ᠭᠠᠲᠤᠯᠭ ᠊ᠠ᠋

Wikibilig-с
21:39, 12 Арваннэгдүгээр сар 2020-ий байдлаарх Bilig Expeditions (яриа | оруулсан хувь нэмэр) хэрэглэгчийн хийсэн залруулга
ᠣᠷᠬᠤᠨ ᠮᠥᠷᠡᠨ ᠳᠡᠭᠡᠷᠡᠬᠢ ᠭᠠᠲᠤᠯᠭ᠎ᠠ᠃
ᠠᠷᠦᠬᠠᠩᠭᠠᠢ ᠠᠢᠢᠮᠠᠭ


ᠭᠣᠣᠯ᠂ ᠤᠰᠤ ᠭᠠᠲᠤᠯᠤᠭᠤᠯᠬᠤ ᠣᠩᠭᠣᠴᠠ᠂ ᠵᠠᠪᠢ᠂ ᠰᠠᠯ ᠲᠡᠷᠢᠭᠦᠲᠡᠨ ᠲᠡᠭᠡᠭᠡᠪᠦᠷᠢ ᠶᠢᠨ ᠬᠡᠷᠡᠭᠰᠡᠯ ᠢ ᠭᠠᠲᠤᠯᠭ᠎ᠠ ᠭᠡᠨ᠎ᠡ᠃
ᠠᠮᠠᠨ ᠶᠠᠷᠢᠶᠠᠨ ᠤ ᠬᠡᠯᠡ ᠪᠡᠷ 《ᠪᠢ᠊ᠷᠸ‍ᠠ‍ᠽ᠋》(бярвааз) ᠭᠡᠳᠡᠭ ᠨᠢ ᠣᠷᠣᠰ ᠬᠡᠯᠡᠨ ᠦ перевоз ᠭᠡᠰᠡᠨ ᠦᠭᠡ ᠮᠥᠨ ᠪᠣᠯᠪᠠᠴᠤ ᠣᠷᠣᠰ ᠠᠴᠠ ᠭᠠᠲᠤᠯᠭ᠎ᠠ ᠶᠢ перевоз ᠭᠡᠳᠡᠭ ᠦᠭᠡᠢ᠂ паром ᠭᠡᠳᠡᠭ ᠪᠣᠯᠤᠨ᠎ᠠ᠃
ᠭᠠᠲᠤᠯᠭ᠎ᠠ ᠪᠠᠷ ᠵᠣᠷᠴᠢᠭᠴᠢ᠂ ᠠᠦ᠋ᠲ᠋ᠣᠮᠠᠰᠢᠨ ᠵᠡᠷᠭᠡ ᠲᠡᠭᠡᠭᠡᠪᠦᠷᠢ ᠶᠢᠨ ᠬᠡᠷᠡᠭᠰᠡᠯ᠂ ᠠᠴᠢᠶ᠎ᠠ ᠪᠠᠷᠠᠭ᠎ᠠ ᠲᠡᠭᠡᠭᠡᠪᠦᠷᠢᠯᠡᠵᠦ ᠪᠣᠯᠤᠨ᠎ᠠ᠃
ᠭᠠᠲᠤᠯᠭ᠎ᠠ ᠶᠢ ᠥᠪᠡᠷ ᠢᠶᠡᠨ ᠶᠠᠪᠤᠭᠴᠢ ᠬᠢᠭᠡᠳ ᠡᠰᠡ ᠥᠪᠡᠷ ᠢᠶᠡᠨ ᠶᠠᠪᠤᠭᠴᠢ ᠭᠡᠵᠦ ᠠᠩᠭᠢᠯᠠᠵᠤ ᠪᠣᠯᠤᠨ᠎ᠠ᠃
ᠥᠪᠡᠷ ᠢᠶᠡᠨ ᠶᠠᠪᠤᠭᠴᠢ ᠭᠠᠲᠤᠯᠭ᠎ᠠ ᠨᠢ ᠥᠪᠡᠷ ᠦᠨ ᠬᠥᠳᠡᠯᠭᠡᠭᠦᠷ ᠦᠨ ᠬᠦᠴᠦ ᠪᠡᠷ ᠬᠥᠳᠡᠯᠬᠦ ᠪᠠ ᠡᠷᠭᠢ ᠲᠡᠢ ᠶᠠᠮᠪᠠᠷᠪᠠ ᠪᠠᠶᠢᠳᠠᠯ ᠢᠶᠠᠷ ᠬᠣᠯᠪᠣᠭᠳᠠᠭᠠᠳᠦᠢ ᠪᠠᠶᠢᠨ᠎ᠠ. ᠡᠰᠡ ᠥᠪᠡᠷ ᠢᠶᠡᠨ ᠶᠠᠪᠤᠭᠴᠢ ᠭᠠᠲᠤᠯᠭ᠎ᠠ ᠨᠢ ᠲᠠᠲᠠᠯᠭ᠎ᠠ ᠪᠠᠷ ᠡᠷᠭᠢ ᠲᠦ ᠬᠣᠯᠪᠣᠭᠳᠠᠭᠰᠠᠨ ᠪᠠᠶᠢᠳᠠᠭ᠃
ᠲᠠᠲᠠᠯᠭ᠎ᠠ ᠲᠷᠣᠰᠰ ᠨᠢ ᠬᠣᠶᠠᠷ ᠲᠠᠯ᠎ᠠ ᠶᠢᠨ ᠡᠷᠭᠢ ᠳᠦ ᠪᠡᠬᠢᠯᠡᠭᠳᠡᠭᠰᠡᠨ ᠪᠠᠶᠢᠬᠤ ᠪᠠ ᠭᠠᠲᠤᠯᠭ᠎ᠠ ᠣᠩᠭᠣᠴᠠ᠂ ᠰᠠᠯ ᠨᠢ ᠤᠭ ᠲᠠᠲᠠᠯᠭ᠎ᠠ ᠶᠢᠨ ᠳᠠᠭᠠᠤ ᠬᠥᠳᠡᠯᠦᠨ᠎ᠡ᠃

ᠵᠢᠷᠤᠭ ᠦ᠋ᠨ ᠴᠣᠮᠤᠭ



ferry; гатлага ᠤᠰᠤᠨ ᠵᠠᠮ ᠤᠨ ᠲᠡᠭᠡᠪᠦᠷᠢ