Хар нүх

Wikibilig-с
19:36, 25 Арваннэгдүгээр сар 2020-ий байдлаарх Wikibilig (яриа | оруулсан хувь нэмэр) хэрэглэгчийн хийсэн залруулга

ᠬᠠᠷ ᠊ᠠ᠋ ᠨᠦᠬᠡ

ᠡᠷᠭᠢᠯᠳᠦᠭᠴᠢ
ᠬᠠᠷ ᠊ᠠ᠋
ᠨᠦᠬᠡᠨ ᠊ᠦ
ᠧᠷᠭᠣᠰᠫᠾᠧᠷ ᠪᠠ
ᠦᠢᠯᠡ
ᠶᠠᠪᠤᠳᠠᠯ ᠊ᠤᠨ
ᠬᠠᠶᠠᠭ᠎ ᠊ᠠ᠋

ᠲᠠᠲᠠᠬᠤ ᠬᠦᠴᠦ ᠦᠯᠡᠮᠵᠢ ᠶᠡᠬᠡ ᠲᠡᠢ᠂ ᠦᠢᠯᠡ ᠶᠠᠪᠦᠳᠠᠯ ᠊ᠤᠨ ᠬᠢᠵᠠᠭᠠᠷ ᠵᠠᠭᠠᠭ ᠊ᠢᠶᠠᠷ ᠬᠦᠷᠢᠶᠡᠯᠡᠭᠳᠡᠭᠰᠡᠨ ᠣᠭᠲᠠᠷᠭᠤᠢ ᠊ᠢᠢᠨ ᠡᠷᠬᠡᠰ᠃ ᠲᠡᠷᠡᠬᠦᠦ ᠦᠢᠯᠡ ᠶᠠᠪᠤᠳᠠᠯ ᠊ᠤᠨ ᠬᠢᠵᠠᠭᠠᠷ ᠊ᠤᠨ ᠬᠦᠷᠢᠶ᠎ ᠊ᠡ᠋ ᠡᠴᠡ ᠭᠡᠷᠡᠯ ᠴᠤ ᠠᠩᠭᠢᠵᠢᠷᠠᠨ ᠣᠳᠵᠤ ᠦᠯᠦ ᠴᠢᠳᠠᠮᠤᠢ᠃ ᠰᠢᠩᠭᠤᠯᠠᠷ ᠲᠦᠯᠦᠪ ᠲᠦ ᠬᠦᠷᠲᠡᠯ᠎ ᠊ᠡ᠋ ᠨᠢᠭᠲᠠᠷᠠᠭᠰᠠᠨ ᠢᠢᠮᠦ ᠪᠡᠶᠡᠲᠦ ᠶᠡᠬᠡᠪᠴᠢᠯᠡᠨ ᠣᠳᠤ ᠮᠦᠬᠦᠨ ᠠᠭᠰᠢᠭᠰᠠᠨ ᠊ᠢᠶᠠᠷ ᠡᠭᠦᠰᠳᠡᠭ ᠪᠠᠢᠨ ᠊ᠠ᠋᠃ ᠨᠡᠩ ᠥᠨᠳᠦᠷ ᠮᠠᠰᠰ ᠲᠠᠢ ᠪᠣᠯᠪᠠᠴᠤ ᠲᠡᠷᠡᠬᠦᠦ ᠮᠠᠰᠰ ᠊ᠢ ᠠᠭᠤᠯᠠᠭᠰᠠᠨ ᠬᠡᠮᠵᠢᠶ ᠊ᠡ᠋ ᠨᠢ ᠮᠠᠰᠢ ᠵᠢᠵᠢᠭ᠂ ᠨᠢᠭᠲᠠ ᠨᠢ 1014—1015 ᠭ/ᠰᠮ³  ᠊ᠦᠨ ᠲᠦᠪᠰᠢᠨ ᠊ᠳᠦ ᠪᠠᠢᠨ᠎ ᠊ᠠ᠋᠃

ᠬᠠᠷ ᠊ᠠ᠋ ᠨᠦᠬᠡᠨ ᠊ᠦ
ᠲᠠᠲᠠᠬᠤ ᠬᠦᠴᠦᠨ ᠊ᠦ
ᠦᠢᠯᠡᠴᠢᠯᠡᠯ ᠊ᠳᠦ
ᠭᠡᠷᠡᠯ ᠭᠠᠵᠢᠨ᠎ ᠊ᠠ᠋

ᠦᠭᠡ ᠊ᠢᠢᠨ ᠭᠠᠷᠦᠯ

black hole ᠭᠡᠰᠡᠨ ᠠᠩᠯᠢ ᠬᠡᠯᠡᠯᠭᠡ ᠊ᠶᠢᠨ ᠦᠭᠡᠴᠢᠯᠡᠭᠰᠡᠨ ᠣᠷᠴᠢᠭᠤᠯᠭ ᠊ᠠ᠋᠃ ᠡᠨᠡ ᠲᠥᠷᠦᠯ ᠊ᠦᠨ ᠲᠩᠷᠢ ᠊ᠢᠢᠨ ᠡᠷᠬᠡᠰ ᠊ᠢ ᠹᠢᠽᠢᠻᠴᠢ ᠷᠣᠪᠧᠷᠲ ᠳ᠋ᠢᠻ (Robert H. Dicke) 1060-1961 ᠣᠨ ᠊ᠤ ᠦᠶᠡᠰ ᠲᠦ ᠻᠠᠯᠻᠦᠲ᠋ᠲ᠋ᠠ ᠊ᠢᠢᠨ ᠬᠠᠷ ᠊ᠠ᠋ ᠨᠦᠬᠡ ᠰᠢᠭ ᠭᠡᠵᠦ ᠥᠭᠦᠯᠡᠭᠰᠡᠨ ᠭᠡᠨᠡ᠃ ᠰᠡᠳᠬᠦᠯᠴᠢ ᠠᠨ᠋ᠨ᠎ ᠧᠸᠢᠩ (Ann Ewing) 1964 ᠣᠨ ᠊ᠳᠤ ᠬᠡᠪᠯᠡᠯ  ᠊ᠦ ᠠᠩᠬ ᠊ᠠ᠋ ᠬᠡᠷᠡᠭᠯᠡᠭᠰᠡᠨ ᠪᠠᠢᠨ ᠊ᠠ᠋᠃ ᠬᠠᠷᠢᠨ ᠹᠢᠽᠢᠻᠴᠢ ᠵᠣᠾᠨ᠋ ᠸᠢᠢᠯᠸᠷ (John Wheeler) 1967 ᠣᠨ ᠊ᠤ ᠯᠧᠻᠼ ᠊ᠦᠨ ᠦᠷ᠎ ᠊ᠡ᠋ ᠪᠡᠷ ᠡᠨᠡᠬᠦᠦ ᠨᠡᠷ ᠊ᠡ᠋ ᠲᠣᠮᠢᠶ ᠊ᠠ᠋ ᠥᠷᠭᠡᠨ ᠣᠯᠠᠨ ᠨᠡᠢᠲᠡ ᠊ᠳᠦ ᠲᠦᠭᠡᠨ ᠳᠡᠯᠭᠡᠷᠡᠭᠰᠡᠨ ᠠᠵᠡᠢ᠃

ᠪᠤᠰᠤᠳ ᠪᠢᠴᠢᠭ ᠊ᠢᠢᠡᠷ



ᠲᠦᠯᠬᠢᠭᠦᠷ ᠦᠭᠡᠰ

хар нүх
черная дыра
black holes