ᠮᠠᠵᠠᠭᠠᠯᠠᠶ ᠬᠢᠮᠡᠯ ᠳᠠᠭᠠᠭᠤᠯᠢ
|
ᠮᠠᠵᠠᠭᠠᠯᠠᠶ ᠨᠢ ᠬᠥᠭᠵᠢᠵᠦ ᠪᠤᠢ ᠣᠷᠤᠨ ᠨᠤᠭᠤᠳ ᠳᠤ ᠰᠠᠨᠰᠠᠷ ᠰᠤᠳᠤᠯᠤᠯ ᠤᠨ ᠰᠠᠯᠪᠤᠷ ᠲᠤ ᠠᠵᠢᠯᠯᠠᠬᠤ ᠢᠨᠵᠧᠨᠧᠷ ᠦᠳ ᠪᠡᠯᠡᠳᠬᠡᠵᠦ ᠥᠭᠬᠦ ᠵᠣᠷᠢᠯᠭ ᠠ᠋ ᠲᠠᠢ ᠶᠠᠫᠣᠨ ᠤᠯᠤᠰ ᠤᠨ "ᠰᠢᠪᠠᠭᠤᠳ" ᠲᠥᠰᠦᠯ ᠦᠨ ᠬᠦᠷᠢᠶᠡᠨ ᠳᠦ ᠮᠣᠩᠭᠤᠯ ᠤᠨ ᠡᠷᠳᠡᠮᠲᠡᠨ ᠵᠠᠯᠠᠭᠤᠴᠤᠳ ᠤᠨ ᠪᠦᠲᠦᠭᠡᠭᠰᠡᠨ ᠬᠢᠮᠡᠯ ᠳᠠᠭᠠᠭᠤᠯᠢ᠃
ᠮᠠᠵᠠᠭᠠᠯᠠᠢ ᠬᠢᠮᠡᠯ ᠳᠠᠭᠠᠭᠤᠯᠢ ᠢᠢ 2017 ᠣᠨ ᠤ 6 ᠰᠠᠷ ᠠ᠋ ᠢᠢᠨ 3 ᠳ᠋ᠤ ᠬᠥᠭᠡᠷᠭᠡᠭᠰᠡᠨ᠂
ᠲᠤᠷᠰᠢᠯᠲᠠ ᠢᠢᠨ ᠵᠣᠷᠢᠯᠭᠤᠯᠠᠯᠲᠠ ᠪᠠᠷ ᠬᠥᠭᠡᠷᠭᠡᠭᠰᠡᠨ ᠪᠠ 6 ᠰᠠᠷ ᠠ᠋ ᠠᠵᠢᠯᠯᠠᠬᠤ ᠪᠠᠷ ᠲᠣᠭᠠᠴᠠᠭᠠᠯᠠᠭᠰᠠᠨ ᠪᠠᠢᠢᠭᠰᠠᠨ᠃
ᠲᠣᠭᠤᠷᠢᠭ ᠵᠠᠮ ᠡᠴᠡ ᠡᠬᠡ ᠳᠡᠯᠡᠬᠡᠢ ᠦᠷᠦᠭᠦ ᠲᠥᠷᠦ ᠢᠢᠨ ᠳᠠᠭᠤᠯᠠᠯ ᠳᠠᠮᠵᠢᠭᠤᠯᠬᠤ ᠲᠥᠯᠦᠪᠯᠡᠭᠡ ᠲᠡᠢ ᠪᠠᠢᠢᠭᠰᠠᠨ᠃
2019 ᠣᠨ ᠤ 5 ᠰᠠᠷ ᠠ᠋ ᠢᠢᠨ 11 ᠳ᠋ᠤ ᠲᠣᠭᠤᠷᠢᠭ ᠵᠠᠮ ᠡᠴᠡ ᠪᠠᠨ ᠭᠠᠷᠤᠭᠠᠳ ᠬᠣᠯᠪᠤᠭ ᠠ᠋ ᠲᠠᠰᠤᠷᠠᠭᠰᠠᠨ᠃
ᠨᠡᠢᠢᠲᠡ 707 ᠬᠣᠨᠤᠭ ᠪᠤᠶᠤ 16,968 ᠴᠠᠭ ᠠᠵᠢᠯᠯᠠᠭᠰᠠᠨ ᠪᠠᠢᠢᠨ ᠠ᠋᠃
ᠵᠠᠢ ᠬᠤᠷᠢᠶᠠᠭᠤᠷ ᠤᠳ ᠲᠤ ᠮᠥᠴᠢᠯᠭᠡ ᠢᠢᠨ ᠲᠣᠭ ᠠ᠋ (cycle count) ᠭᠡᠵᠦ ᠦᠵᠡᠭᠦᠯᠦᠯᠲᠡ ᠪᠠᠢᠢᠳᠠᠭ᠃
ᠡᠨᠡ ᠨᠢ ᠬᠡᠳᠦᠨ ᠤᠳᠠᠭ ᠠ᠋ ᠴᠡᠨᠢᠭᠯᠡᠵᠦ ᠲᠣᠭ ᠠ᠋᠂ ᠨᠠᠰᠤᠨ ᠤ ᠬᠢᠵᠠᠭᠠᠷ ᠭᠡᠵᠦ ᠪᠣᠯᠤᠨ ᠠ᠋᠃
ᠣᠭᠲᠠᠷᠭᠤᠶ ᠋ᠳᠤ ᠰᠠᠴᠤᠷᠠᠭ ᠲᠤᠶᠠᠭ ᠊ᠠ᠋ ᠶᠡᠬᠡ᠂ ᠪᠠᠰᠠ ᠬᠦᠢᠲᠡᠨ ᠲᠤᠯᠠ ᠵᠢᠵᠢᠭ ᠬᠢᠮᠡᠯ ᠳᠠᠭᠠᠭᠤᠯᠢ ᠨᠤᠭᠤᠳ ᠬᠡᠳᠦᠢ ᠨᠠᠷᠠᠨ ᠤ ᠵᠠᠢ ᠬᠤᠷᠢᠶᠠᠭᠤᠷ ᠲᠠᠢ ᠪᠣᠯᠪᠠᠴᠤ ᠤᠳᠠᠭᠠᠨ ᠠᠵᠢᠯᠯᠳᠠᠭ ᠦᠭᠡᠢ ᠠᠵᠡᠢ᠃
ᠡᠳᠦᠭᠡ ᠮᠣᠩᠭᠤᠯ ᠤᠯᠤᠰ ᠤᠨ ᠶᠡᠬᠡ ᠰᠤᠷᠭᠠᠭᠤᠯᠢ ᠳ᠋ᠤ ᠲᠡᠮᠡᠦᠯᠡᠯ ᠬᠡᠮᠡᠬᠦ Cubecast ᠬᠥᠭᠵᠢᠭᠦᠯᠦᠯᠲᠡ ᠶᠠᠪᠤᠭᠳᠠᠵᠤ ᠪᠠᠢᠢᠨ ᠠ᠋᠃
ᠡᠨᠡ ᠨᠢ ᠮᠠᠵᠠᠭᠠᠯᠠᠢ ᠬᠢᠮᠡᠯ ᠳᠠᠭᠠᠭᠤᠯᠢ ᠢᠢ ᠪᠢᠲᠢᠭᠡᠭᠰᠡᠨ ᠲᠥᠰᠦᠯ ᠦᠨ ᠦᠷ ᠡ᠋ ᠳ᠋ᠦ᠋ᠩ ᠶᠤᠮ᠃
ᠢᠢᠨ ᠬᠦ ᠥᠪᠡᠷᠰᠡᠳ ᠢᠢᠡᠨ ᠬᠢᠮᠡᠯ ᠳᠠᠭᠠᠭᠤᠯᠢ ᠪᠦᠲᠢᠭᠡᠵᠦ᠂ ᠬᠥᠭᠡᠷᠭᠡᠬᠦ ᠬᠡᠮᠵᠢᠶᠡᠨ ᠳᠦ ᠬᠦᠷᠦᠭᠰᠡᠨ ᠢᠨᠦ ᠳᠥᠷᠪᠢ ᠲᠠᠢ ᠦᠷ ᠡ᠋ ᠳ᠋ᠦ᠋ᠩ ᠮᠥᠨ᠃.
ᠬᠢᠴᠡ᠂ ᠪᠢᠲᠢᠴᠡ
ᠮᠣᠵᠣᠭᠠᠯᠠᠶ ᠬᠢᠮᠡᠯ ᠳᠠᠭᠠᠭᠤᠯᠢ ᠨᠢ CubeSat 1U ᠰᠠᠭᠤᠷᠢ ᠳᠡᠭᠡᠷ᠎ᠡ ᠤᠭᠰᠠᠷᠠᠭᠰᠠᠨ᠂ ᠲᠠᠯ᠎ᠠ ᠲᠠᠯ᠎ᠠ ᠲᠡᠢᠢᠰᠢ 10 ᠰᠠᠨᠲ᠋ᠢᠮᠧᠲ᠋ᠷ ᠬᠡᠮᠵᠢᠶ᠎ᠡ ᠲᠡᠢ᠂ 1 ᠻᠢᠯᠣᠭᠷᠠᠮ ᠮᠠᠰᠰ ᠲᠠᠢ ᠵᠢᠵᠢᠭ ᠬᠢᠮᠡᠯ ᠳᠠᠭᠠᠭᠤᠯᠢ ᠶᠤᠮ᠃
ᠶᠡᠬᠡ ᠪᠡᠶ᠎ᠡ ᠳᠡᠭᠡᠷᠡᠬᠢ ᠨᠠᠷᠠᠨ ᠤ ᠵᠠᠢ ᠪᠠᠷ ᠴᠠᠬᠢᠯᠭᠠᠨ ᠲᠡᠵᠢᠭᠡᠯ ᠬᠠᠩᠭᠠᠳᠠᠭ᠃ ᠳᠡᠯᠡᠬᠡᠢ ᠦᠷᠦᠭᠦ ᠴᠢᠭᠯᠡᠭᠦᠯᠬᠦ ᠳ᠋ᠦ ᠪᠡᠨ ᠴᠠᠬᠢᠯᠭᠠᠨ ᠰᠣᠷᠢᠨᠵᠢᠨ ᠠᠰᠢᠭᠯᠠᠨ ᠰᠣᠷᠢᠨᠵᠢᠨ ᠣᠷᠣᠨ ᠤ ᠳᠠᠭᠠᠭᠤ ᠭᠦᠢᠴᠡᠳᠭᠡᠭᠰᠡᠨ᠃
ᠵᠢᠯᠤᠭᠤᠳᠤᠯᠭ ᠠ ᠶᠢ GPS ᠬᠦᠯᠢᠶᠡᠨ ᠠᠪᠤᠭᠴᠢ ᠠᠰᠢᠭᠯᠠᠨ ᠬᠡᠷᠡᠭᠵᠢᠭᠦᠯᠦᠭᠰᠡᠨ᠃<ref>Bird B, BTN, G, J, JPN, LKA, M, MYS, N, NPL, PHL. (BRAC Onnesha, Bhutan 1, GhanaSat 1, Toki, Uguisu, Raavana 1, Mazaalai, UiTMSAT 1, EduSat 1, NepaliSat 1, MAYA 1). ᠬᠠᠨᠳᠤᠭᠰᠠᠨ 2021/03/05</ref>
ᠠᠰᠢᠭᠲᠠᠢ ᠠᠴᠢᠶ᠎ᠠ ᠨᠢ ᠬᠣᠶᠠᠷ ᠳ᠋ᠢᠵᠢᠲᠠᠯ᠎ᠠ CCD ᠺᠠᠮᠧᠷ᠂ ᠣᠭᠲᠠᠷᠭᠤᠢ ᠶᠢᠨ ᠰᠠᠴᠤᠷᠠᠭ ᠲᠤᠶᠠᠭ᠎ᠠ ᠮᠡᠳᠡᠷᠡᠭᠴᠢ᠂ ᠠᠭᠠᠷ ᠮᠠᠨᠳᠠᠯ ᠤᠨ ᠨᠢᠭᠲᠠ ᠬᠡᠮᠵᠢᠬᠦ ᠬᠡᠷᠡᠭᠰᠡᠯ ᠪᠠᠶᠢᠭᠰᠠᠨ᠃
0᠂3 ᠮᠸᠭᠠᠫᠢᠻᠰᠧᠯ ᠪᠠ 5 ᠮᠸᠭᠠᠫᠢᠻᠰᠧᠯ ᠦᠨ ᠻᠠᠮᠧᠷ ᠤᠳ ᠣᠫᠲ᠋ᠢᠻ ᠪᠣᠯᠤᠨ ᠢᠨ᠍ᠹᠷᠠ ᠤᠯᠠᠭᠠᠨ ᠲᠤᠶᠠᠭᠠᠨ ᠤ ᠵᠤᠷᠪᠤᠰ ᠲᠤ ᠳᠡᠯᠡᠬᠡᠢ ᠶᠢᠨ ᠭᠠᠳᠠᠷᠭᠤ ᠶᠢᠨ ᠵᠢᠷᠤᠭ ᠢ 100 ᠮᠧᠲ᠋ᠧᠷ ᠦᠨ ᠨᠠᠷᠢᠪᠴᠢᠯᠠᠯ ᠲᠠᠢ ᠠᠪᠴᠤ ᠪᠠᠶ᠋ᠢᠭᠰᠠᠨ᠃
ᠷᠠᠳᠢᠣ᠋ ᠰᠣᠨᠢᠷᠬᠠᠭᠴᠢᠳ ᠲᠤ ᠵᠣᠷᠢᠭᠤᠯᠵᠤ ᠵᠢᠵᠢᠭ ᠳᠠᠮᠵᠢᠭᠤᠯᠤᠭᠴᠢ ᠰᠠᠭᠤᠷᠢᠯᠠᠭᠤᠯᠤᠭᠰᠠᠨ᠃
ᠳᠠᠮᠵᠢᠭᠤᠯᠤᠭᠴᠢ ᠨᠢ 437 ᠮᠧᠭᠠᠾᠧᠷᠽ (MHz) ᠵᠤᠷᠪᠤᠰ ᠲᠤ ᠠᠵᠢᠯᠯᠠᠵᠤ ᠪᠠᠶ᠋ᠢᠪᠠ᠃<ref>Mazaalai satellite enters trajectory orbit. 2017/07/07 ᠬᠠᠨᠳᠤᠭᠰᠠᠨ 2021/03/05</ref>
ᠨᠡᠷ ᠡ᠋ ᠲᠣᠮᠢᠶᠠᠯᠠᠯ
