Chimee

Wikibilig-с
10:27, 1 Дөрөвдүгээр сар 2021-ий байдлаарх Uranbilig (яриа | оруулсан хувь нэмэр) хэрэглэгчийн хийсэн залруулга

ᠨᠡᠢᠢᠲᠡᠯᠡᠯ ‍ᠦᠨ ᠨᠡᠷ ‍ᠡ᠋

ᠳᠡᠯᠡᠬᠡᠢ ᠨᠡᠶᠢᠲᠡ ᠶᠢᠨ ᠴᠠᠬᠢᠮ ᠬᠡᠷᠡᠭᠯᠡᠭᠡᠨ ᠦ ᠲᠣᠨᠣᠭ ᠲᠥᠬᠥᠭᠡᠷᠦᠮᠵᠢ ᠨᠤᠭᠦᠳ ᠬᠡᠮᠵᠢᠶᠡᠨ ᠦ ᠬᠤᠪᠢ ᠳᠤ ᠤᠯᠠᠮ ᠠᠪᠰᠠᠷᠬᠠᠨ᠂ ᠬᠦᠴᠦᠨ ᠴᠢᠳᠠᠯ ᠥᠨᠳᠥᠷ ᠪᠣᠯᠵᠤ ᠪᠠᠶᠢᠭ᠎ᠠ ᠢᠢ ᠲᠠ ᠪᠢᠳᠡ ᠪᠦᠬᠦᠨ ᠰᠠᠢᠢᠨ ᠮᠡᠳᠡᠮᠦᠢ᠃ ᠡᠭᠦᠨ ᠲᠡᠢ ᠬᠣᠯᠪᠣᠭ᠎ᠠ ᠲᠠᠢ ᠪᠠᠷ ᠭᠠᠷ ᠤᠲᠠᠰᠤ ᠳᠡᠭᠡᠷ᠎ᠡ ᠮᠣᠩᠭᠣᠯ ᠪᠢᠴᠢᠭ ᠢᠶᠡᠷ ᠪᠢᠴᠢᠬᠦ ᠶᠠᠮᠪᠠᠷ ᠠᠫᠫ ᠬᠡᠷᠡᠭᠯᠡᠳᠡᠭ ᠲᠠᠯ᠎ᠠ ᠪᠠᠷ ᠥᠪᠡᠷ ᠢᠶᠡᠨ ᠬᠡᠷᠡᠭᠯᠡᠵᠦ ᠦᠵᠡᠭᠰᠡᠨ ᠦ ᠦᠨᠳᠦᠰᠦᠨ ᠳᠡᠭᠡᠷ᠎ᠡ ᠰᠠᠨᠠᠭ᠎ᠠ᠂ ᠵᠥᠪᠯᠡᠮᠵᠢ ᠥᠭᠬᠦᠶ ᠡ᠃ ᠡᠨᠡ ᠪᠢᠴᠢᠪᠦᠷᠢ ᠶᠢ ᠮᠥᠨ ᠯᠠ ᠭᠠᠷ ᠤᠲᠠᠰᠤᠨ ᠳᠡᠭᠡᠷ᠎ᠡ ᠬᠢᠭᠰᠡᠨ ᠪᠢᠯᠡ᠃ ᠰᠡᠭᠦᠯ ᠦᠨ ᠦᠶ᠎ᠡ ᠳᠦ ᠬᠦᠮᠦᠰ ᠭᠠᠷ ᠤᠲᠠᠰᠤ ᠶᠢ ᠥᠷᠭᠡᠨ ᠬᠡᠷᠡᠭᠯᠡᠳᠡᠭ ᠪᠣᠯᠤᠭᠰᠠᠨ ᠪᠣᠯᠪᠠᠴᠤ ᠮᠣᠩᠭᠣᠯ ᠪᠢᠴᠢᠭ ᠦᠨ ᠭᠠᠷ ᠪᠤᠶᠤ keyboard ᠍ ᠪᠠᠨ ᠰᠣᠩᠭᠣᠵᠤ ᠮᠡᠳᠡᠬᠦ ᠦᠭᠡᠢ᠂ ᠬᠠᠶᠢᠵᠤ ᠣᠯᠵᠤ ᠴᠢᠳᠠᠬᠤ ᠦᠭᠡᠢ ᠪᠠᠶᠢᠭ᠎ᠠ ᠪᠠᠶᠢᠳᠠᠯ ᠠᠵᠢᠭᠯᠠᠭᠳᠠᠳᠠᠭ᠃ ᠣᠳᠣ ᠪᠠᠷ ᠨᠢᠭᠡ ᠦᠶ ᠡ ᠪᠡᠨ ᠪᠣᠳᠣᠪᠠᠯ ᠡᠶᠢᠮᠦ ᠭᠠᠷ ᠤᠲᠠᠰᠤᠨ ᠤ ᠭᠠᠷ ᠪᠠᠰᠠ ᠴᠤ ᠦᠭᠡᠢ ᠬᠡᠳᠦ ᠬᠡᠳᠦ ᠪᠠᠶᠢᠨ᠎ᠠ ᠃ ᠡᠭᠦᠨ ᠳᠦ Keyswift᠂ Munkhgal᠂ Chimee ᠭᠡᠬᠦ ᠮᠡᠲᠦ ᠃ ᠮᠢᠨᠦ ᠬᠤᠪᠢ ᠳᠤ Chimee ᠠᠫᠫ ᠢ ᠬᠡᠷᠡᠭᠯᠡᠵᠦ ᠪᠠᠶᠢᠨ᠎ᠠ᠃ ᠳᠣᠣᠷᠠᠬᠢ ᠲᠠᠨᠢᠯᠴᠠᠭᠤᠯᠭ᠎ᠠ ᠨᠢ ᠳᠡᠭᠡᠷ᠎ᠡ ᠳᠤᠷᠢᠳᠠᠭᠰᠠᠨ ᠪᠤᠰᠤᠳ ᠬᠣᠶᠠᠷ ᠠᠫᠫ ᠲᠠᠢ ᠬᠠᠷᠢᠴᠠᠭᠤᠯᠤᠭᠰᠠᠨ ᠪᠥᠭᠡᠳ ᠵᠥᠪᠬᠡᠨ ᠬᠡᠷᠡᠭᠯᠡᠭᠴᠢ ᠶᠢᠨ ᠡᠭᠦᠳᠡᠨ ᠡᠴᠡ ᠬᠠᠨᠳᠤᠭᠰᠠᠨ ᠪᠣᠯᠤᠨ᠎ᠠ᠃ ᠤᠭ ᠠᠫᠫ ᠦᠨ ᠳᠠᠪᠠᠭᠤ ᠲᠠᠯ᠎ᠠ ᠪᠣᠯᠤᠨ ᠳᠤᠲᠠᠭᠳᠠᠯ ᠲᠠᠢ ᠲᠠᠯ᠎ᠠ ᠶᠢ ᠲᠠ ᠪᠦᠬᠦᠨ ᠳᠦ ᠲᠠᠨᠢᠯᠴᠠᠭᠤᠯᠤᠶ᠎ᠠ᠄ -ᠳᠠᠪᠠᠭᠤ ᠲᠠᠯ᠎ᠠ ᠨᠤᠭᠤᠳ᠄ ᠡᠨᠡᠬᠦ ᠠᠫᠫ ᠨᠢ ᠪᠤᠰᠤᠳ ᠠᠫᠫ ᠲᠠᠢ ᠬᠠᠷᠢᠴᠠᠭᠤᠯᠬᠤ ᠳᠤ ᠭᠠᠷ ᠳᠡᠭᠡᠷᠡᠬᠢ ᠦᠰᠦᠭ ᠦᠨ ᠪᠠᠶᠢᠷᠢᠯᠠᠯ ᠪᠣᠰᠤᠭ᠎ᠠ ᠬᠠᠷᠠᠭᠳᠤᠴᠠ ᠲᠠᠢ ᠨᠢ ᠲᠠᠭᠠᠲᠠᠢ ᠡᠪᠲᠡᠢ ᠪᠠᠶᠢᠳᠠᠭ᠃ ᠴᠢᠮᠡᠭᠡ ᠠᠫᠫ ᠢ ᠰᠠᠭᠤᠯᠭᠠᠭᠰᠠᠨ ᠢᠶᠠᠷ ᠨᠢᠭᠡ ᠠᠫᠫ ᠪᠤᠶᠤ ᠭᠠᠷ ᠳᠡᠭᠡᠷ᠎ᠡ ᠭᠤᠷᠪᠠᠨ ᠥᠭᠡᠷ᠎ᠡ ᠴᠠᠭᠠᠨ ᠲᠣᠯᠣᠭᠠᠢ ᠬᠡᠷᠡᠭᠯᠡᠵᠦ ᠪᠣᠯᠬᠤ ᠳᠠᠪᠠᠭᠤ ᠲᠠᠯ᠎ᠠ ᠲᠠᠢ᠃ ᠥᠭᠡᠷ᠎ᠡ ᠪᠡᠷ ᠬᠡᠯᠡᠪᠡᠯ ᠻᠢᠷᠢᠯ᠂ ᠯᠠᠲ᠋ᠢᠨ᠂ ᠮᠣᠩᠭᠣᠯ ᠪᠢᠴᠢᠭ ᠭᠡᠰᠡᠨ ᠦᠭᠡ ᠶᠤᠮ᠃ ᠡᠭᠦᠪᠡᠷ ᠢᠶᠡᠨ ᠣᠯᠠᠨ ᠠᠫᠫ ᠲᠠᠲᠠᠬᠤ ᠱᠠᠭᠠᠷᠳᠠᠯᠭ᠎ᠠ ᠦᠭᠡᠢ (ᠵᠢᠷᠤᠭ ᠨᠢᠭᠡ) ᠪᠣᠯᠭᠠᠵᠤ ᠪᠠᠢᠢᠨ᠎ᠠ᠃

ᠮᠣᠩᠭᠣᠯ ᠪᠢᠴᠢᠭ ᠳᠡᠮᠵᠢᠬᠦ ᠦᠭᠡᠢ ᠤᠷᠴᠢᠨ ᠳᠤ ᠡᠰᠡᠪᠡᠯ ᠬᠡᠷᠡᠭᠯᠡᠵᠦ ᠪᠤᠢ ᠲᠥᠬᠥᠭᠡᠷᠦᠮᠵᠢ ᠮᠣᠩᠭᠣᠯ ᠪᠢᠴᠢᠭ ᠢᠶᠡᠷ ᠪᠢᠴᠢᠭᠰᠡᠨ ᠵᠦᠢᠯ ᠢ ᠬᠦᠯᠢᠶᠡᠨ ᠠᠪᠤᠭᠴᠢ ᠨᠢ ᠤᠩᠰᠢᠬᠤ ᠪᠣᠯᠤᠮᠵᠢ ᠦᠭᠡᠢ ᠨᠥᠬᠥᠴᠡᠯ ᠳᠦ ᠴᠢᠮᠡᠭᠡ ᠳᠡᠭᠡᠷ᠎ᠡ ᠡᠴᠡ ᠪᠢᠴᠢᠭᠰᠡᠨ ᠪᠢᠴᠢᠪᠦᠷᠢ ᠰᠢᠭᠤᠳ ᠵᠢᠷᠤᠭ ᠬᠡᠯᠪᠡᠷᠢ ᠳᠦ ᠰᠢᠯᠵᠢᠵᠦ ᠬᠦᠷᠡᠳᠡᠭ᠃ (ᠵᠢᠷᠤᠭ ᠬᠣᠶᠠᠷ)

ᠮᠥᠨ ᠵᠢᠵᠢᠭ ᠵᠢᠷᠤᠭᠲᠤ ᠮᠣᠩᠭᠣᠯ ᠪᠢᠴᠢᠭ ᠦᠨ ᠵᠢᠵᠢᠭ ᠪᠢᠴᠢᠪᠦᠷᠢ ᠲᠠᠶᠢᠯᠪᠤᠷᠢ ᠣᠷᠣᠭᠤᠯᠬᠤ ᠵᠡᠷᠭᠡ ᠳᠦ ᠠᠰᠢᠭᠯᠠᠨ᠎ᠠ᠃ ᠮᠥᠨ ᠥᠨᠥ ᠶᠢᠨ ᠢᠨᠲ᠋ᠧᠷᠨᠧᠲ ᠣᠷᠴᠢᠨ ᠳᠤ ᠤᠷᠳᠤ ᠬᠥᠷᠰᠢ ᠳᠦ ᠪᠤᠢ ᠮᠣᠩᠭᠣᠯᠴᠤᠳ ᠮᠠᠨᠢ ᠪᠢᠳᠡᠨ ᠲᠡᠢ ᠬᠠᠷᠢᠴᠠᠭᠤᠯᠬᠤ ᠳᠤ ᠬᠠᠲᠠᠭᠤᠬᠠᠨ ᠬᠡᠯᠡᠬᠦ ᠳᠦ ᠲᠣᠯᠣᠭᠠᠢ ᠢᠯᠡᠭᠦᠦ ᠬᠥᠭᠵᠢᠭᠦᠯᠵᠤ ᠪᠠᠶᠢᠨ᠎ᠠ ᠭᠡᠳᠡᠭ ᠢ ᠳᠤᠷᠠᠳᠤᠭᠤᠰᠢ ᠲᠠᠢ ᠃ ᠡᠭᠦᠨ ᠡᠴᠡ ᠡᠭᠦᠳᠦᠭᠡᠳ ᠥᠪᠥᠷ ᠮᠣᠩᠭᠣᠯᠴᠤᠳ ᠤᠨ ᠴᠠᠬᠢᠮ ᠤᠷᠴᠢᠨ ᠳᠤ ᠨᠡᠶᠢᠲᠡᠯᠡᠭᠰᠡᠨ ᠵᠦᠢᠯ ᠢ ᠴᠠᠭ ᠬᠡᠮᠨᠡᠬᠦ ᠡᠭᠦᠳᠡᠨ ᠡᠴᠡ ᠬᠠᠭᠤᠯᠬᠤ ᠲᠣᠬᠢᠶᠠᠯᠳᠤᠯ ᠭᠠᠷᠬᠤ ᠳᠤ ᠴᠢᠮᠡᠭᠡ ᠠᠫᠫ ᠶᠦᠨᠢᠻᠣᠳ᠋ ᠤᠷᠤᠭᠤ ᠬᠥᠷᠪᠡᠭᠦᠯᠬᠦ ᠪᠣᠯᠤᠮᠵᠢ ᠲᠠᠢ᠃ -ᠳᠤᠲᠠᠭᠳᠠᠯ᠄ ᠲᠧᠻᠨᠣᠯᠣᠭᠢ ᠶᠢᠨ ᠡᠷᠴᠢᠮ ᠲᠡᠶ ᠬᠥᠭᠵᠢᠯ ᠦᠨ ᠥᠨᠦ ᠦᠶ᠎ᠡ ᠳᠦ ᠵᠠᠷᠢᠮ ᠲᠣᠬᠢᠶᠠᠯᠳᠤᠯ ᠳᠤ ᠦᠭᠡ ᠰᠠᠨᠠᠯ ᠪᠣᠯᠭᠠᠬᠤ ᠹᠦᠨ᠍ᠻᠴᠢ ᠪᠠᠶᠢᠬᠤ ᠦᠭᠡᠢ ᠨᠢ ᠦᠭᠡ ᠢᠢ ᠥᠪᠡᠷ ᠢᠶᠡᠨ ᠵᠠᠪᠠᠯ ᠪᠦᠲᠦᠨ ᠪᠢᠴᠢᠬᠦ ᠱᠠᠭᠠᠷᠳᠠᠯᠭ᠎ᠠ ᠲᠠᠢ ᠪᠣᠯᠳᠠᠭ ᠨᠢ ᠴᠠᠭ ᠵᠢᠭᠠᠬᠠᠨ ᠠᠯᠳᠠᠬᠤ ᠲᠠᠯ᠎ᠠ ᠲᠠᠢ᠃ ᠭᠡᠬᠦ ᠳᠦ ᠪᠡᠨ ᠤᠷᠢᠳᠤ ᠨᠢ ᠪᠢᠴᠢᠵᠦ ᠪᠠᠶᠢᠭᠰᠠᠨ ᠦᠭᠡ ᠨᠦᠭᠦᠳ ᠢ ᠬᠠᠳᠠᠭᠠᠯᠠᠵᠤ ᠰᠣᠩᠭᠣᠯᠲᠠ ᠮᠠᠶ᠋ᠢᠭ ᠢᠶᠠᠷ ᠭᠠᠷᠭᠠᠵᠤ ᠢᠷᠡᠳᠡᠭ ᠴᠤ ᠡᠨᠡ ᠨᠢ ᠪᠠᠰᠠ ᠤᠴᠢᠷ ᠳᠤᠲᠠᠭᠳᠠᠯ ᠲᠠᠢ᠃ ᠡᠨᠡ ᠨᠢ ᠤᠷᠢᠳᠤ ᠨᠢ ᠠᠯᠳᠠᠭ᠎ᠠ ᠲᠠᠢ ᠪᠢᠴᠢᠭᠰᠡᠨ ᠪᠣᠯ ᠠᠯᠳᠠᠭ᠎ᠠ ᠲᠠᠢ ᠦᠭᠡ ᠰᠠᠨᠠᠯ ᠪᠣᠯᠭᠠᠨ᠎ᠠ ᠃ ᠦᠭᠡ ᠶᠢᠨ ᠬᠤᠪᠢᠷᠠᠭᠰᠠᠨ ᠰᠣᠩᠭᠣᠯᠲᠠ ᠪᠠᠶᠢᠬᠤ ᠦᠭᠡᠢ᠃ ᠢᠨ᠍ᠲ᠋ᠧᠷᠨᠧᠲ ᠤᠷᠴᠢᠨ ᠳᠤ ᠬᠠᠶᠢᠯᠲᠠ ᠬᠢᠬᠦ  《Search》 ᠲᠣᠪᠴᠢ ᠪᠠᠶᠢᠬᠤ ᠦᠭᠡᠢ ᠲᠤᠯᠠ ᠤᠭ ᠭᠠᠷ ᠢ ᠠᠰᠢᠭᠯᠠᠬᠤ ᠦᠶ᠎ᠡ ᠳᠦ ᠪᠡᠨ ᠵᠠᠪᠠᠯ ᠤᠲᠠᠰᠤᠨ ᠤ ᠦᠨᠳᠦᠰᠦᠨ ᠭᠠᠷ ᠢ ᠰᠣᠩᠭᠣᠵᠤ ᠪᠠᠶᠢᠵᠤ ᠬᠠᠶᠢᠯᠲᠠ ᠬᠢᠬᠦ  ᠳᠦ ᠬᠦᠷᠴᠦ ᠪᠠᠢᠢᠨ᠎ᠠ ᠃

ᠡᠴᠦᠰ ᠲᠦ ᠨᠢ ᠬᠡᠯᠬᠦ ᠳᠦ ᠲᠤᠰ ᠬᠡᠷᠡᠭᠯᠡᠭᠦᠷ ᠢ ᠪᠢ ᠵᠥᠪᠬᠡᠨ ᠬᠡᠷᠡᠭᠯᠡᠭᠴᠢ ᠪᠥᠭᠡᠳ ᠶᠠᠮᠪᠠᠷ ᠨᠢᠭᠡ ᠰᠡᠵᠢᠮ ᠢᠶᠡᠷ ᠲᠤᠰ ᠬᠥᠭᠵᠢᠭᠦᠯᠦᠭᠴᠢ ᠢᠢ ᠰᠤᠷᠲᠠᠯᠴᠢᠯᠠᠭᠠᠳᠦᠢ ᠪᠣᠯᠤᠨ᠎ᠠ᠃ ᠲᠤᠬᠠᠢ ᠶᠢᠨ ᠬᠡᠷᠡᠭᠯᠡᠭᠦᠷ ᠢ ᠬᠥᠭᠵᠢᠭᠦᠯᠦᠭᠴᠢ ᠨᠢ ᠤᠯᠠᠮ ᠰᠠᠶᠢᠵᠢᠷᠠᠭᠤᠯᠤᠨ᠎ᠠ ᠭᠡᠳᠡᠭ ᠲᠦ ᠢᠲᠡᠭᠡᠯ ᠲᠡᠢ ᠪᠠᠶᠢᠨ᠎ᠠ ᠃ ᠮᠥᠨ ᠬᠡᠷᠡᠭᠯᠡᠭᠴᠢ ᠲᠠ ᠪᠦᠬᠦᠨ ᠥᠪᠡᠷ ᠢᠶᠡᠨ ᠬᠡᠷᠡᠭᠯᠡᠵᠦ ᠦᠵᠡᠭᠡᠳ ᠥᠪᠡᠷ ᠲᠦ ᠲᠣᠬᠢᠶᠠᠯᠳᠤᠵᠤ ᠪᠠᠶᠢᠭ᠎ᠠ ᠠᠰᠠᠭᠤᠳᠠᠯ ᠢᠶᠠᠨ ᠬᠥᠭᠵᠢᠭᠦᠯᠦᠭᠴᠢ ᠨᠠᠷ ᠲᠤ ᠤᠯᠠᠮᠵᠢᠯᠠᠪᠠᠯ ᠤᠯᠠᠮ ᠰᠠᠢᠢᠵᠢᠷᠠᠭᠤᠯᠬᠤ ᠦᠨ᠎ᠠ ᠲᠡᠢ ᠬᠤᠪᠢ ᠨᠡᠮᠡᠷᠢ ᠪᠣᠯᠬᠤ ᠪᠤᠶ ᠵᠠ᠃