠤ ᠰᠠᠩ᠂ ᠳᠡᠳ᠋ ᠪᠦᠲᠦᠴᠡ᠂ ᠪᠤᠰᠤᠳ ᠠᠶᠤᠯ ᠦᠭᠡᠢ ᠪᠠᠶ᠋ᠢᠳᠠᠯ ᠤᠨ ᠠᠰᠠᠭᠤᠳᠠᠯ ᠢ ᠵᠣᠬᠢᠴᠠᠭᠤᠯᠬᠤ᠂ ᠲᠡᠳᠡᠭᠡᠷ ᠦᠨ ᠬᠣᠭᠣᠷᠣᠨᠳᠣ ᠶᠢᠨ ᠤᠶᠠᠯᠳᠤᠭ᠎ᠠ ᠶᠢ ᠬᠠᠩᠭᠠᠬᠤ ᠳᠤ ᠬᠡᠷᠡᠭᠲᠡᠢ᠃
8᠃ ᠠᠶᠤᠯ ᠦᠭᠡᠢ ᠪᠠᠶ᠋ᠢᠳᠠᠯ᠄
ᠠᠶᠤᠯ ᠦᠭᠡᠢ ᠪᠠᠶ᠋ᠢᠳᠠᠯ ᠨᠢ ᠡᠭᠦᠯᠡᠨ ᠲᠣᠭᠠᠴᠠᠭᠠᠯᠠᠯ ᠤᠨ ᠰᠠᠯᠤᠰᠢ ᠦᠭᠡᠢ ᠪᠦᠷᠢᠯᠳᠦᠬᠦᠨ ᠬᠡᠰᠡᠭ ᠶᠤᠮ᠃ ᠠᠷᠤ ᠶᠢᠨ ᠬᠡᠰᠡᠭ ᠲᠦ ᠬᠠᠮᠠᠭᠠᠯᠠᠯᠲᠠ ᠶᠢᠨ ᠮᠧᠻᠠᠨᠢᠰᠮ ᠢ ᠬᠡᠷᠡᠭᠵᠢᠭᠦᠯᠳᠡᠭ᠃
9᠃ ᠢᠨ᠍ᠲ᠋ᠧᠷᠨᠧᠲ᠄
ᠢᠨ᠍ᠲ᠋ᠧᠷᠨᠧᠲ ᠨᠢ ᠨᠢᠭᠤᠷᠠᠨ ᠲᠠᠯ᠎ᠠ ᠪᠠ ᠠᠷᠤ ᠲᠠᠯ᠎ᠠ ᠬᠣᠭᠣᠷᠣᠨᠳᠣ ᠪᠠᠨ ᠬᠠᠷᠢᠯᠴᠠᠨ ᠦᠢᠯᠡᠴᠢᠯᠡᠵᠦ᠂ ᠮᠡᠳᠡᠭᠡᠯᠡᠯ ᠰᠤᠯᠢᠯᠴᠠᠬᠤ ᠣᠷᠴᠢᠨ ᠶᠤᠮ᠃[4]
ᠦᠢᠯᠡᠴᠢᠯᠡᠭᠡᠨ ᠦ ᠬᠡᠪ ᠵᠠᠭᠪᠤᠷ
ᠦᠢᠯᠡᠴᠢᠯᠡᠭᠡ
ᠲᠦᠭᠡᠭᠡᠯ
ᠲᠦᠭᠡᠭᠡᠯ
ᠨᠡᠷ ᠡ᠋ ᠲᠣᠮᠢᠶᠠᠯᠠᠯ
ᠡᠭᠦᠯᠡ - cloud - облако
ᠰᠦᠯᠵᠢᠶ᠎ᠡ - network - сеть
ᠮᠡᠳᠡᠭᠡᠯᠡᠯ ᠬᠣᠯᠪᠣᠭᠠᠨ ᠤ ᠲᠧᠻᠨᠣᠯᠣᠭᠢ - information and communcation technology - информационно-коммуникационная технология
ᠴᠠᠬᠢᠮ - electronic - электронный
ᠮᠡᠳᠡᠷᠡᠭᠴᠢ - sensor - сенсор
ᠢᠳᠡᠪᠬᠢᠵᠢᠭᠦᠯᠦᠭᠴᠢ - actuator - актюатор
ᠲᠧᠻᠨᠢᠭ ᠬᠠᠩᠭᠠᠮᠵᠢ - hardware - техническое обеспечение
ᠫᠷᠣᠭ᠌ᠷᠠᠮ ᠬᠠᠩᠭᠠᠮᠵᠢ - software - программное обеспечение
ᠬᠣᠣᠷ ᠲᠠᠢ ᠫᠷᠣᠭ᠌ᠷᠠᠮ - malware - вредоносная программа
ᠳᠠᠪᠬᠤᠷᠭ᠎ᠠ - layer - уровень
ᠥᠶᠡᠯᠢᠭ - tier - уровень
ᠥᠭᠭᠥᠭᠳᠡᠯ - data - данные
ᠥᠭᠭᠥᠭᠳᠡᠯ ᠦᠨ ᠤᠳᠤᠷᠢᠳᠤᠯᠭ᠎ᠠ - data management - управление данными
ᠣᠶᠤᠨ - intelligence - интеллект
ᠬᠦᠷᠢᠶᠡᠯᠡᠯ ᠦᠨ ᠣᠶᠤᠨ - ambient intelligence - окружающий интеллект
ᠤᠬᠠᠭᠠᠯᠢᠭ - smart - умный
ᠢᠨ᠍ᠲ᠋ᠧᠷᠹᠧᠢᠢᠰ - interface - интерфейс
ᠵᠡᠭᠦᠰᠬᠡᠯ ᠲᠥᠬᠥᠭᠡᠷᠦᠮᠵᠢ - wearables - носимый компьютер
ᠮᠡᠳᠡᠭᠡᠯᠡᠯ ᠦᠨ ᠠᠶᠤᠯ ᠦᠭᠡᠶ ᠪᠠᠢᠢᠳᠠᠯ - information security - информационная безопасность
ᠵᠦᠢᠯᠡᠰ ᠦᠨ ᠢᠨ᠍ᠲ᠋ᠧᠷᠨᠧᠲ - Internet of Things - интернет вещей
ᠡᠬᠢ ᠰᠤᠷᠪᠤᠯᠵᠢ
- ↑ What is the cloud? Cloudflare. ᠬᠠᠨᠳᠤᠭᠰᠠᠨ 2022/01/02 https://www.cloudflare.com/learning/cloud/what-is-the-cloud/
- ↑ What is the cloud? Microsoft Azure 2022 https://azure.microsoft.com/en-us/overview/what-is-the-cloud
- ↑ An Introduction to Cloud Architecture Design. Intel. ᠬᠠᠨᠳᠤᠭᠰᠠᠨ 2022/01/14 https://www.intel.com/content/www/us/en/cloud-computing/cloud-architecture.html
- ↑ 4.0 4.1 Cloud Computing Architecture. Java T Point. ᠬᠠᠨᠳᠤᠭᠰᠠᠨ 2022/01/14 https://www.javatpoint.com/cloud-computing-architecture