ᠻᠸᠠᠨ᠍ᠲ ᠰᠦᠯᠡᠯᠳᠦᠭᠡᠨ
ᠻᠸᠠᠨ᠍ᠲ ᠰᠦᠯᠡᠯᠳᠦᠭᠡᠨ ᠬᠡᠮᠡᠬᠦ ᠨᠢ ᠶᠠᠭᠤᠮᠠᠰ ᠻᠸᠠᠨ᠍ᠲ ᠲᠥᠯᠦᠪ ᠢᠶ᠋᠋ᠡᠷ ᠢᠶ᠋᠋ᠡᠨ ᠬᠣᠭᠤᠷᠤᠨᠳᠤ ᠪᠠᠨ ᠬᠠᠷᠢᠯᠴᠠᠨ ᠰᠢᠲᠦᠯᠴᠡᠭᠡ ᠲᠡᠢ ᠪᠠᠶ᠋᠋ᠢᠬᠤ ᠻᠸᠠᠨ᠍ᠲ ᠮᠧᠻᠠᠨᠢᠭ᠌ ᠦᠵᠡᠭᠳᠡᠯ ᠶᠤᠮ᠃
ᠪᠦᠯᠦᠭ ᠪᠥᠭᠡᠮᠰ ᠡᠭᠦᠰᠦᠭᠰᠡᠨ᠂ ᠬᠠᠷᠢᠯᠴᠠᠨ ᠦᠢᠯᠡᠴᠢᠯᠡᠭᠰᠡᠨ᠂ ᠣᠷᠤᠨ ᠵᠠᠢ ᠳ᠋ᠤ ᠬᠠᠷᠢᠯᠴᠠᠨ ᠪᠠᠶ᠋᠋ᠢᠷᠢᠰᠢᠯ ᠳ᠋ᠤ ᠣᠷᠤᠰᠢᠭᠰᠠᠨ ᠶ᠋᠋ᠢᠠᠷ ᠲᠤᠬᠠᠢ ᠶ᠋᠋ᠢᠨ ᠪᠦᠯᠦᠭ ᠳᠡᠬᠢ ᠪᠥᠭᠡᠮ ᠲᠤᠰᠠ ᠪᠦᠷᠢ ᠶ᠋᠋ᠢᠨ ᠲᠥᠯᠦᠪ ᠢ ᠪᠦᠯᠦᠭ ᠳ᠋ᠡᠬᠢ ᠪᠤᠰᠤᠳ ᠪᠥᠭᠡᠮᠰ ᠦᠨ ᠲᠥᠯᠦᠪ ᠡᠴᠡ ᠰᠠᠯᠠᠩᠭᠢ ᠳ᠋ᠤ ᠳᠦᠷᠰᠦᠯᠡᠬᠦ ᠪᠣᠯᠤᠮᠵᠢ ᠦᠭᠡᠢ ᠪᠠᠶ᠋᠋ᠢᠳᠠᠯ ᠢᠶ᠋᠋ᠠᠷ ᠬᠣᠭᠤᠷᠤᠨᠳᠤ ᠪᠠᠨ ᠤᠶᠠᠯᠳᠤᠭᠰᠠᠨ ᠪᠠᠶ᠋᠋ᠢᠬᠤ ᠨᠢ ᠻᠸᠠᠨ᠍ᠲ ᠰᠦᠯᠡᠯᠳᠦᠭᠡᠨ ᠪᠣᠯᠤᠨ᠎ᠠ᠃ ᠻᠸᠠᠨ᠍ᠲ ᠰᠦᠯᠡᠯᠳᠦᠭᠡᠨ ᠳᠦ ᠣᠷᠤᠰᠢᠭᠴᠢ ᠪᠥᠭᠡᠮᠰ ᠨᠢ ᠡᠶ᠋᠋ᠢᠨ ᠬᠦ ᠨᠢᠭᠡᠨ ᠰᠢᠰᠲᠧᠮ ᠪᠦᠷᠢᠳᠦᠭᠦᠯᠦᠨ ᠬᠣᠯᠪᠤᠭᠳᠠᠵᠤ᠂ ᠬᠣᠭᠤᠷᠤᠨᠳᠤ ᠶ᠋᠋ᠢᠨ ᠵᠠᠢ ᠬᠡᠳᠦᠢ ᠬᠣᠯᠠ ᠣᠶ᠋᠋ᠢᠷ ᠠ ᠡᠴᠡ ᠦᠯᠦ ᠬᠠᠮᠢᠶᠠᠷᠤᠨ ᠻᠸᠠᠨ᠍᠋ᠲ ᠲᠥᠯᠦᠪ ᠨᠢ ᠬᠠᠷᠢᠯᠴᠠᠨ ᠬᠣᠯᠪᠤᠭ᠎ᠠ ᠲᠠᠢ ᠪᠠᠶ᠋᠋ᠢᠳᠠᠯ ᠶ᠋᠋ᠢᠠᠷ ᠢᠯᠡᠷᠡᠮᠦᠢ᠃ ᠰᠦᠯᠡᠯᠡᠳᠤᠭᠡᠨ ᠪᠥᠭᠡᠮᠰ ᠨᠢ ᠣᠯᠠᠨ ᠭᠡᠷᠡᠯ ᠦᠨ ᠵᠢᠯ ᠦᠨ ᠠᠯᠤᠰ ᠵᠠᠢ ᠶ᠋᠋ᠢᠠᠷ ᠲᠤᠰᠠᠭᠠᠷᠯᠠᠭᠳᠠᠭᠰᠠᠨ ᠴᠤ ᠻᠸᠠᠨ᠍ᠲ ᠲᠥᠯᠦᠪ ᠦᠳ ᠨᠢ ᠬᠠᠷᠢᠯᠴᠠᠨ ᠬᠣᠯᠪᠤᠭ᠎ᠠ ᠲᠠᠢ ᠪᠠᠶ᠋᠋ᠢᠨ᠎ᠠ᠃
ᠻᠸᠠᠨ᠍ᠲ ᠰᠦᠯᠡᠯᠳᠦᠭᠡᠨ ᠦ ᠮᠥᠨ ᠴᠢᠨᠠᠷ
ᠻᠸᠠᠨ᠍ᠲ ᠰᠦᠯᠡᠯᠳᠦᠭᠰᠡᠨ ᠰᠢᠰᠲ᠋ᠧᠮ ᠢ ᠪᠦᠷᠢᠳᠦᠭᠦᠯᠵᠦ ᠪᠤᠢ ᠡᠭᠡᠯ ᠪᠥᠭᠡᠮᠰ ᠪᠢᠶ᠎ᠡ ᠳᠠᠭᠠᠭᠠᠵᠤ ᠣᠷᠤᠰᠢᠳᠠᠭ ᠦᠭᠡᠢ᠂ ᠰᠠᠯᠠᠰᠢ ᠦᠭᠡᠢ ᠨᠢᠭᠡᠨ ᠪᠦᠬᠦᠯᠢ ᠪᠣᠯᠵᠤ ᠣᠷᠤᠰᠢᠳᠠᠭ᠃ ᠢᠢᠮᠦ ᠰᠢᠰᠲ᠋ᠧᠮ ᠦᠨ ᠻᠸᠠᠨ᠍ᠲ ᠲᠥᠯᠦᠪ ᠢ ᠪᠦᠷᠢᠯᠳᠦᠬᠦᠨ ᠬᠡᠰᠡᠭ ᠦᠳ ᠦᠨ ᠻᠸᠠᠨ᠍ᠲ ᠲᠥᠯᠦᠪ ᠦᠳ ᠦᠨ ᠪᠦᠲᠦᠭᠡᠭᠳᠡᠬᠦᠨ ᠮᠡᠲᠦ ᠪᠡᠷ ᠹᠠᠻᠲ᠋ᠣᠷᠯᠠᠬᠤ ᠪᠣᠯᠤᠮᠵᠢ ᠦᠭᠡᠢ᠃ ᠰᠦᠯᠡᠯᠳᠦᠭᠰᠡᠨ ᠰᠢᠰᠲ᠋ᠧᠮ ᠦᠨ ᠨᠢᠭᠡ ᠪᠦᠷᠢᠯᠳᠦᠬᠦᠨ ᠬᠡᠰᠡᠭ ᠢ ᠨᠥᠭᠦᠭᠡ ᠡᠴᠡ ᠨᠢ ᠰᠠᠯᠤᠩᠭᠢᠳᠠ ᠲᠣᠳᠤᠷᠬᠠᠶᠢᠯᠠᠬᠤ ᠪᠣᠯᠤᠮᠵᠢ ᠦᠭᠡᠢ᠃
ᠻᠸᠠᠨ᠍ᠲ ᠰᠢᠰᠲ᠋ᠧᠮ ᠶᠠᠩᠵᠤ ᠪᠦᠷᠢ ᠶ᠋᠋ᠢᠨ ᠬᠠᠷᠢᠯᠴᠠᠨ ᠦᠢᠯᠡᠴᠢᠯᠡᠯ᠂ ᠦᠶ᠋᠋ᠯᠡ ᠶᠠᠪᠤᠴᠠ ᠪᠠᠷ᠂ ᠰᠦᠯᠡᠯᠳᠦᠭᠰᠡᠨ ᠲᠥᠯᠦᠪ ᠲᠦ ᠰᠢᠯᠵᠢᠵᠦ ᠪᠣᠯᠤᠨ᠎ᠠ᠃
ᠵᠢᠱᠢᠶᠡᠯᠡᠪᠡᠯ ᠡᠭᠡᠯ ᠪᠥᠭᠡᠮ ᠦᠨ ᠵᠠᠳᠠᠷᠠᠯ ᠨᠢ ᠰᠦᠯᠡᠯᠳᠦᠭᠰᠡᠨ ᠬᠣᠣᠰ ᠪᠥᠭᠡᠮ ᠡᠭᠦᠰᠬᠡᠨ᠎ᠡ᠃ ᠵᠠᠳᠠᠷᠠᠯ ᠨᠢ ᠬᠠᠳᠠᠭᠠᠯᠠᠭᠳᠠᠬᠤ ᠬᠠᠤᠯᠢ ᠳ᠋ᠤ ᠵᠠᠬᠢᠷᠠᠭᠳᠠᠬᠤ ᠲᠤᠯᠠ ᠰᠢᠨ᠎ᠡ ᠪᠡᠷ ᠡᠭᠦᠰᠦᠭᠰᠡᠨ ᠨᠢᠭᠡ ᠡᠭᠡᠯ ᠪᠥᠭᠡᠮ ᠦᠨ ᠨᠢ ᠬᠡᠮᠵᠢᠯᠲᠡ ᠶ᠋᠋ᠢᠨ ᠦᠷ ᠡ ᠳ᠋ᠦᠩ ᠨᠥᠭᠦᠭᠡ ᠡᠭᠡᠯ ᠪᠥᠭᠡᠮ ᠦᠨ ᠬᠡᠮᠵᠢᠯᠲᠡ ᠶ᠋᠋ᠢᠨ ᠦᠷ᠎ᠡ ᠳ᠋ᠦᠩ ᠲᠡᠢ ᠬᠦᠴᠦᠲᠡᠢ ᠻᠣᠷᠷᠢᠯᠠᠼ ᠬᠠᠷᠢᠴᠠᠭ᠎ᠠ ᠲᠠᠢ ᠪᠠᠶ᠋᠋ᠢᠨ᠎ᠠ᠃ ᠬᠣᠣᠰ ᠪᠥᠭᠡᠮ ᠦᠨ ᠨᠡᠶ᠋᠋ᠢᠯᠡᠪᠦᠷᠢ ᠮᠣᠮᠢᠨ᠍ᠲ᠂ ᠥᠨᠴᠦᠭ ᠦᠨ ᠮᠣᠮᠢᠨ᠍ᠲ᠂ ᠧᠨᠧᠷᠭᠢ ᠭᠡᠬᠦ ᠵᠡᠷᠭᠡ ᠦᠵᠡᠭᠦᠯᠦᠯᠲᠡ ᠶ᠋᠋ᠢᠨ ᠵᠠᠳᠠᠷᠠᠯ ᠤᠨ ᠡᠮᠦᠨᠡᠬᠢ ᠪᠠ ᠳᠠᠷᠠᠭᠠᠬᠢ ᠤᠳᠬ᠎ᠠ ᠨᠤᠭᠤᠳ ᠠᠳᠠᠯᠢ ᠪᠠᠶ᠋᠋ᠢᠨ᠎ᠠ᠃
ᠲᠤᠬᠠᠶ᠋᠋ᠢᠯᠠᠪᠠᠯ᠂ ᠲᠡᠭ (0) ᠰᠫᠢᠨ ᠪᠦᠬᠦᠢ ᠡᠭᠡᠯ ᠪᠥᠭᠡᠮ ᠵᠠᠳᠠᠷᠠᠬᠤ ᠳ᠋ᠤ ᠪᠡᠨ 1/2 ᠰᠫᠢᠨ ᠪᠦᠬᠦᠢ ᠬᠣᠣᠰ ᠪᠥᠭᠡᠮᠰ ᠪᠣᠯᠵᠤ ᠵᠠᠳᠠᠷᠠᠨ᠎ᠠ᠃ ᠨᠡᠶ᠋᠋ᠢᠯᠡᠪᠦᠷᠢ ᠰᠫᠢᠨ ᠨᠢ ᠵᠠᠳᠠᠷᠠᠯ ᠤᠨ ᠡᠮᠦᠨ᠎ᠡ ᠪᠠ ᠬᠣᠶ᠋᠋ᠢᠨᠠ ᠲᠡᠭ ᠤᠳᠬ᠎ᠠ ᠲᠠᠢ ᠪᠠᠶ᠋᠋ᠢᠬᠤ ᠶᠣᠰᠤᠲᠠᠢ (ᠥᠨᠴᠦᠭ ᠦᠨ ᠮᠣᠮᠢᠨ᠍ᠲ ᠬᠠᠳᠠᠭᠠᠯᠠᠭᠳᠠᠬᠤ) ᠲᠤᠯᠠ ᠲᠣᠳᠤᠷᠬᠠᠢ ᠲᠡᠩᠬᠡᠯᠢᠭ ᠳᠡᠭᠡᠷ᠎ᠡ ᠬᠡᠮᠵᠢᠭᠰᠡᠨ ᠨᠢᠭᠡ ᠳ᠋ᠡᠬᠢ ᠪᠥᠭᠡᠮ ᠦᠨ ᠰᠫᠢᠨ ᠢ ᠬᠡᠮᠵᠢᠬᠦ ᠳᠦ “ᠳᠡᠭᠡᠭᠰᠢ” ᠭᠡᠰᠡᠨ ᠳ᠋ᠦᠩ ᠲᠡᠢ ᠪᠠᠶ᠋᠋ᠢᠪᠠᠯ᠂ ᠲᠡᠷᠡ ᠬᠦ ᠲᠡᠩᠬᠡᠯᠢᠭ ᠲᠦ ᠬᠡᠮᠵᠢᠭᠰᠡᠨ ᠨᠥᠭᠦᠭᠡ ᠪᠥᠭᠡᠮ ᠦᠨ ᠰᠫᠢᠨ “ᠳᠣᠭᠤᠭᠰᠢ” ᠭᠡᠰᠡᠨ ᠦᠷ᠎ᠡ ᠳ᠋ᠦᠩ ᠲᠡᠢ ᠪᠠᠶ᠋᠋ᠢᠬᠤ ᠪᠣᠯᠤᠨ᠎ᠠ᠃
ᠥᠨᠴᠦᠭ ᠦᠨ ᠮᠣᠮᠢᠨ᠍ᠲ ᠬᠠᠳᠠᠭᠠᠯᠠᠭᠳᠠᠬᠤ ᠵᠠᠷᠴᠢᠮ ᠻᠸᠠᠨ᠍ᠲ ᠪᠠ ᠰᠣᠩᠭᠤᠳᠠᠭ (ᠻᠸᠠᠨ᠍ᠲ ᠪᠤᠰᠤ) ᠹᠢᠽᠢᠻ ᠲᠦ ᠠᠯᠢ ᠠᠯᠢᠨ ᠳ᠋ᠤ ᠨᠢ ᠦᠢᠯᠡᠴᠢᠯᠡᠳᠡᠭ᠌᠃ ᠭᠡᠬᠦ ᠳ᠋ᠦ ᠪᠡᠨ ᠰᠣᠩᠭᠤᠳᠠᠭ ᠹᠢᠽᠢᠻ ᠲᠦ ᠪᠦᠬᠢ ᠠᠵᠢᠭᠯᠠᠭᠳᠠᠬᠤ ᠲᠥᠯᠦᠪ ᠦᠳ ᠨᠢ ᠲᠣᠳᠤᠷᠬᠠᠢ ᠪᠠᠶ᠋᠋ᠢᠳᠠᠭ᠃ ᠬᠠᠷᠢᠨ ᠻᠸᠠᠨ᠍ᠲ ᠰᠢᠰᠲᠧᠮ ᠨᠢ ᠨᠢᠭᠡ ᠳ᠋ᠡᠬᠢ ᠪᠥᠭᠡᠮ ᠦᠨ ᠰᠫᠢᠨ ᠦᠨ ᠬᠡᠮᠵᠢᠯᠲᠡ ᠡᠴᠡ ᠬᠠᠮᠢᠶᠠᠷᠤᠯᠲᠠᠢ ᠬᠣᠶᠠᠷ ᠳ᠋ᠠᠬᠢ ᠪᠥᠭᠡᠮ ᠦᠨ ᠬᠡᠮᠵᠢᠯᠲᠡ ᠶ᠋᠋ᠢᠨ ᠦᠷ᠎ᠡ ᠳ᠋ᠦᠩ ᠦᠨ ᠮᠠᠭᠠᠳᠯᠠᠯ ᠤᠨ ᠲᠠᠷᠬᠠᠯᠲᠠ ᠪᠠᠷ ᠲᠣᠳᠤᠷᠬᠠᠶ᠋᠋ᠢᠯᠠᠭᠳᠠᠨᠠ᠃ ᠰᠦᠯᠡᠯᠳᠦᠭᠰᠡᠨ ᠪᠥᠭᠡᠮᠰ ᠣᠷᠤᠨ ᠵᠠᠶ ᠳᠤ ᠠᠯᠤᠰᠯᠠᠭᠳᠠᠭᠰᠠᠨ ᠲᠣᠬᠢᠶᠠᠯᠳᠤᠯ ᠳ᠋ᠤ ᠢᠶ᠋᠋ᠮᠦ ᠬᠡᠮᠵᠢᠯᠲᠡ ᠶ᠋᠋ᠢᠨ ᠦᠷ᠎ᠡ ᠳ᠋ᠦᠩ ᠢ ᠰᠠᠨᠠᠭᠠᠨ ᠳᠤ ᠣᠷᠤᠮ ᠦᠭᠡᠢ ᠭᠡᠵᠦ ᠰᠡᠷᠢᠵᠦ ᠮᠡᠳᠡᠷᠡᠵᠦ ᠪᠣᠯᠬᠤ ᠶᠤᠮ᠃
ᠮᠡᠳᠡᠭᠡᠯᠡᠯ ᠳᠠᠮᠵᠢᠬᠤ ᠬᠤᠷᠳᠤ
ᠧᠶ᠋᠋ᠢᠨ᠍ᠱᠲᠠᠶ᠋᠋ᠢᠨ᠂ ᠱᠷᠥᠳᠢᠩᠭᠧᠷ ᠦᠨ ᠠᠯᠢ ᠠᠯᠢ ᠨᠢ ᠻᠸᠠᠨ᠍ᠲ ᠰᠦᠯᠡᠯᠳᠦᠭᠡᠨ ᠦ ᠦᠵᠡᠯ ᠣᠶ᠋᠋ᠢᠯᠠᠭᠠᠯᠲᠠ ᠨᠢ [[ᠬᠠᠷᠢᠴᠠᠩᠭᠤᠢ ᠶ᠋᠋ᠢᠨ ᠣᠨᠤᠯ ᠤᠨ|Харьцангуйн онол]] ᠭᠦᠨ ᠳ᠋ᠦ ᠣᠷᠤᠰᠢᠬᠤ ᠮᠡᠳᠡᠭᠡᠯᠡᠯ ᠳᠠᠮᠵᠢᠬᠤ ᠬᠤᠷᠳᠤ ᠶ᠋᠋ᠢᠨ ᠬᠢᠵᠠᠭᠠᠷ ᠢ ᠵᠥᠷᠴᠢᠵᠦ ᠪᠠᠶ᠋᠋ᠢᠨ᠎ᠠ ᠭᠡᠵᠦ ᠬᠠᠷᠠᠵᠤ ᠪᠠᠶ᠋᠋ᠢᠪᠠ᠃[1] ᠲᠡᠶ᠋᠋ᠢᠮᠦ ᠡᠴᠡ ᠲᠡᠳᠡ ᠻᠸᠠᠨ᠍ᠲ ᠰᠦᠯᠡᠯᠳᠦᠭᠡᠨ ᠦ ᠲᠤᠬᠠᠢ ᠣᠶ᠋᠋ᠢᠯᠠᠭᠠᠯᠲᠠ ᠳᠤ ᠲᠡᠳᠦᠶ᠋᠋ᠢᠯᠡᠨ ᠬᠠᠨᠠᠮᠵᠢᠲᠠᠢ ᠪᠤᠰᠤ ᠪᠠᠶ᠋᠋ᠢᠯᠠ᠃ ᠧᠶ᠋᠋ᠢᠨ᠍ᠱᠲᠠᠶ᠋᠋ᠢᠨ ᠻᠸᠠᠨ᠍ᠲ ᠰᠦᠯᠡᠯᠳᠦᠭᠡᠨ ᠢ “ᠠᠯᠤᠰ ᠤᠨ ᠵᠠᠢ ᠶ᠋᠋ᠢᠨ ᠬᠢᠷᠲᠬᠢᠮᠡ ᠦᠢᠯᠡᠴᠢᠯᠡᠯ” (spukhafte Fernwirkung)[2] ᠬᠡᠮᠡᠨ ᠶᠣᠵᠤᠯᠠᠭᠰᠠᠨ ᠭᠡᠵᠦ ᠠᠯᠳᠠᠷᠰᠢᠭᠰᠠᠨ᠃
ᠨᠡᠷ ᠡ᠋ ᠲᠣᠮᠢᠶᠠᠯᠠᠯ
ᠻᠸᠠᠨ᠍ᠲ - quantum
ᠡᠭᠡᠯ ᠪᠥᠭᠡᠮ - elementary/fundamental particle
ᠳᠣᠯᠭᠢᠶᠠᠨ - wave
ᠪᠥᠭᠡᠮᠰ ᠦᠨ ᠳᠣᠯᠭᠢᠶᠠᠯᠢᠭ ᠴᠢᠨᠠᠷ - wave-particle duality
ᠲᠣᠳᠣᠷᠬᠠᠢ ᠦᠭᠡᠢ ᠶᠢᠨ ᠵᠠᠷᠴᠢᠮ - uncertainty principle
ᠳᠠᠪᠬᠤᠴᠠᠯ - superposition
ᠣᠷᠢᠶᠠᠴᠠᠯᠳᠤᠭᠠᠨ - entanglement
ᠻᠸᠠᠨ᠍ᠲ᠋ᠴᠢᠯᠠᠯ - quantization
ᠡᠬᠢ ᠰᠤᠷᠪᠤᠯᠵᠢ
- ↑ Alisa Bokulich, Gregg Jaeger, Philosophy of Quantum Information and Entanglement, Cambridge University Press, 2010, p. xv.
- ↑ Letter from Einstein to Max Born, 3 March 1947; The Born-Einstein Letters; Correspondence between Albert Einstein and Max and Hedwig Born from 1916 to 1955, Walker, New York, 1971. Cited in Hobson, M. P.; et al. (1998). "Quantum Entanglement and Communication Complexity". SIAM J. Comput. 30 (6): 1829–1841.