Өлөн гэдэс

Wikibilig-с
18:51, 5 Аравдугаар сар 2020-ий байдлаарх Wikibilig (яриа | оруулсан хувь нэмэр) хэрэглэгчийн хийсэн залруулга


ᠥᠯᠥᠨ ᠭᠡᠳᠡᠰᠦ

ᠥᠯᠥᠨ ᠭᠡᠳᠡᠰᠦ ᠪᠣᠯ ᠬᠢᠮᠠᠨ ᠊ᠤ ᠮᠢᠬ ᠊ᠠ᠋ ᠲᠡᠷᠢᠭᠦᠲᠡᠨ ᠊᠋ᠢ ᠠᠭᠠᠤᠯᠬᠤ ᠡᠳ᠋ ᠪᠣᠯᠣᠨ ᠊ᠠ᠋᠃ ᠪᠠᠢᠢᠭᠠᠯᠢ ᠶ᠋ᠢᠨ ᠥᠯᠥᠨ ᠭᠡᠳᠡᠰᠦ ᠶ᠋ᠢ ᠮᠠᠯ ᠤᠨ ᠥᠯᠥᠨ ᠭᠡᠳᠡᠰᠦ ᠨᠢ ᠮᠠᠯ ᠤᠨ ᠬᠣᠭᠣᠯᠠ ᠪᠣᠯᠪᠠᠰᠤᠷᠠᠭᠤᠯᠬᠤ ᠡᠷᠬᠡᠲᠡᠨ ᠦ ᠬᠡᠰᠡᠭ ᠦ᠋ᠳ ᠪᠣᠯᠬᠤ ᠨᠠᠷᠢᠨ ᠭᠡᠳᠡᠰᠦ᠂ ᠪᠠᠭᠠᠯᠵᠤᠷ᠂ ᠬᠣᠳᠣᠭᠣᠳᠣ᠂ ᠰᠢᠯᠤᠭᠤᠨ ᠭᠡᠳᠡᠰᠦ᠂ ᠳᠠᠪᠤᠰᠠᠭ ᠵᠡᠷᠭᠡ ᠶᠢ ᠠᠰᠢᠭᠯᠠᠨ ᠦᠢᠯᠡᠳᠪᠦᠷᠢᠯᠡᠰᠡᠨ ᠊ᠢ ᠬᠡᠯᠡᠮᠦᠢ᠃ ᠲᠡᠭᠦᠨᠴᠢᠯᠡᠨ ᠮᠠᠯ ᠤᠨ ᠥᠯᠥᠨ ᠭᠡᠳᠡᠰᠦ ᠶᠢ ᠮᠡᠰᠡ ᠵᠠᠰᠠᠯ ᠤᠨ ᠪᠣᠯᠤᠨ ᠬᠥᠭᠵᠢᠮ ᠦᠨ ᠵᠢᠮᠰᠡᠭ ᠦᠨ᠂ ᠲᠧᠩᠨᠢᠰ ᠦ᠋ᠨ ᠴᠣᠬᠢᠭᠤᠷ ᠤᠨ ᠤᠲᠠᠰᠤ ᠬᠢᠬᠦ ᠳᠦ ᠬᠡᠷᠡᠭᠯᠡᠳᠡᠭ᠃ ᠳᠡᠭᠡᠳᠦ ᠵᠡᠷᠭᠡ ᠶᠢᠨ ᠴᠢᠨᠠᠷ ᠲᠠᠢ ᠪᠣᠯᠪᠠᠰᠤᠷᠠᠭᠤᠯᠤᠭᠰᠠᠨ ᠬᠣᠨᠢᠨ ᠤ ᠥᠯᠥᠨ ᠭᠡᠳᠡᠰᠦ ᠪᠡᠷ ᠪᠣᠻᠸᠦ᠋ᠷᠰᠲ᠂ ᠹᠷᠠᠨ᠍ᠻᠹᠦ᠋ᠷᠲ᠋ᠧᠷ᠂ ᠸᠸᠨᠠ ᠵᠡᠷᠭᠡ ᠬᠢᠮᠠᠨ ᠤ ᠪᠦᠷᠬᠦᠪᠴᠢ ᠬᠢᠵᠦ ᠬᠦᠨᠡᠰᠦᠨ ᠳᠦ ᠬᠡᠷᠡᠭᠯᠡᠳᠡᠭ᠃ ᠮᠠᠯ ᠤᠨ ᠥᠯᠥᠨ ᠭᠡᠳᠡᠰᠦ ᠶᠢ ᠬᠢᠮᠠᠨ ᠤ ᠦᠢᠯᠡᠳᠪᠦᠷᠢᠯᠡᠯ ᠳᠦ ᠬᠡᠷᠡᠭᠯᠡᠬᠦ ᠶᠢᠨ ᠲᠤᠯᠠᠳᠠ ᠬᠣᠶᠠᠷ ᠱᠠᠲᠤᠨ ᠤ ᠪᠣᠯᠪᠠᠰᠤᠷᠠᠭᠤᠯᠤᠯᠲᠠ ᠬᠢᠬᠦ ᠶᠣᠰᠣᠲᠠᠢ᠃

ᠲᠧᠻᠨᠣᠯᠣᠭᠢ

1. ᠠᠩᠬᠠᠨ ᠱᠠᠲᠤᠨ ᠤ ᠪᠣᠯᠪᠠᠰᠤᠷᠠᠭᠤᠯᠤᠯᠲᠠ᠃ ᠲᠦᠭᠦᠬᠡᠢ ᠥᠯᠥᠨ ᠭᠡᠳᠡᠰᠦ ᠶᠢ ᠰᠤᠳᠠᠰᠤᠯᠢᠭ᠂ ᠪᠤᠯᠴᠢᠩᠯᠢᠭ᠂ ᠵᠥᠭᠡᠯᠡᠨ ᠳᠠᠪᠬᠤᠷᠭ᠎ᠠ ᠨᠤᠭᠤᠳ ᠠᠴᠠ ᠨᠢ ᠴᠡᠪᠡᠷᠯᠡᠵᠦ ᠳᠠᠪᠤᠰᠤᠯᠠᠭᠠᠳ ᠪᠣᠭᠣᠵᠤ᠂ ᠰᠠᠪᠠᠯᠠᠨ᠎ᠠ᠃ 2. ᠡᠴᠦᠰ ᠦᠨ ᠪᠣᠯᠪᠠᠰᠤᠷᠠᠭᠤᠯᠤᠯᠲᠠ᠃ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠭᠰᠡᠨ ᠥᠯᠥᠨ ᠭᠡᠳᠡᠰᠦ ᠶᠢ ᠳᠠᠷᠤᠯᠲᠠ ᠲᠡᠰᠪᠦᠷᠢᠯᠡᠬᠦ ᠴᠢᠨᠠᠷ᠂ ᠥᠩᠭᠡ᠂ ᠬᠡᠯᠪᠡᠷᠢ᠂ ᠤᠷᠲᠤ ᠶᠢᠨ ᠬᠡᠮᠵᠢᠶ᠎ᠡ᠂ ᠭᠣᠣᠯᠴᠢ ᠪᠤᠶᠤ ᠻᠠᠯᠢᠪᠷ ᠢᠶᠠᠷ ᠨᠢ ᠠᠩᠭᠢᠯᠠᠨ 50-70 ᠵᠡᠷᠭᠡᠯᠡᠯ ᠳᠦ ᠬᠠᠮᠤᠷᠤᠭᠤᠯᠵᠤ ᠬᠢᠮᠠᠨ ᠤ ᠦᠢᠯᠡᠳᠪᠦᠷᠢ ᠳᠦ ᠰᠢᠭᠤᠳ ᠬᠡᠷᠡᠭᠯᠡᠬᠦ ᠳᠦ ᠪᠡᠯᠡᠨ ᠪᠣᠯᠭᠠᠬᠤ ᠶᠢ ᠬᠡᠯᠡᠨ᠎ᠡ᠃

ᠴᠢᠨᠠᠷ

ᠮᠠᠯ ᠤᠨ ᠥᠯᠥᠨ ᠭᠡᠳᠡᠰᠦᠨ ᠦ ᠣᠯᠠᠨ ᠤᠯᠤᠰ ᠤᠨ ᠬᠤᠳᠠᠯᠳᠤᠭᠠᠨ ᠳᠤ ᠣᠷᠣᠯᠴᠠᠭᠴᠢᠳ ᠪᠤᠶᠤ ᠦᠢᠯᠡᠳᠪᠦᠷᠢᠯᠡᠭᠴᠢ᠂ ᠬᠤᠳᠠᠯᠳᠤᠭᠠᠯᠠᠭᠴᠢᠳ ᠳᠠᠷᠠᠭᠠᠬᠢ ᠦᠨᠳᠦᠰᠦᠯᠡᠯ ᠢᠶᠡᠷ ᠮᠠᠯ ᠤᠨ ᠥᠯᠥᠨ ᠭᠡᠳᠡᠰᠦ ᠶᠢ ᠬᠢᠮ᠎ᠠ ᠦᠢᠯᠡᠳᠪᠦᠷᠢᠯᠡᠭᠴᠢᠳ ᠦᠨ ᠬᠠᠮᠤᠭ ᠤᠨ ᠰᠠᠶᠢᠨ ᠰᠣᠩᠭᠣᠯᠲᠠ ᠮᠥᠨ ᠭᠡᠳᠡᠭ ᠲᠦ ᠪᠠᠲᠤ ᠢᠲᠡᠭᠡᠯ ᠲᠡᠢ ᠪᠠᠶᠢᠳᠠᠭ ᠶᠤᠮ᠃

o ᠮᠠᠯ ᠤᠨ ᠥᠯᠥᠨ ᠦᠨ ᠤᠶᠠᠨ ᠬᠠᠲᠠᠨ ᠰᠢᠨᠵᠢ᠂ ᠬᠢᠮ᠎ᠠ ᠰᠢᠬᠠᠬᠤ ᠮᠠᠰᠢᠨ ᠤ ᠳᠠᠷᠤᠯᠲᠠ ᠶᠢ ᠲᠡᠰᠪᠦᠷᠢᠯᠡᠬᠦ ᠴᠢᠨᠠᠷ ᠮᠠᠰᠢ ᠰᠠᠶᠢᠨ᠃ o ᠦᠢᠯᠡᠳᠪᠦᠷᠢᠯᠡᠯ ᠢ ᠦᠷ᠎ᠡ ᠠᠰᠢᠭ ᠲᠠᠢ ᠪᠣᠯᠭᠠᠭᠠᠳ ᠵᠣᠭᠰᠣᠬᠤ ᠦᠭᠡᠢ᠂ ᠮᠢᠬ᠎ᠠ ᠳᠦᠭᠦᠷᠭᠡᠯᠲᠡ ᠶᠢᠨ ᠦᠶ ᠊ᠡ᠋ ᠶ᠋ᠢᠨ ᠲᠡᠯᠡᠯᠲᠡ ᠨᠢ ᠮᠠᠰᠢ ᠰᠠᠶᠢᠨ ᠪᠠᠶᠢᠳᠠᠭ᠃ o ᠮᠠᠯ ᠤᠨ ᠥᠯᠥᠨ ᠬᠢᠮᠠᠨ ᠤ ᠠᠮᠲᠠ ᠴᠢᠨᠠᠷ ᠢ ᠬᠠᠮᠠᠭᠠᠯᠠᠳᠠᠭ᠃ ᠥᠪᠡᠷ ᠢᠶᠡᠨ ᠶᠠᠮᠠᠷ ᠴᠤ ᠦᠨᠦᠷ ᠠᠮᠲᠠ ᠦᠭᠡᠢ᠃ o ᠮᠠᠯ ᠤᠨ ᠥᠯᠦᠨ ᠳᠦ ᠴᠢᠳᠬᠤᠭᠰᠠᠨ ᠬᠢᠮ᠎ᠠ ᠨᠢ ᠵᠥᠭᠡᠯᠡᠨ᠂ ᠰᠢᠭᠦᠰᠦᠯᠢᠭ ᠬᠡᠪ ᠢᠶᠡᠷ ᠢᠶᠡᠨ ᠪᠠᠶᠢᠳᠠᠭ᠃ o ᠮᠠᠯ ᠤᠨ ᠥᠯᠥᠨ ᠦᠨ ᠰᠢᠭᠦᠷᠡᠯ ᠦᠨ ᠴᠢᠨᠠᠷ ᠨᠢ ᠬᠢᠮ᠎ᠠ ᠶᠢ ᠰᠢᠷᠠᠬᠤ ᠳᠤ ᠭᠣᠢᠢᠳᠠ ᠲᠣᠬᠢᠷᠠᠮᠵᠢ ᠲᠠᠢ᠃ o Natural Sausage Casing ᠭᠡᠰᠡᠨ ᠨᠡᠷ᠎ᠡ ᠲᠣᠮᠢᠶ᠎ᠠ ᠨᠢ ᠬᠡᠷᠡᠭᠯᠡᠭᠴᠢ ᠶᠢᠨ ᠬᠤᠳᠠᠯᠳᠤᠨ ᠠᠪᠬᠤ ᠰᠢᠢᠳᠪᠦᠷᠢ ᠲᠦ ᠨᠦᠯᠦᠭᠡᠯᠡᠬᠦ ᠬᠠᠮᠤᠭ ᠤᠨ ᠬᠦᠴᠦᠲᠡᠢ ᠦᠭᠡᠰ ᠦᠨ ᠨᠢᠭᠡ ᠬᠡᠪ ᠢᠶᠡᠷ ᠪᠠᠶᠢᠭᠰᠠᠭᠠᠷ ᠪᠠᠶᠢᠬᠤ ᠪᠣᠯᠤᠨ᠎ᠠ᠃ o ᠬᠢᠮ᠎ᠠ ᠦᠢᠯᠡᠳᠪᠦᠷᠢᠯᠡᠭᠴᠢᠳ ᠦᠨ ᠬᠤᠪᠢ ᠳᠤ ᠳᠡᠭᠡᠷᠡᠬᠢ ᠰᠢᠨᠵᠢ ᠴᠢᠨᠠᠷ ᠤᠳ ᠨᠢ ᠠᠮᠲᠠ ᠴᠢᠨᠠᠷ ᠤᠨ ᠬᠤᠪᠢ ᠳᠤ ᠨᠢᠭᠡᠨ ᠵᠢᠭᠳᠡ ᠰᠠᠶᠢᠨ ᠴᠢᠨᠠᠷ ᠤᠨ ᠪᠦᠲᠦᠭᠡᠭᠳᠡᠬᠦᠨ ᠬᠢᠬᠦ ᠳᠦ ᠬᠡᠷᠡᠭᠲᠡᠢ᠃ o ᠬᠤᠳᠠᠯᠳᠤᠨ ᠠᠪᠤᠭᠴᠢᠳ ᠤᠨ ᠬᠤᠪᠢ ᠳᠤ ᠮᠠᠯ ᠤᠨ ᠥᠯᠥᠨ ᠦᠨ ᠧᠨ᠍ᠳᠣᠲᠾᠧᠷᠮ ᠴᠢᠨᠠᠷ ᠨᠢ ᠬᠢᠮᠠᠨ ᠠᠴᠠ ᠬᠠᠯᠠᠭᠤᠨ ᠢ ᠲᠠᠲᠠᠨ ᠠᠪᠴᠤ ᠣᠷᠴᠢᠨ ᠤ ᠲᠧᠮᠫᠧᠷᠠᠲ᠋ᠦ᠋ᠷ ᠠᠴᠠ ᠳᠣᠣᠭᠤᠷ ᠪᠣᠯᠲᠠᠯ᠎ᠠ ᠬᠥᠷᠥᠭᠡᠨ ᠬᠠᠳᠠᠭᠠᠯᠠᠯᠲᠠ ᠶᠢᠨ ᠨᠥᠬᠥᠴᠡᠯ ᠢ ᠰᠠᠶᠢᠵᠢᠷᠠᠭᠤᠯᠵᠤ᠂ ᠰᠢᠭᠦᠰᠦᠯᠢᠭ᠂ ᠰᠢᠨᠡᠬᠡᠨ ᠪᠠᠶᠢᠳᠠᠯ ᠢᠶᠠᠨ ᠬᠠᠳᠠᠭᠠᠯᠠᠬᠤ ᠳᠤ ᠲᠠᠭᠠ ᠲᠠᠢ ᠨᠥᠬᠥᠴᠡᠯ ᠦᠵᠡᠭᠦᠯᠦᠨ᠎ᠡ᠃ o ᠬᠡᠷᠡᠭᠯᠡᠭᠴᠢᠳ ᠦᠨ ᠬᠤᠪᠢ ᠳᠤ ᠨᠢᠭᠡᠨᠲᠡ ᠬᠠᠯᠢᠰᠤ ᠲᠠᠢ ᠨᠢ ᠢᠳᠡᠳᠡᠭ ᠲᠤᠯᠠ ᠰᠢᠭᠦᠷᠡᠯ ᠦᠨ ᠴᠢᠨᠠᠷ ᠨᠢ ᠬᠠᠭᠠᠷᠢᠭᠤᠯ ᠤᠨ ᠲᠠᠪᠠᠭ ᠳᠡᠭᠡᠷ᠎ᠡ ᠱᠠᠷᠠᠬᠤ ᠦᠶᠡᠰ ᠲᠦ ᠬᠢᠮᠠᠨ ᠤ ᠭᠠᠳᠠᠨ᠎ᠠ᠂ ᠳᠣᠲᠣᠨ᠎ᠠ ᠲᠠᠯ᠎ᠠ ᠳᠤ ᠰᠠᠶᠢᠬᠠᠨ ᠠᠮᠲᠠ᠂ ᠦᠨᠦᠷ ᠨᠡᠮᠡᠳᠡᠭ ᠃ ᠵᠤᠤᠬ᠎ᠠ᠂ ᠵᠠᠳᠠᠭᠠᠢ ᠭᠠᠯ ᠤᠨ ᠠᠯᠢᠨ ᠳᠡᠭᠡᠷ᠎ᠡ ᠴᠤ ᠰᠢᠷᠠᠭᠰᠠᠨ ᠢᠳᠡᠬᠦ ᠳᠤᠷ᠎ᠠ ᠶᠢ ᠨᠡᠮᠡᠭᠳᠡᠭᠦᠯᠦᠨ ᠬᠢᠮᠠᠨ ᠤ ᠰᠠᠶᠢᠬᠠᠨ ᠦᠨᠦᠷ ᠢ ᠮᠡᠳᠡᠷᠡᠭᠦᠯᠳᠡᠭ ᠶᠤᠮ᠃

ᠮᠠᠯ ᠤᠨ ᠥᠯᠥᠨ ᠦᠨ ᠪᠤᠰᠤᠳ ᠰᠢᠨᠵᠢ ᠴᠢᠨᠠᠷ:

o ᠰᠠᠶᠢᠨ ᠰᠤᠨᠳᠠᠭ ᠴᠢᠨᠠᠷ ᠨᠢ ᠪᠦᠲᠦᠭᠡᠭᠳᠡᠬᠦᠨ ᠦ ᠭᠠᠷᠤᠯᠲᠠ ᠶᠢ ᠬᠠᠮᠤᠭ ᠤᠨ ᠳᠡᠭᠡᠳᠦ ᠬᠡᠮᠵᠢᠶᠡᠨ ᠳᠦ ᠬᠦᠷᠭᠡᠨ᠎ᠡ᠃ o ᠮᠠᠯ ᠤᠨ ᠥᠯᠦᠨ ᠳᠦ ᠬᠢᠭᠰᠡᠨ ᠬᠢᠮ᠎ᠠ ᠨᠢ ᠰᠠᠶᠢᠲᠤᠷ ᠳᠦᠭᠦᠷᠭᠡᠭᠳᠡᠭᠰᠡᠨ ᠪᠠᠶᠢᠳᠠᠯ ᠲᠠᠢ ᠪᠠᠶᠢᠳᠠᠭ᠃ o ᠮᠠᠯ ᠤᠨ ᠥᠯᠥᠨ ᠪᠦᠬᠦᠢ ᠬᠢᠮᠠᠨ ᠤ ᠵᠠᠯᠭᠠᠭ᠎ᠠ ᠦᠵᠦᠭᠦᠷ ᠦᠳ ᠰᠠᠶᠢᠬᠠᠨ᠂ ᠦᠵᠡᠮᠵᠢ ᠲᠡᠢ ᠬᠠᠷᠠᠭᠳᠠᠳᠠᠭ᠃ o ᠪᠦᠲᠦᠭᠡᠭᠳᠡᠬᠦᠨ ᠦ ᠶᠠᠩᠵᠤ ᠪᠦᠷᠢ ᠶᠢᠨ ᠬᠡᠯᠪᠡᠷᠢ ᠳᠦᠷᠰᠦ ᠨᠢ ᠬᠢᠮ᠎ᠠ ᠢᠳᠡᠬᠦ ᠳᠤᠷ᠎ᠠ ᠬᠦᠷᠭᠡᠳᠡᠭ ᠪᠥᠭᠡᠳ ᠬᠠᠷᠠᠭᠳᠠᠬᠤ ᠦᠵᠡᠮᠵᠢ ᠶᠢ ᠮᠠᠰᠢ ᠰᠠᠶᠢᠬᠠᠨ ᠪᠣᠯᠭᠠᠳᠠᠭ᠃