ᠳᠤᠯᠮ ᠊ᠠ᠋᠂ ᠠᠶᠤᠷ ᠊ᠤᠨ
ᠠᠶᠤᠷ ᠤᠨ ᠳᠤᠯᠮ᠎ᠠ
ᠠᠶᠤᠷ ᠤᠨ ᠳᠤᠯᠮ᠎ᠠ | |
---|---|
ᠲᠣᠪᠴᠢ ᠲᠠᠨᠢᠯᠴᠠᠭᠣᠯᠭ᠍ᠠ᠋ | |
ᠲᠥᠷᠦᠭᠰᠡᠨ ᠣᠩᠨᠠᠭ᠍ᠠ᠋ | 1937 ᠣᠨ ᠤ ᠰᠠᠷ ᠠ᠋ ᠶ᠋ᠢᠨ |
ᠲᠥᠷᠦᠭᠰᠡᠨ ᠭᠠᠴᠠᠷ | |
ᠬᠠᠷᠢᠶᠠᠯᠠᠯ | ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ ᠮᠣᠩᠭᠤᠯ ᠤᠯᠤᠰ |
ᠢᠳᠡᠪᠬᠢ ᠲᠡᠢ ᠣᠨ ᠵᠢᠯ ᠥᠳ | |
ᠰᠠᠯᠪᠣᠷᠢ | ᠪᠢᠣᠯᠣᠭᠢ᠂ ᠢᠻᠲᠶᠣᠯᠣᠭᠢ |
ᠪᠣᠯᠪᠠᠰᠣᠷᠠᠯ | ᠰᠦᠬᠡᠪᠠᠭᠠᠲᠤᠷ ᠤᠨ ᠨᠡᠷᠡᠮᠵᠢᠲᠦ 6 ᠳ᠋ᠤᠭᠠᠷ ᠰᠤᠷᠭᠠᠭᠤᠯᠢ ᠢᠢᠨ 6 ᠳᠤᠭᠠᠷ ᠠᠩᠭᠢ ᠡᠴᠡ ᠮᠣᠩᠭᠤᠯ ᠤᠯᠤᠰ ᠤᠨ ᠶᠡᠬᠡ ᠰᠤᠷᠭᠠᠭᠤᠯᠢ ᠳᠤ ᠡᠯᠰᠡᠵᠦ 1956 ᠣᠨ ᠳ᠋ᠤ ᠲᠡᠭᠦᠰᠬᠡᠭᠰᠡᠨ |
ᠪᠠᠢᠢᠭᠣᠯᠠᠯᠭ᠍ᠠ᠋ | ᠰᠢᠨᠵᠢᠯᠡᠬᠦ ᠤᠬᠠᠭᠠᠨ ᠦ ᠠᠻᠠᠳᠧᠮᠢ ᠶ᠋ᠢᠨ ᠪᠢᠣᠯᠣᠭᠢ ᠶ᠋ᠢᠨ ᠬᠦᠷᠢᠶᠡᠯᠡᠩ ᠦ᠋ᠨ ᠵᠢᠭᠠᠰᠤ ᠦᠷᠡᠵᠢᠭᠦᠯᠭᠡ ᠢᠢᠨ ᠡᠷᠳᠡᠮ ᠰᠢᠨᠵᠢᠯᠡᠭᠡᠨ ᠦ ᠲᠥᠪ ᠦᠨ ᠵᠠᠬᠢᠷᠠᠯ᠂ ᠡᠷᠳᠡᠮ ᠰᠢᠨᠵᠢᠯᠡᠭᠡᠨ ᠦ ᠠᠵᠢᠯᠲᠠᠨ |
ᠬᠣᠪᠢ ᠨᠡᠮᠡᠷᠢ | |
ᠵᠡᠷᠭᠡ/ᠴᠣᠯ | ᠠᠻᠠᠳᠧᠮᠢᠴᠢ᠂ ᠫᠷᠣᠹᠧᠰᠰᠣᠷ᠂ ᠳ᠋ᠣᠻᠲᠣᠷ |
ᠱᠠᠩᠨᠠᠯ | ᠰᠢᠨᠵᠢᠯᠡᠬᠦ ᠤᠬᠠᠭᠠᠨ ᠤ ᠭᠠᠪᠢᠶᠠᠲᠤ ᠠᠵᠢᠯᠲᠠᠨ |
ᠨᠠᠮᠲᠠᠷ
ᠦᠢᠯᠡ ᠬᠡᠷᠡᠭ
ᠠᠶᠤᠷ ᠤᠨ ᠳᠤᠯᠮ᠎ᠠ ᠮᠣᠩᠭᠤᠯ ᠤᠯᠤᠰ ᠤᠨ ᠶᠡᠬᠡ ᠰᠤᠷᠭᠠᠭᠤᠯᠢ ᠢᠢ 1956 ᠣᠨ ᠋ᠳ᠋ᠤ ᠲᠡᠭᠦᠰᠬᠡᠭᠡᠳ ᠤᠯᠤᠰ ᠤᠨ ᠪᠠᠭᠰᠢ ᠢᠢᠨ ᠳᠡᠭᠡᠳᠦ ᠰᠤᠷᠭᠠᠭᠤᠯᠢ ᠳ᠋ᠤ 2 ᠵᠢᠯ ᠪᠠᠭᠰᠢᠯᠠᠭᠰᠠᠨ ᠪᠠᠢᠢᠨ᠎ᠠ᠃
ᠠᠰᠫᠢᠷᠠᠨ᠍ᠲ᠋ᠤᠷ ᠲᠤ ᠰᠤᠷᠠᠯᠴᠠᠵᠤ ᠢᠷᠡᠭᠰᠡᠨ ᠦ ᠳᠠᠷᠠᠭ᠎ᠠ ᠰᠢᠨᠵᠢᠯᠡᠬᠦ ᠤᠬᠠᠭᠠᠨ ᠤ ᠠᠻᠠᠳᠧᠮᠢ ᠢᠢᠨ ᠪᠢᠣᠯᠣᠭᠢ ᠢᠢᠨ ᠬᠦᠷᠢᠶᠡᠯᠡᠩ ᠳ᠋ᠦ ᠠᠵᠢᠯᠯᠠᠵᠤ ᠡᠬᠢᠯᠡᠵᠡᠶ᠃
ᠡᠭᠦᠨ ᠦ ᠬᠠᠵᠢᠭᠤ ᠪᠠᠷ ᠨᠡᠢᠢᠲᠦ 25 ᠵᠢᠯ ᠪᠠᠭᠰᠢᠯᠠᠭᠰᠠᠨ ᠪᠠᠢᠢᠨ᠎ᠠ᠃
ᠳ᠋ᠣᠻᠲ᠋ᠣᠷ ᠠ᠊᠂ ᠳᠤᠯᠮ᠎ᠠ ᠠᠩᠬ ᠠ᠋ 1958 ᠣᠨ ᠳ᠋ᠤ ᠪᠠᠢᠢᠭᠠᠯ ᠨᠠᠭᠤᠷ ᠤᠨ ᠵᠢᠭᠠᠰᠤ ᠦᠷᠡᠵᠢᠭᠦᠯᠬᠦ ᠦᠢᠯᠡᠳᠪᠦᠷᠢ ᠡᠴᠡ Coregonus migratorius (ᠣᠮᠤᠯ) ᠵᠢᠭᠠᠰᠤᠨ ᠤ 14 ᠰᠠᠶ᠎ᠠ ᠠᠪᠠᠭᠠᠯᠳᠠᠶ ᠠᠪᠴᠢᠷᠠᠵᠤ ᠬᠥᠪᠰᠦᠭᠦᠯ ᠨᠠᠭᠤᠷ ᠲᠤ ᠨᠤᠲᠤᠭᠰᠢᠭᠤᠯᠵᠡᠶ᠃[1]
ᠮᠣᠩᠭᠤᠯ ᠣᠷᠤᠨ ᠳᠤ ᠴᠥᠭᠦᠷᠦᠮ ᠦᠨ ᠠᠵᠤ ᠠᠬᠤᠶ ᠪᠠᠢᠢᠭᠤᠯᠬᠤ ᠰᠤᠳᠤᠯᠭ᠎ᠠ 1966 ᠣᠨ ᠡᠴᠡ ᠡᠬᠢᠯᠡᠭᠰᠡᠨ᠃
ᠡᠷᠡᠰ ᠲᠡᠰ ᠠᠭᠤᠷ ᠠᠮᠢᠰᠬᠤᠯ ᠲᠠᠶ ᠮᠣᠩᠭᠤᠯ ᠣᠷᠤᠨ ᠤ ᠨᠥᠬᠦᠴᠡᠯ ᠳᠦ 5 ᠮᠧᠲ᠋ᠧᠷ ᠡᠴᠡ ᠢᠯᠡᠭᠦᠦ ᠭᠦᠨ ᠲᠡᠶ ᠴᠥᠭᠦᠷᠦᠮ ᠳᠦ ᠯᠡ ᠵᠢᠭᠠᠰᠤ ᠦᠷᠡᠵᠢᠭᠦᠯᠵᠦ ᠪᠣᠯᠤᠨ᠎ᠠ᠃
ᠲᠡᠢᠢᠮᠦ ᠴᠥᠭᠦᠷᠦᠮ ᠪᠠᠢᠢᠭᠤᠯᠬᠤ ᠠᠨᠤ ᠥᠷᠲᠡᠭ ᠥᠨᠳᠦᠷ ᠲᠡᠶ᠃
ᠳ᠋ᠣᠻᠲ᠋ᠣᠷ ᠠ᠊᠂ ᠳᠤᠯᠮ᠎ᠠ ᠬᠠᠷᠢᠨ ᠵᠢᠭᠠᠰᠤ ᠠᠮᠢᠳᠤᠷᠠᠬᠤ ᠲᠠᠭᠠᠲᠠᠢ ᠣᠷᠴᠢᠨ ᠬᠢᠭᠡᠳ ᠵᠢᠭᠠᠰᠤᠨ ᠤ ᠲᠡᠵᠢᠭᠡᠯ ᠡᠯᠪᠡᠭ ᠲᠡᠢ ᠨᠠᠭᠤᠷ ᠤᠳ ᠢ ᠵᠢᠭᠠᠰᠤᠵᠢᠯᠭᠤᠯᠵᠤ ᠪᠣᠯᠤᠨ᠎ᠠ ᠭᠡᠵᠦ ᠦᠵᠡᠵᠦᠬᠦᠶ᠃
ᠡᠨᠡ ᠬᠦᠭᠢᠶᠡᠨ ᠳ᠋ᠦ ᠵᠠᠪᠬᠠᠨ ᠠᠢᠢᠮᠠᠭ ᠤᠨ ᠤᠯᠠᠭᠠᠭᠴᠢ ᠢᠢᠨ ᠬᠠᠷ᠎ᠠ ᠨᠠᠭᠤᠷ᠂ ᠪᠠᠭ᠎ᠠ ᠨᠠᠭᠤᠷ ᠵᠡᠷᠭᠡ ᠣᠯᠠᠨ ᠨᠠᠭᠤᠷ ᠢ ᠰᠤᠳᠤᠯᠵᠡᠶ᠃
ᠥᠪᠦᠷᠬᠠᠭᠠᠶ ᠠᠢᠢᠮᠠᠭ ᠤᠨ ᠤᠶᠠᠩᠭ᠎ᠠ ᠰᠤᠮᠤ ᠢᠢᠨ ᠨᠠᠢᠢᠮᠠᠬ ᠨᠠᠭᠤᠷ ᠲᠤ 1978 ᠣᠨ ᠋ᠳ᠋ᠤ ᠪᠠᠢᠢᠭᠠᠯ ᠨᠠᠭᠤᠷ ᠡᠴᠡ ᠵᠢᠭᠠᠰᠤᠨ ᠤ ᠥᠨᠳᠡᠭᠡ ᠠᠪᠴᠢᠷᠠᠨ ᠠᠮᠢᠯᠠᠭᠤᠯᠤᠨ ᠨᠤᠲᠤᠭᠰᠢᠭᠤᠯᠤᠭᠰᠠᠨ᠃
ᠵᠢᠭᠠᠰᠤ ᠦᠭᠡᠶ ᠪᠣᠯᠪᠠᠴᠤ ᠵᠢᠭᠠᠰᠤᠨ ᠤ ᠲᠡᠵᠢᠭᠡᠯ ᠪᠦᠭᠦᠢ ᠨᠠᠭᠤᠷ ᠤᠳ ᠲᠤ Coregonus peled (ᠴᠠᠭᠠᠨ ᠵᠠᠷᠮ ᠠ᠋) ᠵᠢᠭᠠᠰᠤ ᠨᠤᠲᠤᠭᠰᠢᠭᠤᠯᠬᠤ ᠠᠨᠤ ᠲᠣᠬᠢᠵᠠᠮᠵᠢ ᠲᠠᠶ ᠶᠤᠮ ᠪᠠᠢᠢᠨ᠎ᠠ ᠭᠡᠵᠦ ᠳ᠋ᠣᠻᠲ᠋ᠣᠷ ᠠ᠊᠂ ᠳᠤᠯᠮ᠎ᠠ ᠳ᠋ᠦ᠋ᠩᠨᠡᠵᠡᠶ᠃
ᠮᠥᠨ ᠣᠷᠤᠰ ᠤᠨ ᠬᠣᠯᠪᠤᠭᠠᠨ ᠤ ᠤᠯᠤᠰ ᠤᠨ ᠠᠯᠲᠠᠢ ᠢᠢᠨ ᠬᠢᠵᠠᠭᠠᠷ ᠡᠴᠡ 1982-83 ᠣᠨ ᠋ᠳ᠋ᠤ ᠴᠠᠭᠠᠨ ᠵᠠᠷᠮ᠎ᠠ ᠢᠢᠨ ᠠᠪᠭᠠᠯᠳᠠᠶ ᠵᠠᠬᠢᠶᠠᠯᠠᠨ ᠠᠪᠴᠢᠷᠠᠭᠤᠯᠵᠦ ᠵᠠᠪᠬᠠᠨ ᠠᠢᠢᠮᠠᠭ ᠤᠨ ᠤᠯᠠᠭᠠᠭᠴᠶ ᠢᠢᠨ ᠬᠠᠷ᠎ᠠ ᠨᠠᠭᠤᠷ ᠲᠤ ᠨᠤᠲᠤᠭᠰᠢᠭᠤᠯᠤᠭᠰᠠᠨ ᠪᠠᠢᠢᠨ᠎ᠠ᠃
ᠴᠢᠩᠭᠢᠬᠦ ᠳ᠋ᠦ ᠪᠡᠨ ᠤᠯᠢᠶᠠᠰᠤᠲᠠᠶ ᠬᠣᠲᠠ ᠡᠴᠡ ᠵᠢᠭᠠᠰᠤᠨ ᠤ ᠲᠦᠷᠢᠰᠦ ᠢᠢ ᠤᠰᠤᠨ ᠤ ᠮᠠᠱᠢᠨ ᠢᠢᠠᠷ ᠵᠥᠭᠡᠵᠦ ᠪᠠᠢᠢᠵᠤᠬᠤᠶ᠃
ᠳ᠋ᠣᠻᠲ᠋ᠣᠷ ᠠ᠊᠂ ᠳᠤᠯᠮ᠎ᠠ 2007 ᠣᠨ ᠳ᠋ᠤ ᠰᠠᠨᠠᠭᠠᠴᠢᠯᠠᠨ ᠤᠯᠠᠭᠠᠭᠴᠶ ᠢᠢᠨ ᠬᠠᠷ᠎ᠠ ᠨᠠᠭᠤᠷ ᠤᠨ ᠳᠡᠷᠭᠡᠳᠦ ᠵᠢᠭᠠᠰᠤ ᠦᠷᠡᠵᠢᠭᠦᠯᠭᠡ ᠢᠢᠨ ᠯᠠᠪᠣᠷᠠᠲ᠋ᠣᠷᠶ ᠪᠠᠢᠢᠭᠤᠯᠤᠭᠰᠠᠨ᠃
ᠫᠷᠣᠹᠧᠰᠰᠣᠷ ᠠ᠊᠂ ᠳᠤᠯᠮ᠎ᠠ ᠮᠣᠩᠭᠤᠯ ᠣᠷᠤᠨ ᠤ ᠨᠡᠢᠢᠲᠦ 25 ᠣᠷᠴᠢᠮ ᠨᠠᠭᠤᠷ ᠢ ᠵᠢᠭᠠᠰᠤᠵᠢᠭᠤᠯᠤᠭᠰᠠᠨ ᠪᠠᠢᠢᠨ᠎ᠠ᠃
ᠮᠥᠨ ᠡᠯᠡᠰᠦᠨ ᠦ ᠨᠡᠭᠦᠳᠡᠯ ᠢ ᠰᠠᠭᠠᠷᠠᠭᠤᠯᠬᠤ ᠵᠣᠷᠢᠯᠭ᠎ᠠ ᠪᠠᠷ ᠤᠯᠠᠭᠠᠭᠴᠶ ᠢᠢᠨ ᠬᠠᠷ᠎ᠠ ᠨᠠᠭᠤᠷ ᠤᠨ ᠡᠷᠭᠢ ᠳᠡᠭᠡᠷᠦ ᠵᠠᠪᠬᠠᠨ ᠤ ᠮᠣᠳᠤ ᠦᠷᠡᠵᠢᠭᠦᠯᠭᠡ ᠢᠢᠨ ᠭᠠᠵᠠᠷ ᠡᠴᠡ 3000 ᠭᠠᠷᠤᠶ ᠮᠣᠳᠤ ᠠᠪᠴᠤ 0.4 ᠾᠠ ᠲᠠᠯᠠᠪᠠᠶ ᠳ᠋ᠤ ᠪᠠᠨ ᠲᠠᠷᠢᠵᠤ᠂ ᠤᠷᠭᠤᠭᠤᠯᠤᠭᠰᠠᠨ ᠪᠠᠢᠢᠨ᠎ᠠ᠃ᠪᠠᠰᠠ ᠨᠠᠭᠤᠷ ᠲᠤ ᠦᠷᠡᠵᠢᠭᠦᠯᠦᠭᠰᠡᠨ ᠵᠢᠭᠠᠰᠤ ᠪᠠᠨ ᠬᠤᠯᠠᠭᠠᠢ ᠢᠢᠨ ᠠᠩᠨᠠᠭᠤᠷᠴᠢᠳ ᠡᠴᠡ ᠬᠠᠮᠠᠭᠠᠯᠬᠤ ᠨᠥᠷ ᠶᠡᠬᠡ ᠲᠡᠮᠡᠴᠡᠯ ᠥᠷᠨᠢᠭᠦᠯᠦᠭᠰᠡᠭᠡᠷ ᠢᠷᠵᠡᠶ᠃
ᠪᠦᠲᠦᠭᠡᠯ ᠦᠳ
ᠭᠡᠷ ᠪᠦᠯᠢ
ᠨᠡᠷ᠎ᠡ ᠲᠣᠮᠢᠶᠠᠯᠠᠯ