ᠰᠠᠭᠤᠷᠢ

Wikibilig-с
19:13, 21 Есдүгээр сар 2020-ий байдлаарх Wikibilig (яриа | оруулсан хувь нэмэр) хэрэглэгчийн хийсэн залруулга

ᠰᠠᠭᠤᠷᠢ

ᠰᠠᠭᠤᠷᠢ ᠭᠡᠵᠦ ᠬᠦᠴᠢᠯ ᠡᠴᠡ ᠤᠰᠤ ᠲᠥᠷᠦᠭᠴᠢ ᠶ᠋ᠢᠨ ᠠᠲ᠋ᠣᠮ ᠬᠦᠯᠢᠶᠡᠨ ᠠᠪᠴᠤ ᠴᠢᠳᠠᠬᠤ ᠮᠣᠯᠧᠻᠦ᠋ᠯ ‍ᠢ ᠬᠡᠯᠳᠡᠭ᠃[1]
ᠰᠠᠭᠤᠷᠢ ᠶ᠋ᠢᠨ ᠤᠰᠤᠨ ᠠᠭᠤᠰᠤᠮᠠᠯ ᠨᠢ ᠬᠦᠷᠲᠡᠬᠦᠢ ᠳ᠋ᠤ ᠬᠠᠯᠲᠤᠷᠢᠮᠠᠬᠠᠢ᠂ ᠭᠠᠰᠢᠭᠤᠨ ᠠᠮᠲᠠ ᠲᠠᠢ᠂ ᠢᠨ᠍ᠳᠢᠻᠠᠲᠣᠷindicator ᠦ᠋ᠨ ᠥᠩᠭᠡ ᠶ᠋ᠢ ᠥᠭᠡᠷᠡᠴᠢᠯᠡᠳᠡᠭ (ᠵᠡᠱᠢᠶᠯᠡᠪᠡᠯ᠂ ᠤᠯᠠᠭᠠᠨ ᠯᠢᠲᠮᠦ᠋ᠰlitmus ᠦ᠋ᠨ ᠴᠠᠭᠠᠰᠤ ᠶ᠋ᠢ ᠴᠡᠩᠬᠡᠷ ᠥᠩᠭᠡ ᠲᠡᠢ ᠪᠣᠯᠭᠠᠨ᠎ ‍ᠠ᠋)᠂ ᠬᠦᠴᠢᠯ ᠲᠡᠢ ᠤᠷᠪᠠᠯᠳᠤᠵᠤ ᠳᠠᠪᠤᠰᠤ ᠡᠭᠦᠰᠬᠡᠳᠡᠭ᠂ ᠵᠠᠷᠢᠮ ᠬᠢᠮᠢ ᠶ᠋ᠢᠨ ᠤᠷᠪᠠᠯ ‍ᠢ ᠬᠤᠷᠳᠤᠰᠬᠠᠳᠠᠭ (ᠰᠠᠭᠤᠷᠢᠲᠤ ᠻᠠᠲᠠᠯᠢᠽcatalysis) ᠪᠣᠳᠠᠰ ᠦ᠋ᠳ ᠶᠤᠮ᠃[2]
ᠤᠰᠤᠨ ᠳ᠋ᠤ ᠰᠠᠭᠤᠷᠢ ᠶ᠋ᠢᠨ ᠳ᠋ᠢᠰᠰᠥᠼᠢᠶᠠᠼdissociation OH- ᠢᠣᠨ ᠴᠢᠯᠦᠭᠡᠯᠦᠨ᠎ ‍ᠠ᠋᠃
ᠤᠰᠤᠨ ᠳ᠋ᠤ ᠠᠭᠤᠰᠳᠠᠭ ᠰᠠᠭᠤᠷᠢ ᠨᠤᠭᠤᠳ ‍ᠢ ᠱᠦᠯᠲᠦ ᠬᠡᠮᠡᠨ᠎ ‍ᠠ᠋᠃ [3]
ᠥᠷᠭᠡᠨ ᠬᠦᠷᠶᠶᠡᠨ ‍ᠦ ᠲᠣᠳᠤᠷᠬᠠᠢᠢᠯᠠᠯᠲᠠ ᠪᠠᠷ OH- ᠡᠭᠦᠰᠬᠡᠳᠡᠭ ᠦᠭᠡᠢ ᠵᠠᠷᠢᠮ ᠨᠢᠭᠡᠳᠦᠯ ᠦ᠋ᠳ ᠪᠠᠰᠠ ᠪᠠᠭᠲᠠᠳᠠᠬ ᠪᠠᠢᠢᠨ᠎ ‍ᠠ᠋᠃
ᠰᠠᠭᠤᠷᠢ ᠶ᠋ᠢᠨ ᠮᠣᠯᠧᠻᠦ᠋ᠯ ᠪᠦᠲᠦᠴᠡ ᠨᠢ ᠮᠧᠲᠠᠯ ᠦ᠋ᠨ ᠢᠣᠨ ᠪᠠ ᠰᠠᠭᠤᠷᠢ ᠶ᠋ᠢᠨ ᠦᠯᠡᠳᠡᠭᠳᠡᠯ ᠡᠴᠡ ᠪᠦᠷᠢᠳᠦᠨ᠎ ‍ᠠ᠋᠃






MeOH = Me+ + OH-


ᠡᠭᠦᠨ ᠳ᠋ᠦ᠄
Me+ ᠨᠢ ᠮᠧᠲᠠᠯ ᠦ᠋ᠨ ᠢᠣᠨ᠎᠂
OH- ᠨᠢ ᠾᠢᠲᠷᠣᠻᠰᠢᠳ᠋hydroxide ᠪᠦᠯᠦᠭ᠃

ᠵᠢᠱᠢᠶᠡᠯᠡᠪᠡᠯ᠄






NaOH + HCl = NaCl + H2O
ᠨᠠᠲ᠋ᠷᠢsodium ᠶ᠋ᠢᠨ
ᠾᠢᠲᠷᠣᠻᠰᠢᠳ᠋᠂

Ca(OH)2 + 2HCl = CaCl2 + 2H2O
ᠻᠠᠯᠼᠢcalcium ᠶ᠋ᠢᠨ
ᠾᠢᠲᠷᠣᠻᠰᠢᠳ᠋᠂



OH- ᠪᠦᠯᠦᠭ ᠭᠠᠭᠴᠠ ᠸᠠᠯᠧᠨ᠍ᠲ ᠲᠠᠢ᠂ ᠡᠰᠡᠷᠭᠦ ᠴᠡᠨᠡᠭ ᠲᠡᠢ᠃ ᠲᠡᠢᠢᠮᠦ ᠡᠴᠡ ᠰᠠᠭᠤᠷᠢ ᠶ᠋ᠢᠨ ᠪᠦᠲᠦᠴᠡ ᠳ᠋ᠡᠬᠢ ᠾᠢᠲᠷᠣᠻᠰᠢᠳ ᠪᠦᠯᠦᠭ ᠦ᠋ᠨ ᠲᠣᠭ ‍ᠠ᠋ ᠮᠧᠲ᠋ᠠᠯ ᠦ᠋ᠨ ᠸᠠᠯᠧᠨ᠍ᠲ ᠦ᠋ᠨ ᠤᠳᠬ ‍ᠠ᠋ ᠲᠠᠢ ᠲᠡᠩᠴᠡᠭᠦᠦ ᠪᠠᠢᠢᠨ᠎ ‍ᠠ᠋: (NaOH;
Ca(OH)2;
Al(OH)3)

ᠰᠠᠭᠤᠷᠢᠨ ᠨᠤᠭᠤᠳ ᠪᠣᠯ ᠬᠦᠴᠢᠯ ᠢ ᠰᠠᠭᠠᠷᠮᠠᠭᠵᠢᠭᠤᠯᠳᠠᠭ ᠨᠢᠭᠡᠳᠦᠯ ᠦᠳ ᠶᠤᠮ. ᠨᠠᠲᠷᠢ ᠶ᠋ᠢᠨ ᠻᠠᠷᠪᠣᠨᠠᠲ᠋ ᠪᠠ ᠠᠮᠮᠢᠶᠠᠻ ᠨᠢ ᠾᠢᠲᠷᠣᠻᠰᠢᠳ᠋ ᠪᠦᠯᠦᠭ ᠠᠭᠤᠯᠠᠳᠠᠭ ᠦᠭᠡᠢ ᠪᠣᠯᠪᠠᠴᠤ ᠪᠠᠰᠠ ᠰᠠᠭᠤᠷᠢ ᠮᠥᠨ᠃






Na2CO3 + H2O → 2Na+ + HCO3 + OH

NH3 + H2O → NH4+ + OH

ᠢᠪᠴᠤᠤ ᠤᠳᠬ ‍ᠠ᠋ ᠪᠠᠷ ᠰᠠᠭᠤᠷᠢ ᠨᠤᠭᠤᠳ ᠮᠧᠲ᠋ᠠᠯ ᠠᠲ᠋ᠣᠮ᠂ ᠡᠰᠡᠪᠡᠯ ᠠᠯᠢ ᠡᠶᠡᠷᠭᠦ ᠴᠡᠨᠡᠭ ᠲᠠᠢ ᠠᠲᠣ᠋ᠣᠮ ᠦ᠋ᠨ ᠪᠦᠯᠦᠭ ᠨᠢᠭᠡ ᠪᠤᠶᠤ ᠬᠡᠳᠦ ᠬᠡᠳᠦᠨ ᠾᠢᠲᠷᠣᠻᠰᠢᠳ᠋ ᠪᠦᠯᠦᠭ ᠦ᠋ᠳ ᠲᠡᠢ ᠨᠡᠢᠢᠯᠡᠭᠰᠡᠨ ᠴᠣᠭᠴᠠ ᠨᠠᠶᠢᠷᠠᠯᠭ᠎ ‍ᠠ᠋ ᠳ᠋ᠤ ᠦᠨᠳᠦᠰᠦᠯᠡᠭᠳᠡᠳᠡᠭ᠃[4]

==

ᠤᠶᠠᠯᠳᠤᠭ᠎ ‍ᠠ᠋ ᠲᠠᠢ ᠰᠡᠳᠦᠪ

ᠬᠦᠴᠢᠯ

ᠲᠦᠯᠬᠢᠭᠦᠷ ᠦᠭᠡᠰ

ᠵᠡᠭᠦᠯᠲᠦ᠂ ᠡᠬᠢ ᠰᠤᠷᠪᠤᠯᠵᠢ

  1. Byju's Learning App. Acids and Bases. ᠬᠠᠨᠳᠤᠭᠰᠠᠨ 2020/09/18
  2. Britannica. Base (chemical compound), ᠬᠠᠨᠳᠤᠭᠰᠠᠨ 2020/09/18
  3. А.М.Прохоров и др. Советский энциклопедический словарь. ©Издательство “Советская энциклопедия”. Москва 1989
  4. Рудзитис Г. Е., Фельдман Ф. Г. Химия. Неорганическая химия. Органическая химия. 9 класс. — 13-е изд. — М.: Просвещение, 2009. —ISBN 978-5-09-021-625-8