Sunyata
ᠪᠠᠷᠢᠮᠲᠠᠯᠠᠯ
ᠨᠡᠷ ᠠ᠋ ᠲᠣᠮᠢᠶᠠᠨ ᠤ ᠲᠣᠳᠤᠷᠠᠭᠤᠯᠭ᠍ ᠠ᠋᠄
ᠡᠨᠡ ᠨᠡᠢᠢᠲᠡᠯᠡᠯ ᠳ᠋ᠤ "ᠨᠣᠮ" ᠭᠡᠳᠡᠭ ᠨᠡᠷ ᠠ᠋ ᠲᠣᠮᠢᠶ ᠠ᠋ ᠪᠠᠷ ᠪᠢᠳᠠ᠂ ᠥᠭᠡᠷ ᠠ᠋ ᠪᠡᠷ ᠲᠠᠢᠯᠠᠪᠤᠷᠢᠯᠠᠭᠠᠳᠦᠢ ᠪᠣᠯ᠂ ᠠᠯᠢᠪᠠ ᠶᠠᠭᠤᠮᠠᠰ᠂ ᠦᠵᠡᠭᠳᠡᠯ ᠦ᠋ᠳ ᠢ ᠢᠯᠡᠷᠬᠡᠢᠢᠯᠡᠮᠦᠢ᠃
ᠬᠣᠭᠣᠰᠤᠨ ᠴᠢᠨᠠᠷ (ᠰᠠᠮᠭᠠᠷᠳᠢ᠄ शून्यता ᠱᠦᠦ ᠨᠶᠠ᠋ ᠲᠠ᠋ ᠠ᠋᠂ ᠲᠥᠪᠡᠳ᠄ སྟོང་པ་ཉིད་ ᠳᠣᠩ ᠪᠠ ᠨᠶ᠋ᠢᠳ᠋) ᠭᠡᠵᠦ ᠪᠤᠷᠬᠠᠨ ᠤ ᠱᠠᠰᠢᠨ ᠠ᠋ ᠲᠥᠪ ᠦᠵᠡᠯ (मध्यमक ᠮᠠ᠋ ᠳ᠋ᠾᠶᠠ᠋ ᠮᠠ᠋ ᠻᠠ) ᠳ᠋ᠡᠬᠢ ᠶᠢᠷᠲᠢᠨᠴᠦ ᠶ᠋ᠢᠨ ᠶᠠᠭᠤᠮ ᠠ᠋ ᠦᠵᠡᠭᠳᠡᠯ[1]᠂ ᠰᠠᠪᠠ ᠰᠢᠮ ᠠ᠋ ᠶ᠋ᠢᠨ ᠠᠮᠢᠳᠤᠷᠠᠯ ᠦ᠋ᠨ ᠬᠤᠪᠢᠰᠬᠤ ᠶᠣᠰᠤ ᠶᠤᠮ᠃ [2]
ᠬᠠᠮᠤᠭ ᠨᠣᠮ (ᠶᠠᠭᠤᠮᠠᠰ ᠦᠵᠡᠭᠳᠡᠯ ᠦ᠋ᠳ) ᠥᠪᠡᠷ ᠶ᠋ᠢᠡᠨ ᠪᠦᠲᠦᠭᠡᠳᠦᠢ ᠬᠣᠭᠣᠰᠤᠨ ᠴᠢᠨᠠᠷ ᠲᠠᠢ ᠪᠣᠯᠪᠠᠴᠤ ᠶᠢᠷᠲᠢᠨᠴᠦ ᠶ᠋ᠢᠨ ᠲᠣᠮᠢᠶᠠᠯᠠᠯ ᠶ᠋ᠢᠠᠷ ᠪᠦᠲᠦᠳᠡᠭ ᠭᠡᠨ ᠠ᠋᠃
ᠬᠣᠭᠣᠰᠤᠨ ᠴᠢᠨᠠᠷ ᠬᠡᠮᠡᠬᠦ ᠨᠢ ᠣᠭᠲᠠ ᠪᠠᠢᠢᠬᠤ ᠦᠭᠡᠢ ᠬᠣᠭᠣᠰᠤᠨ ᠭᠡᠰᠡᠨ ᠦᠭᠡ ᠪᠤᠰᠤ᠂ ᠨᠣᠮ ᠪᠦᠬᠦᠨ ᠰᠠᠯᠠᠩᠭᠢ ᠪᠤᠰᠤ ᠬᠠᠷᠢᠯᠴᠠᠨ ᠰᠢᠲᠦᠯᠴᠡᠭᠰᠡᠨ ᠬᠠᠷᠢᠴᠠᠩᠭᠤᠢ ᠴᠢᠨᠠᠷ ᠲᠠᠢ ᠣᠷᠣᠰᠢᠨ ᠠ᠋ ᠭᠡᠰᠡᠨ ᠰᠠᠨᠠᠭ ᠠ᠋ ᠶ᠋ᠢ ᠢᠯᠡᠳᠬᠡᠨ ᠠ᠋᠃
ᠬᠠᠷᠢᠴᠠᠩᠭᠤᠢ ᠴᠢᠨᠠᠷ ᠭᠡᠬᠦ ᠶ᠋ᠢ ᠤᠬᠠᠪᠠᠯ ᠨᠣᠮ ᠦ᠋ᠳ ᠪᠠᠢᠢᠩᠭ ᠠ᠋ ᠬᠤᠪᠢᠰᠤᠨ ᠣᠷᠣᠰᠢᠨ ᠠ᠋ ᠭᠡᠳᠡᠭ ᠢ ᠬᠦᠯᠢᠶᠡᠨ ᠵᠥᠪᠰᠢᠶᠡᠷᠡᠭᠰᠡᠨ ᠤᠳᠬ ᠠ᠋ ᠲᠠᠢ ᠪᠣᠯᠤᠨ ᠠ᠋᠃
ᠪᠢᠯᠢᠭ ᠦ᠋ᠨ ᠴᠢᠨᠠᠳᠤ ᠳ᠋ᠤ ᠬᠦᠷᠡᠬᠦᠢ ᠰᠤᠳᠤᠷ ᠦ᠋ᠳ ᠳ᠋ᠤ
ᠨᠣᠮ ᠦ᠋ᠨ ᠬᠣᠭᠣᠰᠴᠨ ᠴᠢᠨᠠᠷ ᠨᠢ ᠪᠢᠯᠢᠭ ᠦ᠋ᠨ ᠴᠢᠨᠠᠳᠤ ᠳ᠋ᠤ ᠬᠦᠷᠡᠬᠦᠢ ᠰᠤᠳᠤᠷ ᠦ᠋ᠳ ᠳ᠋ᠤ ᠠᠯᠢᠪᠠ ᠨᠣᠮᠰ ᠥᠪᠡᠷ ᠡᠴᠡ ᠪᠡᠨ ᠪᠦᠲᠦᠭᠡᠳᠦᠢ᠂ ᠥᠪᠡᠷ ᠦ᠋ᠨ ᠮᠥᠨ ᠴᠢᠨᠠᠷ ᠡᠴᠡ ᠪᠠᠨ ᠬᠣᠭᠣᠰᠤᠨ᠂ ᠨᠡᠷᠡᠢᠢᠳᠬᠡᠯ ᠲᠡᠳᠦᠢ ᠣᠷᠣᠰᠢᠳᠠᠭ ᠬᠡᠮᠡᠨ ᠰᠤᠷᠭᠠᠳᠠᠭ[3][4]
ᠡᠬᠢ ᠰᠤᠷᠪᠤᠯᠵᠢ
- ↑ Paul Williams (2008). Mahayana Buddhism: The Doctrinal Foundations. Routledge, 68–69. ISBN 978-1-134-25056-1
- ↑ Christopher W. Gowans (2014). Buddhist Moral Philosophy: An Introduction. Routledge, 69–70. ISBN 978-1-317-65934-1
- ↑ Williams, Paul. Buddhist Thought. Routledge, 2000
- ↑ Williams, Paul. Mahayana Buddhism: The Doctrinal Foundations 2nd edition. Routledge, 2009